ᠨ᠊᠂ ᠬᠠᠰᠪᠠᠲᠤ -  ᠬᠡᠯᠡ ᠮᠢᠨᠢ  ᠠᠮᠢ ᠮᠢᠨᠢ
ᠨᠡᠶᠢᠲᠡᠯᠡᠭᠰᠡᠨ ᠴᠠᠭ᠄
2019/12/5
                 ᠬᠡᠯᠡ ᠮᠢᠨᠢ  ᠠᠮᠢ ᠮᠢᠨᠢ                         ᠤᠯᠠᠭᠠᠨᠬᠠᠲᠠ ᠬᠤᠲᠠ ᠶᠢᠨ ᠠᠷᠤ ᠬᠤᠷᠴᠢᠨ ᠬᠤᠰᠢᠭᠤ                                      ᠨ᠊᠂ ᠬᠠᠰᠪᠠᠲᠤ ᠠᠷᠪᠠᠨ ᠭᠤᠷᠪᠠᠳᠤᠭᠠᠷ ᠵᠠᠭᠤᠨ ᠠᠴᠠ ᠴᠠᠬᠢᠯᠵᠤ ᠢᠷᠡᠭᠰᠡᠨ ᠭᠠᠯ ᠪᠢᠯᠠ ᠠᠭᠤᠤ ᠪᠤᠬᠳᠠ ᠴᠢᠩᠭᠢᠰ ᠤᠨ ᠮᠢᠨᠢ ᠠᠯᠲᠠᠷ ᠢᠶᠠᠨ ᠦᠯᠡᠳᠡᠭᠡᠭᠰᠡᠨ ᠲᠠᠮᠠᠭ᠎ᠠ ᠪᠢᠯᠠ ᠠᠷᠠᠨᠵᠠᠯ ᠵᠡᠭᠡᠷᠲᠡ ᠶᠢᠨ ᠨᠢᠷᠤᠭᠤᠨ ᠳᠤ ᠬᠡᠶᠢᠮᠤᠷᠢ ᠪᠤᠰᠤᠭ᠎ᠠ ᠬᠡᠯᠡ ᠮᠢᠨᠢ ᠪᠢᠯᠠ ᠠᠰᠢᠲᠠ ᠪᠢᠲᠠᠨ ᠤ ᠰᠢᠲᠤᠬᠦ ᠠᠯᠲᠠᠨ ᠬᠡᠯᠬᠢᠶ᠎ᠡ᠂ ᠴᠢᠰᠤ ᠮᠢᠨᠢ ᠪᠢᠯᠠ          ᠬᠡᠯᠡ ᠮᠢᠨᠢ ᠮᠤᠩᠭᠤᠯ᠂ ᠬᠡᠵᠢᠶᠡᠳᠡ ᠮᠤᠩᠭᠤᠯ          ᠬᠢᠯᠢ ᠮᠢᠨᠢ ᠲᠠᠷᠬᠠᠨ᠂ ᠬᠡᠵᠢᠶᠡᠳᠡ ᠲᠠᠶᠢᠪᠤᠩ          ᠦᠶ᠎ᠡ ᠶᠢᠨ ᠦᠶ᠎ᠡ ᠳᠡᠭᠡᠨ ᠦᠪᠯᠡᠨ ᠶᠠᠪᠤᠶ᠎ᠠ          ᠦᠷᠯᠦᠭ ᠬᠦᠴᠦᠨ ᠡᠬᠡ ᠬᠡᠯᠡ ᠪᠠᠨ ᠨᠠᠢᠮᠠᠨ ᠵᠠᠭᠤᠨ ᠤ ᠲᠡᠷᠳᠡᠭᠡ ᠠᠴᠠ ᠨᠠᠰᠢᠯᠠᠵᠤ ᠢᠷᠡᠭᠰᠡᠨ ᠤᠮᠤᠭ ᠪᠢᠯᠠ ᠨᠠᠷᠮᠠᠢ ᠮᠤᠩᠭᠤᠯ ᠤᠨ ᠲᠡᠤᠬᠡ ᠶᠢ ᠰᠤᠳᠤᠷᠯᠠᠵᠤ ᠦᠯᠡᠳᠡᠭᠡᠭᠰᠡᠨ ᠴᠠᠳᠢᠭ ᠪᠢᠯᠠ ᠨᠠᠷᠠᠨ ᠰᠠᠷᠠᠨ ᠤ ᠤᠷᠴᠢᠯᠲᠠ ᠪᠠᠷ ᠤᠯᠠᠷᠢᠵᠤ ᠶᠠᠪᠤᠬᠰᠠᠨ ᠲᠤᠮᠤᠭ ᠪᠢᠯᠠ ᠨᠤᠭᠤᠨ᠂ ᠦᠬᠢᠳ ᠪᠢᠲᠠᠨ ᠤ ᠳᠡᠭᠡᠲᠦᠯᠡᠵᠦ ᠦᠪᠯᠡᠬᠦ ᠵᠠᠶ᠋ᠢᠭ ᠮᠢᠨᠢ ᠪᠢᠯᠠ          ᠬᠡᠯᠡ ᠮᠢᠨᠢ ᠮᠤᠩᠭᠤᠯ᠂ ᠬᠡᠵᠢᠶᠡᠳᠡ ᠮᠤᠩᠭᠤᠯ          ᠬᠢᠯᠢ ᠮᠢᠨᠢ ᠲᠠᠷᠬᠠᠨ᠂ ᠬᠡᠵᠢᠶᠡᠳᠡ ᠲᠠᠶᠢᠪᠤᠩ          ᠦᠶ᠎ᠡ ᠶᠢᠨ ᠦᠶ᠎ᠡ ᠳᠡᠭᠡᠨ ᠦᠪᠯᠡᠨ ᠶᠠᠪᠤᠶ᠎ᠠ          ᠦᠷᠯᠦᠭ ᠬᠦᠴᠦᠨ ᠡᠬᠡ ᠬᠡᠯᠡ ᠪᠠᠨ ᠡᠾᠦ᠋ᠩᠨᠤ ᠬᠦᠷᠦᠨ ᠤ ᠦᠶ᠎ᠡ ᠠᠴᠠ ᠬᠦᠴᠦᠷᠬᠡᠭ ᠶᠠᠪᠤᠬᠰᠠᠨ ᠰᠢᠨᠲᠠᠰᠤ ᠲᠠᠢ ᠬᠦᠬᠡ ᠠᠽᠢᠶ᠎ᠠ ᠶᠢᠨ ᠴᠡᠭᠡᠵᠢᠨ ᠳᠤ ᠬᠡᠯᠡ ᠲᠠᠢ ᠪᠦᠬᠡᠳ ᠬᠦᠯ ᠲᠠᠢ ᠬᠦᠲᠦᠰᠦᠨ ᠲᠡᠪᠡᠯ ᠲᠠᠢ ᠮᠤᠩᠭᠤᠯ ᠤᠨ ᠤᠮᠤᠭ ᠢ ᠪᠠᠳᠠᠷᠠᠭᠠᠬᠰᠠᠨ ᠵᠤᠳᠤᠭ ᠬᠦᠷᠬᠦ ᠢᠷᠡᠭᠡᠲᠤᠢ ᠮᠠᠷᠭᠠᠰᠢ ᠶᠢᠨ ᠵᠤᠷᠢᠭ ᠢ ᠬᠦᠪᠴᠢᠯᠡᠭᠰᠡᠨ ᠵᠤᠳᠠᠭ          ᠬᠡᠯᠡ ᠮᠢᠨᠢ ᠮᠤᠩᠭᠤᠯ᠂ ᠬᠡᠵᠢᠶᠡᠳᠡ ᠮᠤᠩᠭᠤᠯ          ᠬᠢᠯᠢ ᠮᠢᠨᠢ ᠲᠠᠷᠬᠠᠨ᠂ ᠬᠡᠵᠢᠶᠡᠳᠡ ᠲᠠᠶᠢᠪᠤᠩ          ᠦᠶ᠎ᠡ ᠶᠢᠨ ᠦᠶ᠎ᠡ ᠳᠡᠭᠡᠨ ᠦᠪᠯᠡᠨ ᠶᠠᠪᠤᠶ᠎ᠠ          ᠦᠷᠯᠦᠭ ᠬᠦᠴᠦᠨ ᠡᠬᠡ ᠬᠡᠯᠡ ᠪᠠᠨ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号