ᠪᠤᠷᠵᠢᠬᠢᠨ ᠮᠦᠰᠦᠨ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
ᠮᠢᠨᠤ ᠮᠤᠩᠭᠤᠯ ᠬᠡᠯᠡ               ᠲᠦᠩᠯᠢᠶᠤᠤ ᠬᠤᠳᠠ ᠶᠢᠨ ᠨᠠᠢᠮᠠᠨ ᠬᠤᠰᠢᠭᠤ                    ᠪᠤᠷᠵᠢᠬᠢᠨ ᠮᠦᠰᠦᠨ     ᠪᠤᠷᠬᠠᠨ ᠬᠠᠯᠳᠤᠨ ᠠᠴᠠ ᠮᠤᠨᠢ ᠬᠦᠷᠳᠡᠯ᠎ᠡ ᠳᠡᠯᠭᠡᠷᠡᠭᠰᠡᠨ   ᠪᠢᠯᠢᠭ ᠤᠨ ᠠᠯᠳᠠᠨ ᠬᠡᠭᠡ  ᠮᠢᠨᠤ ᠮᠤᠩᠭᠤᠯ ᠬᠡᠯᠡ ᠪᠤᠯᠳᠤᠭ ᠤᠨ ᠴᠢᠯᠠᠭᠤᠨ ᠠᠴᠠ ᠰᠠᠨᠰᠠᠷ ᠲᠤᠯᠳᠠᠯ᠎ᠠ ᠤᠴᠢᠯᠠᠭᠰᠠᠨ ᠪᠤᠶᠠᠨ ᠤ ᠴᠠᠭᠠᠨ ᠬᠤᠷᠤᠢ  ᠮᠢᠨᠤ ᠮᠤᠩᠭᠤᠯ ᠬᠡᠯᠡ          ᠳᠦᠷᠦ ᠱᠠᠰᠢᠨ ᠢᠶᠠᠨ ᠲᠦᠪᠰᠢᠨ ᠵᠠᠰᠠᠭᠰᠠᠨ            ᠳᠡᠤᠬᠡᠨ ᠤᠯᠪᠠᠭ᠎ᠠ ᠮᠢᠨᠤ ᠬᠡᠯᠡ ᠮᠤᠩᠭᠤᠯ   ᠪᠤᠯᠤᠷ ᠡᠷᠳᠡᠨᠢ ᠶᠢᠨ ᠲᠠᠯᠠᠰᠳᠤ ᠪᠤᠯᠵᠤ ᠭᠢᠯᠠᠯᠵᠠᠭᠰᠠᠨ   ᠪᠠᠭ᠋ᠠᠷᠬᠠᠯᠳᠤ ᠲᠡᠤᠭᠡ ᠶᠢᠨ ᠬᠢᠯᠪᠠᠭ᠎ᠠ  ᠮᠢᠨᠤ ᠮᠤᠩᠭᠤᠯ ᠬᠡᠯᠡ ᠪᠤᠶᠠᠨᠰᠠᠭ ᠰᠠᠨᠠᠭᠠᠨ ᠤ ᠬᠦᠷᠳᠡᠭᠡᠯ ᠪᠤᠯᠵᠤ ᠳᠠᠭᠤᠷᠢᠰᠤᠭᠰᠠᠨᠨ ᠪᠤᠭᠤᠷᠤᠯ ᠳᠡᠭᠡᠳᠦᠰ ᠤᠨ ᠬᠦᠷᠦᠩᠭᠡ  ᠮᠢᠨᠤ ᠮᠤᠩᠭᠤᠯ ᠬᠡᠯᠡ          ᠲᠦᠳᠡᠭ ᠤᠨ ᠳᠡᠷᠭᠡᠳᠡ ᠦᠨᠢ ᠬᠠᠩᠭᠢᠨᠠᠭᠰᠠᠨ            ᠲᠦᠪᠰᠢᠨ ᠠᠶᠠᠯᠭᠤ ᠮᠢᠨᠤ ᠬᠡᠯᠡ ᠮᠤᠩᠭᠤᠯ         ᠪᠤᠰᠤᠭ᠎ᠠ ᠴᠤᠭᠴᠠ ᠪᠠᠷ ᠢᠶᠠᠨ ᠳᠠᠶᠠᠩ ᠳᠤ ᠠᠯᠳᠠᠷᠰᠢᠭᠰᠠᠨ ᠪᠠᠳᠠᠷᠠᠯ ᠤᠨ ᠰᠢᠯᠤᠭᠤᠨ ᠢᠳᠡᠭᠡᠯ  ᠮᠢᠨᠤ ᠮᠤᠩᠭᠤᠯ ᠬᠡᠯᠡ ᠪᠤᠯᠪᠠᠰᠤᠨ ᠤ ᠴᠢᠨᠠᠷ ᠢ ᠠᠴᠢᠶᠠᠯᠠᠭᠰᠠᠭᠠᠷ ᠲᠡᠮᠡᠤᠯᠦᠭᠰᠡᠨ   ᠪᠤᠷᠬᠠᠨ ᠤ ᠴᠠᠭᠠᠨ ᠢᠪᠡᠭᠡᠯ  ᠮᠢᠨᠤ ᠮᠤᠩᠭᠤᠯ ᠬᠡᠯᠡ        ᠲᠦᠷᠦ ᠶᠢᠨ ᠠᠯᠳᠠᠨ ᠬᠠᠭᠤᠳᠠᠰᠤ ᠶᠢ ᠰᠡᠭᠦᠭᠰᠡᠨ          ᠲᠡᠭᠷᠢᠯᠢᠭ ᠬᠦᠭᠵᠢᠮ ᠮᠢᠨᠤ ᠬᠡᠯᠡ ᠮᠤᠩᠭᠤᠯ  
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号