ᠰ᠊᠂ ᠠᠯᠳᠠᠷᠳᠤ - ᠮᠢᠨᠤ ᠮᠤᠩᠭᠤᠯ ᠬᠡᠯᠨ
ᠨᠡᠶᠢᠲᠡᠯᠡᠭᠰᠡᠨ ᠴᠠᠭ᠄
2019/12/5
       ᠮᠢᠨᠤ ᠮᠤᠩᠭᠤᠯ ᠬᠡᠯᠨ                     ᠤᠯᠠᠭᠠᠨᠬᠠᠲᠠ ᠬᠤᠲᠠ                                 ᠰ᠊᠂ ᠠᠯᠳᠠᠷᠳᠤ ᠳᠡᠭᠷᠢ ᠶᠢᠨ ᠳᠤᠷᠭᠠᠨ ᠵᠢᠪᠠᠷ ᠠᠴᠠ ᠪᠠᠨ ᠡᠬᠢ ᠠᠪᠤᠭᠰᠠᠨ ᠠᠨᠢᠷ ᠯᠨ ᠪᠠᠶᠢᠨ᠎ᠠ ᠳᠡᠮᠡᠭᠡ ᠪᠤᠶᠢᠯᠠᠳᠠᠭ ᠭᠤᠪᠢ ᠠᠴᠠ ᠪᠠᠨ ᠰᠢᠮ᠎ᠠ ᠤᠯᠤᠭᠰᠠᠨ ᠰᠤᠨᠤᠷ ᠯᠨ ᠪᠠᠶᠢᠨ᠎ᠠ ᠠᠷᠭᠠᠯ ᠤᠨ ᠴᠡᠩᠬᠡᠷ ᠤᠳᠤᠭ᠎ᠠ ᠠᠴᠠ ᠪᠠᠨ ᠬᠡ ᠳᠥᠷᠤᠭ᠍ᠰᠠᠨ ᠵᠢᠷᠤᠭ ᠯᠨ ᠪᠠᠶᠢᠨ᠎ᠠ ᠠᠯᠠᠭ ᠴᠡᠴᠡᠭ ᠤᠨ ᠥᠩᠬᠡ ᠠᠴᠠ ᠪᠠᠨ ᠭᠤᠸ᠎ᠠ ᠳᠤᠭᠳᠠᠭᠰᠠᠨ ᠵᠢᠰᠤ ᠯᠨ ᠪᠠᠶᠢᠨ᠎ᠠ           ᠮᠤᠩᠭᠤᠯ ᠵᠢᠷᠤᠬᠡᠨ ᠤ ᠴᠤᠬᠢᠯᠭ᠎ᠠ           ᠮᠠᠷᠳᠠᠵᠤ ᠪᠤᠯᠤᠰᠢ ᠥᠬᠡᠢ ᠬᠡᠯᠨ ᠮᠢᠨᠢ ᠤᠰᠤᠨ ᠤ ᠳᠤᠩᠭᠠᠯᠠᠭ ᠴᠢᠨᠠᠷ ᠠᠴᠠ ᠪᠠᠨ ᠤᠳᠤᠮ ᠠᠪᠤᠭᠰᠠᠨ ᠠᠪᠢᠶ᠎ᠠ ᠪᠠᠶᠢᠨ᠎ᠠ ᠠᠭᠤᠯᠨ ᠶᠢᠨ ᠰᠥᠮᠪᠤᠷ ᠳᠥᠷᠢ ᠠᠴᠠ ᠪᠠᠨ ᠬᠡᠰᠢᠭ ᠤᠯᠤᠭᠰᠠᠨ ᠰᠥᠷ ᠪᠠᠶᠢᠨ᠎ᠠ ᠳᠡᠯᠡᠬᠡᠢ ᠳᠥᠮᠠᠨ ᠤ ᠪᠢᠰᠢᠷᠡᠯ ᠠᠴᠠ ᠪᠠᠨ ᠤᠮᠤᠭ ᠳᠤᠭᠳᠠᠭᠰᠠᠨ ᠬᠡᠶᠢᠮᠤᠷᠢ ᠪᠠᠶᠢᠨ᠎ᠠ ᠳᠡᠭᠰᠢ ᠶᠠᠷᠢᠳᠠᠭ ᠮᠤᠩᠭᠤᠯᠴᠤᠳ ᠤᠨ ᠰᠢᠨᠳᠠᠰᠤ ᠪᠤᠯᠤᠭᠰᠠᠨ ᠤᠬᠠᠭᠠᠨ ᠪᠠᠶᠢᠨ᠎ᠠ                    ︵ ᠳᠠᠬᠢᠯᠳᠠ︶ ᠠᠪᠤ ᠶᠢᠨ ᠠᠪᠤ ᠠᠴᠠ ᠥᠪᠯᠡᠭᠰᠠᠨ ᠠᠮᠢ ᠨᠠᠰᠤᠨ ᠤ ᠠᠶᠢᠵᠠᠮ ᠪᠠᠶᠢᠨ᠎ᠠ ᠠᠷᠠᠳ ᠤᠨ ᠤᠬᠠᠭᠠᠨ ᠢᠶᠠᠷ ᠮᠥᠩᠬᠡᠷᠡᠬᠦ ᠵᠢᠮ᠎ᠠ ᠶᠤᠰᠤᠨ ᠤ ᠵᠤᠷ ᠪᠠᠶᠢᠨ᠎ᠠ ᠵᠢᠷᠤᠬᠡ ᠵᠢᠷᠤᠬᠡ ᠪᠠᠨ ᠳᠠᠨᠢᠳᠠᠭ ᠵᠥᠪᠬᠡᠨ ᠨᠢᠬᠡ ᠳᠤᠬᠢᠶ᠎ᠠ ᠪᠠᠶᠢᠨ᠎ᠠ ᠵᠤᠶᠢᠳᠠᠢ ᠬᠠᠨᠢ ᠪᠠᠨ ᠡᠷᠢᠳᠡᠭ ᠵᠥᠬᠡᠯᠡᠨ ᠵᠥᠬᠡᠯᠡᠨ ᠤᠷᠢᠶ᠎ᠠ ᠪᠠᠶᠢᠨ᠎ᠠ                   ︵ ᠳᠠᠬᠢᠯᠳᠠ︶                      
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号