ᠬᠠᠨ ᠰᠡᠳᠭᠢᠬᠦᠢ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
      ᠮᠢᠨᠤ ᠮᠤᠩᠭᠤᠯ ᠬᠡᠯᠡ                     ᠤᠯᠠᠭᠠᠠᠬᠠᠳᠠ ᠬᠤᠲᠠ ᠶᠢᠨ ᠠᠷᠤ ᠬᠤᠷᠴᠢᠨ ᠬᠤᠰᠢᠭᠤ                              ᠬᠠᠨ ᠰᠡᠳᠭᠢᠬᠦᠢ ᠨᠠᠷᠠ ᠡᠷᠭᠢᠬᠦᠯᠵᠦ ᠲᠠᠲᠠᠯᠠᠭᠰᠠᠨ ᠢᠷᠠᠭᠤ ᠬᠡᠯᠡ ᠰᠠᠷᠠ ᠤᠷᠭᠠᠯᠠᠵᠤ ᠵᠢᠷᠪᠢᠯᠵᠡᠭᠰᠡᠨ ᠲᠤᠳᠤ ᠬᠡᠯᠡ ᠤᠳᠤᠳ ᠱᠤᠬᠤᠭᠤᠷᠬᠠᠵᠤ ᠨᠤᠲᠤᠭᠯᠠᠭᠰᠠᠨ ᠴᠢᠮᠡᠭ ᠬᠡᠯᠡ ᠤᠷᠴᠢᠯᠠᠩ ᠭᠡᠶᠢᠭᠦᠯᠵᠦ ᠲᠤᠨᠤᠷᠠᠭᠰᠠᠨ ᠮᠦᠩᠬᠡ ᠬᠡᠯᠡ       ᠮᠢᠨᠤ ᠮᠤᠩᠭᠤᠯ ᠬᠡᠯᠡ᠂ ᠠᠯᠲᠠᠨ ᠬᠡᠯᠡ       ᠮᠦᠩᠬᠡ ᠲᠡᠭᠷᠢ ᠠᠴᠠ ᠡᠰᠢᠲᠡᠢ ᠳᠠᠷᠬᠠᠨ ᠬᠡᠯᠡ ᠳᠡᠯᠡᠬᠡᠢ ᠶᠢᠨ ᠨᠢᠷᠤᠭᠤᠨ ᠳᠤ ᠵᠠᠪᠢᠯᠠᠭᠰᠠᠨ ᠰᠦᠵᠢᠭ ᠬᠡᠯᠡ ᠳᠡᠪᠡᠯ ᠲᠠᠢ ᠮᠤᠩᠭᠤᠯ ᠳᠤ ᠢᠪᠢᠯᠦᠭᠰᠡᠨ ᠰᠦᠨ ᠬᠡᠯᠡ ᠲᠤᠭᠤᠨᠤ ᠲᠤᠰᠢᠶ᠎ᠠ ᠶᠢᠷᠲᠢᠨᠴᠦ ᠶᠢᠨ ᠰᠤᠶᠤᠷᠬᠠᠯ ᠬᠡᠯᠡ ᠲᠡᠭᠷᠢ ᠭᠠᠵᠠᠷ ᠢ ᠬᠤᠯᠪᠤᠭᠰᠠᠨ ᠪᠤᠰᠤᠭ᠎ᠠ ᠬᠡᠯᠡ       ᠮᠢᠨᠤ ᠮᠤᠩᠭᠤᠯ ᠬᠡᠯᠡ᠂ ᠲᠤᠷᠭᠠᠨ ᠬᠡᠯᠡ       ᠮᠦᠩᠬᠡ ᠲᠡᠭᠷᠢ ᠠᠴᠠ ᠡᠰᠢᠲᠡᠢ ᠳᠠᠷᠬᠠᠨ ᠬᠡᠯᠡ ᠬᠠᠭᠠᠨ ᠴᠢᠩᠭᠢᠰ ᠠᠴᠠ ᠤᠯᠠᠮᠵᠢᠯᠠᠭᠰᠠᠨ ᠦᠪ ᠬᠡᠯᠡ ᠬᠠᠲᠤᠨ ᠮᠠᠨᠳᠤᠬᠠᠢ ᠶᠢᠨ ᠵᠠᠬᠢᠶᠠᠰᠤ ᠲᠠᠢ ᠴᠡᠴᠡᠨ ᠬᠡᠯᠡ ᠬᠠᠮᠤᠭ ᠮᠤᠩᠭᠤᠯ ᠤᠨ ᠰᠢᠲᠦᠭᠡᠨ ᠲᠠᠢ ᠪᠤᠷᠬᠠᠨ ᠬᠡᠯᠡ ᠬᠠᠰᠪᠤᠤ ᠡᠷᠳᠡᠨᠢ ᠲᠠᠮᠠᠭ᠎ᠠ ᠲᠠᠢ ᠴᠠᠳᠢᠭ ᠬᠡᠯᠡ       ᠮᠢᠨᠤ ᠮᠤᠩᠭᠤᠯ ᠬᠡᠯᠡ᠂ ᠲᠠᠩᠰᠤᠭ ᠬᠡᠯᠡ       ᠮᠦᠩᠬᠡ ᠲᠡᠭᠷᠢ ᠠᠴᠠ ᠡᠰᠢᠲᠡᠢ ᠳᠠᠷᠬᠠᠨ ᠬᠡᠯᠡ                        
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号