ᠲ᠊᠂ ᠲᠤᠭᠴᠢᠨᠬᠦᠤ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
      ᠮᠢᠨᠤ ᠮᠤᠩᠭᠤᠯ ᠬᠡᠯᠡ                         ᠲᠦᠩᠯᠢᠶᠤᠤ ᠬᠤᠲᠠ                                 ᠲ᠊᠂ ᠲᠤᠭᠴᠢᠨᠬᠦᠤ                         ᠠᠷᠪᠠᠨ ᠭᠤᠷᠪᠠᠳᠤᠭᠠᠷ ᠵᠠᠭᠤᠨ ᠤ ᠠᠭᠤᠳᠠᠮ ᠳᠡᠯᠡᠬᠡᠢ ᠶᠢᠨ ᠬᠡᠯᠡ ᠠᠰᠠᠨ ᠨᠤᠴᠤᠭᠰᠠᠨ ᠲᠡᠥᠬᠡᠨ ᠤ ᠠᠯᠲᠠᠨ ᠵᠢᠯᠤᠭᠤ ᠬᠡᠯᠡ                ︵ᠡᠬᠢᠯᠡᠯ︶ ᠴᠢᠩᠬᠢᠰ ᠪᠤᠭᠲᠠ ᠶᠢᠨ ᠰᠢᠪᠰᠢᠯ ᠲᠠᠢ ᠤᠤ ᠰᠠᠷᠠ ᠨᠠᠷᠠᠨ ᠤ ᠰᠠᠴᠤᠷᠠᠯ ᠲᠠᠢ ᠤᠤ ᠲᠠᠲᠠᠲᠤᠩᠭ᠎ᠠ ᠶᠢᠨ ᠲᠠᠲᠠᠯᠠᠭᠠᠨ ᠲᠠᠢ ᠤᠤ ᠲᠠᠪᠤᠨ ᠲᠢᠪ ᠤᠨ ᠳᠠᠭᠤᠷᠢᠰᠬᠠᠯ ᠲᠠᠢ ᠤᠤ       ᠮᠢᠨᠤ ᠮᠤᠩᠭᠤᠯ ᠬᠡᠯᠡ       ᠮᠦᠩᠭᠡ ᠲᠡᠭᠷᠢ ᠶᠢᠨ ᠬᠡᠯᠡ       ᠮᠠᠭᠲᠠᠨ ᠳᠠᠭᠤᠯᠠᠶ᠎ᠠ ᠬᠦ᠋ ᠬᠠᠨ ᠬᠡᠨᠳᠡᠢ ᠰᠢᠭ ᠪᠤᠰᠤᠭ᠎ᠠ ᠬᠡᠯᠡ ᠮᠢᠨᠤ ᠵᠧ ᠬᠠᠲᠤᠨ ᠲᠤᠤᠯᠠ ᠰᠢᠭ᠋ ᠤᠷᠤᠰᠤᠮ᠎ᠠ ᠬᠡᠯᠡ ᠮᠢᠨᠤ ᠵᠧ ᠬᠠᠮᠤᠭ ᠮᠤᠩᠭᠤᠯ ᠤᠨ ᠳᠠᠷᠬᠠᠨ ᠬᠡᠯᠡ ᠮᠢᠨᠤ ᠵᠧ ᠬᠠᠰᠪᠤᠤ ᠡᠷᠳᠡᠨᠢ ᠶᠢᠨ ᠬᠠᠭᠠᠨ ᠬᠡᠯᠡ ᠮᠢᠨᠤ ᠵᠧ ᠰᠢᠯᠤᠭᠤᠨ ᠬᠦᠬᠡ ᠶᠢᠨ ᠰᠠᠭᠤᠷᠢ ᠲᠠᠢ ᠬᠡᠯᠡ ᠡ ᠰᠤᠷᠭᠤᠭ ᠳᠡᠭᠵᠢᠨ ᠴᠡᠴᠡᠨ ᠬᠡᠯᠡ ᠡ ᠰᠦᠨᠡᠰᠦᠨ ᠤᠷᠤᠰᠢᠬᠤᠢ ᠰᠦᠯᠲᠡ ᠬᠡᠯᠡ ᠡ ᠰᠦᠨᠦᠵᠦ ᠮᠦᠬᠦᠬᠦ ᠦᠭᠡᠢ ᠪᠠᠲᠤ ᠬᠡᠯᠡ ᠡ       ᠮᠢᠨᠤ ᠮᠤᠩᠭᠤᠯ ᠬᠡᠯᠡ       ᠮᠦᠩᠭᠡ ᠲᠡᠭᠷᠢ ᠶᠢᠨ ᠬᠡᠯᠡ       ᠮᠠᠨᠳᠤᠭᠤᠯᠵᠤ ᠬᠠᠮᠠᠭᠠᠯᠠᠶ᠎ᠠ ᠬᠦ᠋ ᠠᠷᠪᠠᠨ ᠭᠤᠷᠪᠠᠳᠤᠭᠠᠷ ᠵᠠᠭᠤᠨ ᠤ ᠠᠭᠤᠳᠠᠮ ᠳᠡᠯᠡᠬᠡᠢ ᠶᠢᠨ ᠬᠡᠯᠡ ᠠᠰᠠᠨ ᠨᠤᠴᠤᠭᠰᠠᠨ ᠲᠡᠥᠬᠡᠨ ᠤ ᠠᠯᠲᠠᠨ ᠵᠢᠯᠤᠭᠤ ᠬᠡᠯᠡ                ︵ᠲᠡᠭᠦᠰᠭᠡᠯ︶                          
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号