ᠭᠠᠯᠳᠠᠳ᠂ ᠭᠤᠷᠪᠠ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
 ᠮᠢᠨᠤ ᠮᠤᠩᠭᠤᠯ ᠬᠡᠯᠡ                                 ᠤᠷᠲᠤᠰ ᠬᠤᠲᠠ ᠵᠢᠨ‌ᠡᠵᠡᠨ ᠬᠤᠷᠤᠭ᠎ᠠ ᠬᠤᠰᠢᠭᠤ                                                             ᠭᠠᠯᠳᠠᠳ᠂ ᠭᠤᠷᠪᠠ ᠨᠡᠭᠦᠲᠡᠯ ᠤᠭᠰᠠᠭᠠᠨ ᠤ ᠲᠡᠤᠬᠡ ᠴᠠᠳᠢᠭᠯᠠᠭᠰᠠᠨ ᠨᠡᠮᠡᠭᠦᠨ ᠰᠦᠨᠢ ᠶᠢᠨ ᠤᠲᠤᠳ ᠤᠨ ᠬᠢᠯᠪᠠᠭ᠎ᠠ ᠨᠡᠯᠦᠭᠡᠷ ᠲᠠᠯ᠎ᠠ ᠶᠢᠨ ᠲᠠᠩᠨᠠᠢ ᠲᠡᠯᠡᠰᠭᠦ ᠨᠡᠷᠡᠯᠭᠡᠭ ᠮᠤᠩᠭᠤᠯ ᠤᠨ ᠮᠢᠨᠢ ᠦᠪ ᠰᠤᠶᠤᠯ         ᠲᠡᠭᠷᠢ ᠭᠠᠵᠠᠷ ᠲᠤ ᠪᠠᠨ ᠪᠤᠰᠤᠭ᠎ᠠ ᠴᠢᠯᠠᠭᠤᠵᠢᠭᠰᠠᠨ         ᠲᠡᠷᠯᠢᠭ ᠤᠨ ᠦᠨᠦᠷ ᠲᠠᠢ ᠮᠤᠩᠭᠤᠯ ᠬᠡᠯᠡ         ᠲᠡᠯᠡᠭᠡᠢ ᠶᠢᠨ ᠨᠢᠷᠤᠭᠤᠳ ᠢ ᠬᠦᠨᠲᠡᠯᠡᠨ ᠰᠤᠨᠲᠠᠯᠠᠭᠰᠠᠨ         ᠲᠡᠪᠡᠷᠡᠨ ᠴᠠᠯᠬᠢᠬᠤ ᠬᠦᠴᠦᠨ ᠮᠢᠨᠦ ᠮᠤᠩᠭᠤᠯ ᠬᠡᠯᠡ ᠤᠴᠤᠭ ᠤᠨ ᠭᠤᠷᠪᠠᠨ ᠴᠢᠯᠠᠭᠤᠨ ᠠᠴᠠ ᠤᠴᠢᠯᠠᠵᠤ ᠪᠠᠲᠠᠷᠠᠭᠰᠠᠨ ᠮᠦᠡᠭᠭᠡ ᠭᠠᠯ ᠤᠰᠬᠠᠯ ᠲᠤᠩᠭᠠᠯᠠᠭ ᠮᠦᠷᠡᠨ ᠳᠤ ᠪᠤᠵᠢᠬᠢᠨᠠᠬᠤ ᠤᠬᠠᠭ᠎ᠠ ᠪᠠᠷ ᠪᠤᠴᠠᠯᠤᠭᠰᠠᠨ ᠮᠤᠩ ᠭᠤᠤᠯ         ᠠᠷᠢᠭᠤᠨ ᠴᠠᠭᠠᠨ ᠰᠦᠨ ᠤ ᠲᠡᠭᠡᠵᠢ ᠪᠠᠷ         ᠠᠮᠢᠯᠠᠵᠤ ᠪᠦᠲᠦᠭᠰᠡᠨ ᠮᠢᠨᠦ ᠮᠤᠩᠭᠤᠯ ᠬᠡᠯᠡ         ᠠᠷᠭᠠᠯ ᠤᠨ ᠭᠠᠯ ᠤᠨ ᠤᠯᠠᠭᠠᠨ ᠴᠤᠭ ᠠᠴᠠ         ᠠᠯᠲᠠᠨ ᠲᠡᠯᠡᠭᠡᠢ ᠶᠢ ᠬᠡᠶᠢᠭᠦᠯᠦᠭᠰᠡᠨ ᠮᠢᠨᠦ ᠮᠤᠩᠭᠤᠯ ᠬᠡᠯᠡ ᠠᠲᠠᠭᠠᠲᠠᠨ ᠲᠠᠶᠢᠰᠤᠨ ᠢᠶᠠᠨ ᠵᠦᠭᠯᠡᠵᠤ ᠮᠤᠷᠲᠠᠭᠰᠠᠨ ᠠᠭᠲᠠ ᠬᠦᠯᠦᠭ ᠤᠳ ᠮᠢᠨᠢ ᠴᠠᠭᠢᠯᠤᠭᠰᠠᠨ ᠲᠦᠪᠡᠷᠭᠡᠨ ᠠᠶᠠᠨ ᠵᠢᠩ ᠤᠨ ᠲᠡᠮᠡᠬᠡᠳ ᠠᠴᠠ ᠰᠤᠨᠵᠢᠷᠠᠬᠤ ᠠᠶᠠᠯᠭᠤ ᠢᠷᠠᠭᠤᠬᠠᠨ ᠮᠦᠡᠭᠭᠦᠨ ᠲᠤᠨᠢᠶ᠎ᠠ         ᠬᠤᠷᠸ᠎ᠠ ᠶᠢᠨ ᠦᠷᠦᠴᠡᠨ ᠳᠤ ᠨᠢᠵᠢᠬᠢᠨᠡᠨ ᠪᠠᠭᠤᠬᠤ         ᠬᠤᠲᠤᠭ ᠪᠤᠶᠠᠨ ᠢᠪᠡᠭᠡᠭᠰᠡᠨ ᠮᠢᠨᠦ ᠮᠤᠩᠭᠤᠯ ᠬᠡᠯᠡ         ᠬᠤᠪᠴᠢ ᠬᠤᠲᠠᠯ ᠢ ᠮᠡᠰᠡᠯᠡᠨ ᠵᠠᠯᠬᠠᠭᠠᠬᠤ         ᠬᠤᠷᠴᠠ ᠢᠷᠲᠤ ᠢᠯᠲᠦ ᠮᠢᠨᠦ ᠮᠤᠩᠭᠤᠯ ᠬᠡᠯᠡ ᠠᠭᠤᠯᠠ ᠬᠠᠶᠢᠷᠬᠠᠳ ᠤᠨ ᠬᠦᠨ ᠠᠴᠠ ᠠᠶᠠᠯᠤᠨ ᠲᠠᠭᠤᠷᠢᠰᠬᠤ ᠤᠷᠲᠤ ᠶᠢᠨ ᠲᠠᠭᠤᠨ ᠠᠯᠤᠰ ᠠᠴᠠ ᠰᠢᠷᠭᠠᠯᠲᠤᠨ ᠮᠠᠨᠲᠤᠬᠤ ᠠᠯᠲᠠᠨ ᠨᠠᠷᠠᠨ ᠤ ᠡᠬᠡᠯᠢᠲᠤ ᠰᠠᠴᠤᠷᠠᠭ         ᠵᠤᠲᠤᠭ ᠤᠨ ᠡᠷᠴᠢᠨ ᠳᠡᠭᠡᠨ ᠴᠢᠩᠭᠠᠷᠠᠳᠠᠭ         ᠵᠤᠷᠢᠮᠠᠭ ᠡᠷᠡᠰ ᠤᠨ ᠰᠢᠪᠡᠨᠡᠭᠡ ᠮᠢᠨᠦ ᠮᠤᠩᠭᠤᠯ ᠬᠡᠯᠡ         ᠵᠤᠷᠢᠭᠰᠠᠨ ᠬᠦᠰᠡᠯ ᠢ ᠲᠡᠷᠭᠡᠯᠰᠢᠬᠦᠯᠬᠦ         ᠵᠤᠯᠪᠤᠭᠠᠲᠤ ᠬᠡᠶᠢᠮᠤᠷᠢ ᠮᠢᠨᠦ ᠮᠤᠩᠭᠤᠯ ᠬᠡᠯᠡ                              
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号