ᠳᠤᠭᠤᠴᠤᠭ ᠨᠠ᠊ · ᠮᠠᠨᠳᠤᠯ᠎ᠠ - ᠮᠢᠨᠦ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
ᠮᠢᠨᠦ ᠮᠤᠩᠭᠤᠯ ᠬᠡᠯᠡ                        ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤ                                                      ᠳᠤᠭᠤᠴᠤᠭ ᠨᠠ᠊ · ᠮᠠᠨᠳᠤᠯ᠎ᠠ ᠡᠵᠢ ᠶᠢᠨ ᠤᠭᠤᠷᠠᠭ ᠰᠦᠨ ᠠᠴᠠ ᠡᠭᠡᠰᠢᠭᠯᠡᠨ ᠤᠷᠤᠰᠴᠦ ᠢᠷᠡᠭᠰᠡᠨ ᠡᠯᠢᠭᠡᠨ ᠬᠠᠶᠢᠷ᠎ᠠ ᠶᠢᠨ ᠮᠢᠨᠢ ᠤᠩᠭᠤᠨ ᠠᠪᠢᠶ᠎ᠠ — ᠮᠢᠨᠦ ᠮᠤᠩᠭᠤᠯ ᠬᠡᠯᠡ ᠠᠪᠤ ᠶᠢᠨ ᠬᠠᠳᠠᠨ ᠴᠢᠨᠠᠷ ᠠᠴᠠ ᠬᠦᠭᠯᠡᠨ ᠤᠶᠠᠩᠭᠠᠷᠠᠵᠦ ᠴᠤᠤᠷᠢᠶᠠᠳᠤᠭᠰᠠᠨ ᠠᠮᠢᠨ ᠰᠠᠬᠢᠶ᠎ᠠ ᠶᠢᠨ ᠮᠢᠨᠢ ᠳᠠᠷᠬᠠᠨ ᠠᠶᠠᠯᠭᠤ — ᠮᠢᠨᠦ ᠮᠤᠩᠭᠤᠯ ᠬᠡᠯᠡ ᠠᠭᠤᠤ ᠮᠤᠩᠭᠤᠯ ᠤᠨ ᠮᠢᠨᠢ ᠰᠤᠷ ᠪᠤᠯᠤᠭᠰᠠᠨ ᠮᠤᠩᠭᠤᠯ ᠬᠡᠯᠡ ᠮᠢᠨᠤ ᠠᠷᠢᠭᠤᠨ ᠰᠤᠶᠤᠯ ᠤᠨ ᠮᠢᠨᠢ ᠢᠷ ᠪᠤᠯᠤᠭᠰᠠᠨ ᠮᠤᠩᠭᠤᠯ ᠬᠡᠯᠡ ᠮᠢᠨᠦ ᠦᠯᠦᠭᠡᠢ ᠶᠢᠨ ᠵᠦᠭᠡᠯᠡᠨ ᠰᠠᠵᠢᠯᠠᠭ᠎ᠠ ᠠᠴᠠ ᠦᠮᠴᠢᠷᠭᠡᠨ ᠰᠤᠨᠤᠷᠳᠠᠵᠦ ᠢᠷᠡᠭᠰᠡᠨ ᠦᠯᠡᠮᠵᠢ ᠢᠪᠡᠭᠡᠯ ᠤᠨ ᠮᠢᠨᠢ ᠤᠶᠠᠩᠭᠠᠨ ᠨᠣᠲ — ᠮᠢᠨᠦ ᠮᠤᠩᠭᠤᠯ ᠬᠡᠯᠡ ᠪᠦᠪᠡᠢ ᠶᠢᠨ ᠣᠶᠠᠷᠠᠭᠤᠨ ᠳᠠᠭᠤᠤ ᠠᠴᠠ ᠦᠨᠡᠭᠡᠴᠢᠯᠡᠨ ᠵᠡᠬᠦᠳᠦᠯᠡᠵᠦ ᠬᠤᠨᠤᠭᠰᠢᠭᠰᠠᠨ ᠪᠦᠳᠦᠨ ᠵᠠᠶᠠᠭᠠᠨ ᠤ ᠮᠢᠨᠢ ᠡᠭᠡᠰᠢᠭ ᠳᠠᠭᠤᠨ — ᠮᠢᠨᠦ ᠮᠤᠩᠭᠤᠯ ᠬᠡᠯᠡ ᠠᠭᠤᠤ ᠮᠤᠩᠭᠤᠯ ᠤᠨ ᠮᠢᠨᠢ ᠰᠤᠷ ᠪᠤᠯᠤᠭᠰᠠᠨ ᠮᠤᠩᠭᠤᠯ ᠬᠡᠯᠡ ᠮᠢᠨᠤ ᠠᠷᠢᠭᠤᠨ ᠰᠤᠶᠤᠯ ᠤᠨ ᠮᠢᠨᠢ ᠢᠷ ᠪᠤᠯᠤᠭᠰᠠᠨ ᠮᠤᠩᠭᠤᠯ ᠬᠡᠯᠡ ᠮᠢᠨᠦ ᠡᠪᠦᠭᠡᠳ ᠤᠨ ᠪᠤᠭᠤᠷᠤᠯ ᠳᠡᠤᠭᠡᠨ ᠠᠴᠠ ᠤᠯᠪᠠᠭᠠᠯᠠᠨ ᠦᠪᠯᠡᠵᠦ ᠢᠷᠡᠭᠰᠡᠨ ᠦᠨᠢᠷ ᠮᠤᠩᠭᠤᠯ ᠤᠨ ᠮᠢᠨᠢ ᠮᠦᠩᠭᠡ ᠰᠢᠳᠦᠭᠡᠨ — ᠮᠢᠨᠦ ᠮᠤᠩᠭᠤᠯ ᠬᠡᠯᠡ ᠨᠣᠲᠤᠭ ᠤᠨ ᠰᠡᠪᠡᠯᠵᠡᠭᠦᠷ ᠰᠠᠯᠬᠢᠨ ᠠᠴᠠ ᠤᠭᠠᠯᠵᠠᠯᠠᠨ ᠬᠦᠭᠡᠮᠡᠶᠢᠯᠡᠵᠦ ᠳᠦᠷᠢᠭᠰᠡᠨ ᠨᠠᠨᠳᠢᠨ ᠰᠤᠶᠤᠯ ᠤᠨ ᠮᠢᠨᠢ ᠳᠠᠭᠰᠢᠨ ᠭᠤᠯᠤᠮᠳᠠ — ᠮᠢᠨᠦ ᠮᠤᠩᠭᠤᠯ ᠬᠡᠯᠡ ᠠᠭᠤᠤ ᠮᠤᠩᠭᠤᠯ ᠤᠨ ᠮᠢᠨᠢ ᠰᠤᠷ ᠪᠤᠯᠤᠭᠰᠠᠨ ᠮᠤᠩᠭᠤᠯ ᠬᠡᠯᠡ ᠮᠢᠨᠤ ᠠᠷᠢᠭᠤᠨ ᠰᠤᠶᠤᠯ ᠤᠨ ᠮᠢᠨᠢ ᠢᠷ ᠪᠤᠯᠤᠭᠰᠠᠨ ᠮᠤᠩᠭᠤᠯ ᠬᠡᠯᠡ ᠮᠢᠨᠦ                                  
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号