ᠪᠠᠳᠤ - ᠡᠭᠡ ᠭᠡᠯᠡ ᠮᠢᠨᠢ
ᠨᠡᠶᠢᠲᠡᠯᠡᠭᠰᠡᠨ ᠴᠠᠭ᠄
2019/12/5
                    ᠡᠭᠡ ᠭᠡᠯᠡ ᠮᠢᠨᠢ                   ᠤᠯᠠᠭᠠᠨᠬᠠᠲᠠ ᠬᠤᠲᠠ ᠶᠢᠨ ᠪᠠᠭᠠᠷᠢᠨ ᠵᠡᠬᠦᠨ ᠬᠤᠰᠢᠭᠤ                                 ᠪᠠᠳᠤ ᠦᠢ ᠲᠦᠮᠡᠨ ᠤ ᠬᠦᠰᠡᠯ ᠰᠡᠳᠬᠢᠯ ᠢ ᠬᠠᠮᠳᠤᠳᠬᠠᠨ ᠨᠢᠭᠡᠳᠭᠡᠭᠰᠡᠨ ᠡᠪ ᠨᠢᠭᠡᠳᠦᠯ ᠤᠨ ᠲᠠᠩᠭᠠᠷᠢᠭ ᠪᠤᠯᠵᠦ ᠳᠠᠭᠤᠷᠢᠰᠤᠬᠴᠢ ᠡᠭᠡ ᠭᠡᠯᠡ ᠮᠢᠨᠢ ᠡᠰᠡᠨᠢᠯ ᠮᠠᠨᠳᠤᠯ᠂ ᠦᠷᠨᠢᠯ ᠬᠦᠭᠵᠢᠯ ᠵᠦᠭ ᠬᠤᠷᠦᠶᠢᠯᠠᠨ ᠲᠠᠯᠠᠯᠤᠭᠰᠠᠨ ᠡᠷᠭᠡ ᠴᠢᠯᠦᠭᠡᠨ ᠤ ᠲᠤᠭ ᠪᠤᠯᠵᠦ ᠨᠠᠮᠢᠷᠠᠭᠴᠢ ᠡᠭᠡ ᠭᠡᠯᠡ ᠮᠢᠨᠢ            ᠦᠨᠢ ᠡᠷᠳᠡᠨ ᠠᠴᠠ ᠤᠯᠪᠠᠭ᠎ᠠ ᠲᠠᠢ            ᠦᠷᠯᠦᠭ ᠠᠯᠳᠠᠢ ᠭᠡᠯᠡ ᠮᠢᠨᠢ ᠡ            ᠦᠨᠳᠦᠷᠯᠢᠭ ᠤᠨ ᠴᠡᠩᠭᠡᠭ ᠠᠮᠢᠰᠬᠤᠭ᠎ᠠ            ᠤᠮᠤᠭᠳᠦ ᠡᠾᠦ᠋ᠩᠨᠤ ᠠᠶᠠᠯᠭᠤ ᠮᠢᠨᠢ ᠡ ᠢᠳᠡᠭᠡᠯ ᠬᠦᠰᠡᠯ᠂ ᠡᠷᠴᠢ ᠵᠤᠷᠢᠭ ᠢ ᠤᠷᠭᠤᠭᠤᠯᠤᠨ ᠲᠠᠶᠢᠴᠢᠯᠠᠭᠰᠠᠨ ᠡᠷ᠎ᠡ ᠴᠡᠷᠢᠭ ᠤᠨ ᠤᠤᠬᠠᠢ ᠪᠤᠯᠵᠦ ᠬᠠᠩᠬᠢᠨᠠᠭᠴᠢ ᠡᠭᠡ ᠭᠡᠯᠡ ᠮᠢᠨᠢ ᠡᠭᠦᠷᠢᠳᠡ ᠶᠢᠨ ᠤᠷᠤᠰᠢᠯ᠂ ᠮᠦᠩᠭᠡ ᠶᠢᠨ ᠮᠦᠷᠦᠭᠡᠳᠦᠯ ᠵᠦᠭ ᠬᠦᠳᠦᠯᠦᠨ ᠵᠠᠮᠴᠢᠯᠠᠭᠰᠠᠨ ᠡᠷᠢᠨ ᠵᠠᠭᠤᠨ ᠤ ᠤᠷᠠᠢ ᠪᠤᠯᠵᠦ ᠴᠤᠤᠷᠢᠶᠠᠯᠠᠭᠴᠢ ᠡᠭᠡ ᠭᠡᠯᠡ ᠮᠢᠨᠢ                   ᠲᠠᠬᠢᠯᠳᠠ ᠦᠨᠢ ᠡᠷᠳᠡᠨ ᠤ ᠲᠡᠤᠭᠡ ᠠᠴᠠ ᠤᠯᠪᠠᠭᠠᠯᠠᠨ ᠦᠨᠦᠳᠦᠷ ᠲᠤ ᠲᠠᠮᠵᠢᠭᠰᠠᠨ ᠡᠭᠡᠨᠡᠭᠳᠡ ᠤᠷᠤᠰᠢᠬᠤ ᠶᠢᠨ ᠢᠷᠦᠭᠡᠯ ᠪᠠᠳᠤ ᠡᠭᠡ ᠭᠡᠯᠡ ᠮᠢᠨᠢ ᠡᠷᠳᠡᠨᠢᠳᠦ ᠬᠤᠭᠤᠷ ᠤᠨ ᠤᠶᠠᠬᠠᠨ ᠴᠢᠪᠬᠠᠳᠠᠰᠤᠨ ᠠᠴᠠ ᠵᠠᠳᠠᠷᠠᠨ ᠬᠦᠩᠬᠢᠨᠡᠭᠰᠡᠨ ᠡᠭᠡᠰᠢᠭ ᠢᠷᠠᠭᠤ ᠠᠶᠠᠯᠭᠤ ᠪᠤᠯᠵᠦ  ᠤᠶᠠᠩᠭᠠᠷᠠᠭᠴᠢ ᠡᠭᠡ ᠭᠡᠯᠡ ᠮᠢᠨᠢ               ᠲᠠᠬᠢᠯᠳᠠ            
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号