ᠮᠠᠨᠠᠭᠠᠴᠢᠨ᠂ ᠷ᠊᠂ ᠪᠠᠲᠦᠮᠦ᠋ᠩᠬᠡ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
                   ᠮᠢᠨᠤ ᠮᠤᠩᠭᠤᠯ ᠬᠡᠯᠡ                              ᠤᠷᠲᠤᠰ ᠬᠤᠲᠠ ᠶᠢᠨ ᠬᠠᠩᠭᠢᠨ ᠬᠤᠰᠢᠭᠤ                                     ᠮᠠᠨᠠᠭᠠᠴᠢᠨ᠂ ᠷ᠊᠂ ᠪᠠᠲᠦᠮᠦ᠋ᠩᠬᠡ                             ᠭᠠᠷᠠᠭ ᠤᠳᠤᠳ ᠤᠨ ᠤᠷᠴᠢᠯ ᠠᠴᠠ ᠲᠡᠬᠦᠰ ᠠᠶᠠᠯᠭᠤ ᠶᠢ ᠰᠢᠩᠬᠡᠬᠡᠵᠤ ᠭᠠᠩᠭᠠᠩ ᠪᠠᠶᠢᠭᠠᠯᠢ ᠶᠢᠨ ᠰᠤᠶᠤᠷᠬᠠᠯ ᠠᠴᠠ ᠤᠬᠢ ᠰᠢᠮ᠎ᠡ ᠶᠢ ᠰᠢᠷᠭᠠᠭᠠᠵᠤ ᠭᠠᠶᠢᠬᠠᠮᠰᠢᠭ ᠤᠨ ᠦᠨᠡᠨ ᠢᠷᠦᠬᠡᠯ ᠢᠶᠠᠷ ᠭᠠᠭᠴᠠᠬᠠᠨ ᠪᠢᠳᠠᠨ ᠳᠤ ᠵᠠᠶᠠᠭᠠᠭᠰᠠᠨ ᠭᠠᠯᠪᠠ ᠳᠤ ᠬᠤᠪᠤᠷᠬᠠᠨ ᠠᠶᠢᠵᠠᠮ ᠲᠠᠢ ᠰᠠᠶᠢᠬᠠᠨ ᠮᠤᠩᠭᠤᠯ ᠬᠡᠯᠡ ᠮᠢᠨᠢ       ᠰᠠᠶ᠎ᠠ ᠲᠦᠮᠡᠨ ᠦᠷᠡᠰ ᠤᠨ ᠶᠠᠰᠤᠨ ᠳᠤ ᠠᠭᠤᠰᠤᠭᠰᠠᠨ ᠲᠡᠵᠢᠬᠡᠯ ᠪᠢᠯᠡ       ᠰᠠᠷᠠᠭᠤᠯ ᠤᠬᠠᠭᠠᠨ ᠢ ᠡᠷᠴᠢᠯᠡᠬᠦ ᠢᠲᠡᠬᠡᠯ ᠵᠤᠷᠢᠭ ᠤᠨ ᠳᠡᠬᠡᠵᠢ ᠪᠢᠯᠡ ᠤᠬᠠᠭᠠᠨᠲᠤ ᠳᠡᠬᠡᠳᠦᠰ ᠬᠡᠬᠡᠨ ᠢᠶᠠᠷ ᠦᠬᠡᠰ ᠤᠨ ᠪᠠᠶᠠᠯᠢᠭ ᠢ ᠬᠤᠷᠢᠶᠠᠩᠭᠤᠶᠢᠯᠠᠵᠤ ᠤᠤᠭᠠᠯ ᠳᠡᠯᠡᠬᠡᠢ ᠳᠤ ᠡᠶᠡᠰᠡᠭᠰᠡᠨ ᠠᠴᠠ ᠦᠰᠦᠭ ᠦᠬᠡᠢ ᠴᠤ ᠤᠯᠠᠮᠵᠢᠯᠠᠭᠳᠠᠵᠤ ᠤᠯᠠᠨ ᠵᠠᠭᠤᠨ ᠤ ᠦᠶᠡᠯᠡᠯ ᠳᠤ ᠠᠪᠢᠶ᠎ᠠ ᠨᠢ ᠶᠡᠷᠦᠳᠡᠬᠡᠨ ᠬᠤᠪᠢᠷᠠᠭ᠎ᠠ ᠦᠬᠡᠢ ᠤᠩᠭᠤᠨ ᠴᠢᠨᠠᠷ ᠤᠨ ᠬᠠᠳᠠᠭᠠᠯᠠᠮᠵᠢ ᠲᠠᠢ ᠤᠬᠢ ᠮᠤᠩᠭᠤᠯ ᠬᠡᠯᠡ ᠮᠢᠨᠢ       ᠰᠠᠶ᠎ᠠ ᠲᠦᠮᠡᠨ ᠦᠷᠡᠰ ᠤᠨ ᠶᠠᠰᠤᠨ ᠳᠤ ᠠᠭᠤᠰᠤᠭᠰᠠᠨ ᠲᠡᠵᠢᠬᠡᠯ ᠪᠢᠯᠡ       ᠰᠠᠷᠠᠭᠤᠯ ᠤᠬᠠᠭᠠᠨ ᠢ ᠡᠷᠴᠢᠯᠡᠬᠦ ᠢᠲᠡᠬᠡᠯ ᠵᠤᠷᠢᠭ ᠤᠨ ᠳᠡᠬᠡᠵᠢ ᠪᠢᠯᠡ ᠳᠡᠯᠡᠬᠡᠢ ᠲᠦᠮᠡᠨ ᠳᠤ ᠭᠠᠶᠢᠬᠠᠭᠳᠠᠬᠤ ᠠᠴᠠ ᠦᠰᠦᠭ ᠨᠢ ᠪᠤᠰᠤᠭ᠎ᠠ ᠳᠤᠷᠠᠶᠢᠵᠤ ᠳᠠᠶᠠᠭᠠᠷ ᠦᠷᠡᠰ ᠶᠢᠨ ᠪᠦᠯᠬᠦᠮᠳᠡᠬᠦᠯᠬᠦ ᠪᠠᠷ ᠨᠢᠷᠤᠭᠤ ᠨᠢ ᠳᠠᠩᠳᠠ ᠬᠤᠯᠪᠤᠯᠳᠤᠵᠤ ᠳᠠᠶᠠᠩ ᠳᠤ ᠦᠨᠢᠳᠡ ᠦᠪᠯᠡᠭᠳᠡᠬᠦ ᠬᠡᠵᠤ ᠦᠷᠡᠰ ᠤᠨ ᠴᠢᠰᠤᠨ ᠳᠤ ᠠᠭᠤᠰᠤᠭᠰᠠᠨ ᠳᠠᠩᠳᠠ ᠬᠤᠯᠠ ᠶᠢᠨ ᠪᠤᠯᠵᠤᠭ᠎ᠠ ᠲᠠᠢ ᠳᠠᠷᠬᠠᠨ ᠮᠤᠩᠭᠤᠯ ᠬᠡᠯᠡ ᠮᠢᠨᠢ       ᠰᠠᠶ᠎ᠠ ᠲᠦᠮᠡᠨ ᠦᠷᠡᠰ ᠤᠨ ᠶᠠᠰᠤᠨ ᠳᠤ ᠠᠭᠤᠰᠤᠭᠰᠠᠨ ᠲᠡᠵᠢᠬᠡᠯ ᠪᠢᠯᠡ       ᠰᠠᠷᠠᠭᠤᠯ ᠤᠬᠠᠭᠠᠨ ᠢ ᠡᠷᠴᠢᠯᠡᠬᠦ ᠢᠲᠡᠬᠡᠯ ᠵᠤᠷᠢᠭ ᠤᠨ ᠳᠡᠬᠡᠵᠢ ᠪᠢᠯᠡ    
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号