ᠨᠡ᠊ · ᠰᠢᠨᠵᠢᠯᠳᠤ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
                              ᠮᠢᠨᠤ ᠮᠤᠩᠭᠤᠯ ᠬᠡᠯᠡ                                      ᠰᠢᠯᠢ ᠶᠢᠨ ᠭᠤᠤᠯ ᠠᠶᠢᠮᠠᠭ ᠤᠨ ᠬᠦᠪᠡᠭᠡᠳᠦ ᠰᠢᠷ᠎ᠠ ᠬᠤᠰᠢᠭᠤ                                                      ᠨᠡ᠊ · ᠰᠢᠨᠵᠢᠯᠳᠤ   ᠲᠡᠭᠷᠢ ᠠᠴᠠ ᠲᠠᠳᠠᠭᠰᠠᠨ ᠰᠤᠯᠤᠩᠭ᠎ᠠ ᠴᠦ ᠶᠤᠮ ᠤᠤ   ᠳᠡᠭᠡᠭᠰᠢ ᠪᠠᠨ ᠲᠡᠭᠡᠵᠢᠯᠡᠭᠰᠡᠨ ᠰᠠᠴᠤᠯᠢ ᠴᠦ ᠶᠤᠮ ᠤᠤ   ᠮᠢᠨᠤ ᠮᠤᠩᠭᠤᠯ ᠬᠡᠯᠡ—   ᠲᠠᠭᠤᠳᠠᠬᠤ ᠳᠤ ᠲᠡᠨᠵᠢ ᠬᠤᠳᠤᠯᠵᠠᠬᠤ ᠡᠬᠡᠰᠢᠭᠯᠡᠩ   ᠲᠠᠭᠤᠯᠠᠬᠤ ᠳᠤ ᠲᠡᠯᠡᠬᠡᠢ ᠦᠨᠳᠡᠯᠵᠡᠬᠦ ᠰᠤᠨᠤᠰᠬᠤᠯᠠᠩ   ᠬᠤᠭᠤᠷ ᠲᠠᠢ ᠪᠠᠨ ᠬᠦᠭ ᠨᠡᠶᠢᠯᠡᠭᠰᠡᠨ ᠠᠶᠠᠯᠭᠤ   ᠬᠤᠷᠸ᠎ᠠ ᠳᠤ ᠭᠠᠭᠴᠠ ᠰᠦ ᠶᠢᠨ ᠦᠨᠦᠷ ᠲᠠᠢ ᠲᠠᠭᠤᠷᠢᠰᠬᠤᠯᠠᠩ   ᠮᠢᠨᠤ ᠡᠬᠡ ᠮᠤᠩᠭᠤᠯ ᠬᠡᠯᠡ ᠮᠢᠨᠤ   ᠲᠤᠮᠤᠭ ᠰᠢᠭ᠋ ᠬᠤᠯᠠ ᠠᠴᠠ ᠯᠤᠭᠰᠢᠬᠤ ᠠᠮᠢᠰᠬᠤᠭ᠎ᠠ   ᠲᠤᠲᠤᠭᠠᠳᠤ ᠶᠢᠷᠳᠢᠨᠴᠤ ᠶᠢᠨ ᠮᠢᠨᠢ ᠠᠮᠢᠨ ᠰᠠᠬᠢᠶ᠎ᠠ   ᠮᠢᠨᠤ ᠮᠤᠩᠭᠤᠯ ᠬᠡᠯᠡ —   ᠲᠦᠷᠦᠬᠦ ᠠᠴᠠ ᠪᠠᠨ ᠰᠣᠨᠤᠷ ᠲᠠᠭᠠᠨ ᠮᠥᠩᠭᠡᠯᠡᠭᠰᠡᠨ ᠪᠦᠪᠠᠢ   ᠦᠰᠬᠦ ᠠᠴᠠ ᠪᠠᠨ ᠵᠢᠷᠦᠬᠡᠨ ᠳᠡᠭᠡᠨ ᠰᠡᠶᠢᠯᠦᠭᠰᠡᠨ ᠦᠦᠪᠡᠢ   ᠬᠠᠳᠠᠭ ᠲᠠᠢ ᠪᠠᠨ ᠢᠷᠦᠭᠡᠯ ᠲᠡᠭᠡᠳᠦᠯᠡᠭᠰᠡᠨ ᠰᠡᠳᠬᠢᠯ   ᠮᠠᠷᠭᠠᠰᠢ ᠲᠠᠢ ᠪᠠᠨ ᠵᠦᠩᠨᠡᠯ ᠨᠡᠪᠲᠡᠷᠡᠭᠰᠡᠨ ᠬᠦᠰᠡᠯ   ᠮᠢᠨᠤ ᠡᠬᠡ ᠮᠤᠩᠭᠤᠯ ᠬᠡᠯᠡ ᠮᠢᠨᠤ             ᠲᠠᠭᠤᠳᠠᠬᠤ ᠳᠤ ᠲᠡᠨᠵᠢ ᠬᠤᠳᠤᠯᠵᠠᠬᠤ ᠡᠬᠡᠰᠢᠭᠯᠡᠩ             ᠲᠠᠭᠤᠯᠠᠬᠤ ᠳᠤ ᠲᠡᠯᠡᠬᠡᠢ ᠦᠨᠳᠡᠯᠵᠡᠬᠦ ᠰᠤᠨᠤᠰᠬᠤᠯᠠᠩ             ᠬᠤᠭᠤᠷ ᠲᠠᠢ ᠪᠠᠨ ᠬᠦᠭ ᠨᠡᠶᠢᠯᠡᠭᠰᠡᠨ ᠠᠶᠠᠯᠭᠤ             ᠬᠤᠷᠸ᠎ᠠ ᠳᠤ ᠭᠠᠭᠴᠠ ᠰᠦ ᠶᠢᠨ ᠦᠨᠦᠷ ᠲᠠᠢ ᠲᠠᠭᠤᠷᠢᠰᠬᠤᠯᠠᠩ             ᠮᠢᠨᠤ ᠡᠬᠡ ᠮᠤᠩᠭᠤᠯ ᠬᠡᠯᠡ ᠮᠢᠨᠤ  
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号