ᠬᠠᠳᠠᠬᠢᠨ᠂ ᠴᠤᠭᠰᠦ᠋ᠯᠲᠠ -  ᠠᠮᠢᠨ ᠬᠡᠯᠡ
ᠨᠡᠶᠢᠲᠡᠯᠡᠭᠰᠡᠨ ᠴᠠᠭ᠄
2019/12/5
            ᠠᠮᠢᠨ ᠬᠡᠯᠡ                 ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠪᠡᠭᠡᠲᠦ ᠴᠠᠭᠠᠨ ᠬᠤᠰᠢᠭᠤ                        ᠬᠠᠳᠠᠬᠢᠨ᠂ ᠴᠤᠭᠰᠦ᠋ᠯᠲᠠ ᠶᠢᠷᠲᠢᠨᠴᠤ ᠶᠢᠨ ᠤᠯᠠᠨ ᠬᠡᠯᠡᠲᠡᠨ ᠤ ᠳᠤᠮᠳᠠ ᠠᠴᠠ ᠢᠵᠢᠯ ᠦᠬᠡᠢ ᠭᠠᠭᠴᠠ ᠪᠤᠰᠤᠭ᠎ᠠ ᠬᠡᠯᠡ ᠮᠢᠨᠢ ᠢᠷᠡᠵᠤ ᠪᠤᠴᠠᠬᠤ ᠴᠠᠭ ᠤᠨ ᠰᠠᠭᠠᠯᠲᠠ ᠳᠤ ᠢᠷ ᠨᠢ ᠮᠤᠬᠤᠰᠢ ᠦᠬᠡᠢ ᠲᠤᠷᠭᠠᠨ ᠬᠡᠯᠡ ᠮᠢᠨᠢ         ᠠᠢ ᠬᠦ᠋᠂ ᠵᠧ ᠬᠦ᠋         ᠪᠤᠮᠠᠨ ᠦᠶ᠎ᠡ ᠠᠴᠠ ᠤᠯᠠᠮᠵᠢᠯᠠᠵᠤ ᠢᠷᠡᠭᠰᠡᠨ         ᠪᠤᠭᠤᠷᠤᠯ ᠲᠡᠤᠬᠡ ᠲᠠᠢ ᠲᠠᠷᠬᠠᠨ ᠬᠡᠯᠡ ᠮᠢᠨᠤ ᠵᠠᠭᠤᠨ ᠵᠠᠭᠤᠨ ᠬᠡᠯᠡᠲᠡᠨ ᠤ ᠳᠤᠮᠳᠠ ᠠᠴᠠ ᠵᠤᠯᠪᠤᠭ᠎ᠠ ᠬᠡᠶᠢᠮᠤᠷᠢ ᠲᠠᠢ ᠪᠠᠳᠠᠷᠠᠬᠰᠠᠨ ᠬᠡᠯᠡ ᠵᠤᠷᠢᠯᠭ᠎ᠠ ᠨᠢᠭᠡᠲᠠᠢ ᠮᠤᠩᠭᠤᠯ ᠲᠦᠮᠡᠨ ᠤ ᠵᠢᠯᠤᠭᠤ ᠨᠢ ᠪᠤᠯᠤᠬᠰᠠᠨ ᠵᠠᠮᠴᠢ ᠬᠡᠯᠡ ᠮᠢᠨᠢ          ᠠᠢ ᠬᠦ᠋᠂ ᠵᠧ ᠬᠦ᠋          ᠰᠦᠷᠯᠢᠭ ᠳᠡᠭᠡᠲᠤ ᠠᠴᠠ ᠤᠯᠠᠮᠵᠢᠯᠠᠵᠤ ᠢᠷᠡᠭᠰᠡᠨ          ᠰᠦᠰᠦᠭ ᠤᠨ ᠳᠡᠭᠡᠲᠤ ᠲᠠᠢ ᠪᠤᠷᠬᠠᠨ ᠬᠡᠯᠡ ᠮᠢᠨᠤ ᠡᠪᠦᠭᠡ ᠶᠢᠨ ᠡᠪᠦᠭᠡ ᠠᠴᠠ ᠪᠢᠲᠡᠨ ᠳᠤ ᠨᠠᠶᠢᠲᠠᠬᠰᠠᠨ ᠦᠨᠡᠲᠤ ᠬᠤᠪᠤᠷ ᠨᠠᠨᠳᠢᠨ ᠬᠡᠯᠡ ᠦᠶ᠎ᠡ ᠶᠢᠨ ᠦᠶ᠎ᠡ ᠳᠡᠭᠡᠨ ᠠᠮᠢᠨᠴᠢᠯᠠᠨ ᠰᠢᠲᠤᠬᠦ ᠦᠷᠦ ᠶᠢᠨ ᠭᠠᠭᠴᠠᠬᠠᠨ ᠡᠩᠬᠦᠷᠠᠢ ᠬᠡᠯᠡ          ᠠᠢ ᠬᠦ᠋᠂ ᠵᠧ ᠬᠦ᠋          ᠤᠳᠤᠮ ᠤᠨ ᠤᠳᠤᠮ ᠳᠤ ᠮᠦᠩᠬᠡᠲᠡ ᠦᠯᠡᠳᠡᠬᠦ          ᠤᠷᠴᠢᠯᠠᠩ ᠲᠠᠢ ᠰᠠᠴᠠᠭᠤ ᠲᠡᠭᠷᠢᠯᠢᠭ ᠬᠡᠯᠡ ᠮᠢᠨᠤ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号