ᠵ᠊᠂ ᠮᠦᠩᠬᠡᠨᠷᠳᠡᠨᠢ - ᠮᠤᠩᠭᠤᠯ ᠬᠡᠯᠡ
ᠨᠡᠶᠢᠲᠡᠯᠡᠭᠰᠡᠨ ᠴᠠᠭ᠄
2019/12/5
                 ᠮᠤᠩᠭᠤᠯ ᠬᠡᠯᠡ                      ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤ                             ᠵ᠊᠂ ᠮᠦᠩᠬᠡᠨᠷᠳᠡᠨᠢ ᠮᠢᠨᠤ ᠬᠠᠨᠢ ᠶᠢᠨ ᠨᠠᠳᠠᠳᠤ ᠪᠦᠪᠠᠢ ᠠᠶᠠᠯᠤᠬᠰᠠᠨ ᠬᠡᠯᠡ ᠮᠢᠨᠤ ᠬᠠᠨᠢ ᠶᠢᠨ ᠦᠷ᠎ᠡ ᠳᠡᠭᠡᠨ ᠪᠦᠪᠠᠢ ᠠᠶᠠᠯᠤᠳᠠᠭ ᠬᠡᠯᠡ ᠮᠢᠨᠤ ᠰᠤᠨᠤᠰᠤᠨ ᠨᠢᠯᠬᠠᠷᠠᠳᠠᠭ ᠬᠡᠯᠡ ᠡ ᠠᠪᠤ ᠶᠢᠨ ᠮᠢᠨᠢ ᠨᠠᠳᠠᠳᠤ ᠤᠬᠠᠭᠠᠨ ᠵᠢᠭᠠᠬᠰᠠᠨ ᠬᠡᠯᠡ ᠠᠮᠠᠷᠠᠭ ᠤᠨ ᠮᠢᠨᠢ ᠬᠦᠦ ᠳᠡᠭᠡᠨ ᠤᠷᠮ᠎ᠠ ᠬᠠᠶᠢᠷᠠᠯᠠᠳᠠᠭ ᠬᠡᠯᠡ ᠠ ᠶᠠ᠂ ᠮᠢᠨᠤ ᠰᠤᠨᠤᠰᠤᠨ ᠲᠤᠮᠤᠭᠠᠵᠢᠳᠠᠭ ᠬᠡᠯᠡ ᠡ ᠰᠤᠮᠤ ᠶᠢᠨ ᠪᠠᠭᠰᠢ ᠶᠢᠨ ᠨᠠᠳᠠᠳᠤ ᠨᠤᠮ ᠰᠤᠷᠭᠠᠬᠰᠠᠨ ᠬᠡᠯᠡ ᠰᠤᠤᠲᠤ ᠬᠡᠷᠭᠡᠢ ᠶᠢᠨ ᠮᠢᠨᠢ ᠦᠬᠢᠨ ᠳᠠᠭᠠᠨ ᠰᠤᠷᠭᠠᠯ ᠶᠠᠷᠢᠳᠠᠭ ᠬᠡᠯᠡ ᠰᠤᠨᠤᠰᠤᠨ ᠮᠢᠨᠤ ᠬᠦᠮᠦᠨ ᠪᠤᠯᠳᠠᠭ ᠬᠡᠯᠡ ᠡ ᠡᠭᠡᠯ ᠤᠯᠠᠨ ᠳᠠᠭᠠᠨ ᠮᠢᠨᠤ ᠰᠡᠳᠬᠢᠯ ᠢᠶᠠᠨ ᠵᠤᠷᠢᠭᠤᠯᠳᠠᠭ ᠬᠡᠯᠡ ᠡᠩᠬᠦᠷᠠᠢ ᠴᠢᠮᠠᠳᠠᠭᠠᠨ ᠮᠢᠨᠤ ᠬᠠᠶᠢᠷ᠎ᠠ ᠪᠠᠨ ᠰᠢᠪᠡᠨᠡᠳᠡᠭ ᠬᠡᠯᠡ ᠡᠬᠡ ᠤᠷᠤᠨ ᠳᠠᠭᠠᠨ ᠮᠢᠨᠤ ᠲᠠᠩᠭᠠᠷᠢᠭ ᠢᠶᠠᠨ ᠡᠷᠭᠦᠳᠡᠭ ᠬᠡᠯᠡ ᠡ ᠡᠴᠢᠭᠡ ᠡᠪᠦᠭᠡᠳ ᠠᠴᠠ ᠨᠠᠳᠠᠲᠤ ᠦᠪᠯᠡᠭᠦᠯᠦᠭᠰᠡᠨ ᠡᠷᠳᠡᠨᠢ ᠶᠢᠨ ᠬᠡᠯᠡ ᠡᠷᠬᠢᠭᠡᠳ ᠨᠠᠳᠠ ᠠᠴᠠ ᠦᠷ᠎ᠡ ᠳᠤ ᠮᠢᠨᠢ ᠦᠯᠡᠳᠡᠬᠦ ᠠᠮᠢᠨ ᠬᠡᠯᠡ ᠡᠷᠬᠡ ᠦᠬᠡᠢ ᠮᠢᠨᠤ ᠦᠬᠦᠳᠡᠯ᠎ᠡ ᠪᠠᠨ ᠶᠠᠷᠢᠬᠤ ᠮᠤᠩᠭᠤᠯ ᠬᠡᠯᠡ ᠡ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号