ᠡᠷᠳᠡᠨᠢᠪᠤᠯᠠᠭ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
   ᠮᠢᠨᠤ ᠮᠤᠩᠭᠤᠯ ᠬᠡᠯᠡ               ᠤᠯᠠᠭᠠᠨᠬᠠᠲᠠ ᠬᠤᠲᠠ ᠶᠢᠨ ᠬᠡᠰᠢᠭᠳᠡᠨ ᠬᠤᠰᠢᠭᠤ                             ᠡᠷᠳᠡᠨᠢᠪᠤᠯᠠᠭ ᠭᠤᠷᠤᠢ ᠭᠤᠷᠤᠢ ᠤᠨᠠᠭ᠎ᠠ ᠢᠨᠴᠠᠭᠠᠨ᠎ᠠ ᠭᠤᠤᠯ ᠤᠰᠤ ᠴᠢᠩᠨᠠᠵᠤ ᠤᠷᠤᠰᠤᠨ᠎ᠠ ᠬᠦᠳᠡᠭᠡ ᠶᠢᠨ ᠢᠷᠠᠭᠤ ᠠᠶᠠᠯᠭᠤ ᠬᠦᠭᠵᠢᠮᠯᠡᠬᠦ ᠳᠤ ᠬᠦᠭᠡ ᠲᠡᠭᠷᠢ ᠨᠡᠯᠦᠶᠢᠵᠦ ᠬᠦᠬᠡᠷᠡᠨ᠎ᠡ ᠮᠤᠩᠭᠤᠯ ᠬᠡᠯᠡ ᠪᠠᠶᠢᠭᠠᠯᠢ ᠶᠢᠨ ᠬᠡᠯᠡ ᠮᠤᠷᠢᠳᠠᠢ ᠲᠡᠦᠬᠡ ᠶᠢᠨ ᠲᠡᠶᠡᠩ ᠬᠡᠯᠡ ᠳᠤᠶᠢᠭ ᠲᠤᠶᠢᠭ ᠬᠤᠷᠠᠭ᠎ᠠ ᠮᠠᠶᠢᠯᠠᠨ᠎ᠠ ᠲᠤᠩᠭᠠᠯᠠᠭ ᠬᠦᠬᠡ ᠪᠤᠷᠤᠭ᠎ᠠ ᠵᠦᠰᠡᠷᠡᠨ᠎ᠡ ᠬᠠᠪᠤᠷ ᠤᠨ ᠴᠡᠩᠭᠡᠷ ᠵᠡᠷᠭᠡᠯᠬᠡ ᠦᠶᠡᠯᠵᠡᠬᠦ ᠳᠤ ᠬᠠᠷᠠᠬᠠᠨ ᠨᠢᠳᠤᠨ ᠤ ᠨᠢᠯᠪᠤᠰᠤ ᠴᠡᠶᠢᠯᠭᠡᠨᠡᠨ᠎ᠡ ᠮᠤᠩᠭᠤᠯ ᠬᠡᠯᠡ ᠬᠠᠶᠢᠷ᠎ᠠ ᠶᠢᠨ ᠬᠡᠯᠡ ᠮᠦᠷᠦᠬᠡᠳᠦᠯ ᠵᠢᠬᠦᠷᠯᠡᠭᠰᠡᠨ ᠲᠤᠷᠭᠠᠨ ᠬᠡᠯᠡ ᠪᠦᠪᠠᠢ ᠪᠦᠪᠠᠢ ᠠᠶᠠᠰ ᠬᠠᠩᠬᠢᠨᠠᠨ᠎ᠠ ᠪᠤᠷᠬᠠᠨ ᠤ ᠠᠯᠠᠭᠠᠨ ᠳᠤ ᠳᠡᠯᠡᠬᠡᠢ ᠠᠮᠠᠷᠠᠨ᠎ᠠ ᠠᠮᠤᠷ ᠠᠮᠤᠭᠤᠯᠠᠩ ᠤᠨ ᠳᠠᠭᠤᠤ ᠬᠠᠩᠬᠢᠨᠠᠬᠤ ᠳᠤ ᠠᠯᠤᠰ ᠤᠨ ᠠᠭᠤᠯᠠᠨ ᠳᠤ ᠬᠦᠬᠦᠬᠡ ᠲᠤᠩᠭᠤᠳᠤᠨ᠎ᠠ ᠮᠤᠩᠭᠤᠯ ᠬᠡᠯᠡ ᠲᠡᠭᠷᠢ ᠶᠢᠨ ᠬᠡᠯᠡ ᠮᠦᠨ ᠦᠨᠡᠨ ᠤ ᠳᠠᠷᠬᠠᠨ ᠬᠡᠯᠡ ᠤᠷᠳᠤ ᠶᠢᠨ ᠳᠠᠭᠤᠨ ᠤ ᠠᠶ᠎ᠠ ᠰᠢᠷᠤᠩᠬᠠᠶᠢᠯᠠᠨ᠎ᠠ ᠠᠭᠤᠳᠠᠮ ᠬᠤᠯᠠ ᠶᠢᠨ ᠲᠠᠯ᠎ᠠ ᠴᠡᠩᠭᠡᠷᠳᠦᠨ᠎ᠡ ᠰᠠᠯᠬᠢ ᠳᠤᠭᠤᠯᠳᠠᠭ ᠳᠡᠯᠡᠬᠡᠢ ᠶᠢᠨ ᠪᠡᠯᠴᠢᠬᠡᠷ ᠢᠶᠠᠷ ᠰᠠᠷᠠᠭᠤᠯ ᠬᠦᠳᠡᠭᠡ ᠶᠢᠨ ᠠᠶᠠᠯᠭᠤ ᠬᠦᠪᠦᠨ᠎ᠡ ᠮᠤᠩᠭᠤᠯ ᠬᠡᠯᠡ ᠳᠡᠯᠡᠬᠡᠢ ᠶᠢᠨ ᠬᠡᠯᠡ ᠮᠦᠩᠭᠡ ᠤᠷᠤᠰᠢᠬᠤ ᠰᠠᠳᠤᠨ ᠬᠡᠯᠡ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号