ᠨᠠᠭᠤᠷ - ᠮᠢᠨᠦ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
          ᠮᠢᠨᠦ ᠮᠤᠩᠭᠤᠯ ᠬᠡᠯᠡ                ᠬᠦᠯᠦᠨ ᠪᠤᠶᠢᠷ ᠬᠤᠳᠠ ᠶᠢᠨ ᠬᠠᠭᠤᠴᠢᠨ ᠪᠠᠷᠭᠤ ᠬᠤᠰᠢᠭᠤ177                         ᠨᠠᠭᠤᠷ ᠡᠷᠬᠡᠰ ᠤᠨ ᠳᠠᠩᠨᠠᠢ ᠳᠤ ᠬᠡᠷᠡᠯᠳᠦᠭᠰᠡᠡ ᠳᠣᠯᠣᠭᠠᠨ ᠪᠤᠷᠬᠠᠨ ᠣᠳᠣᠨ ᠰᠢᠭ᠋ ᠡᠬᠡ ᠬᠡᠯᠡᠨ ᠤ ᠡᠬᠢᠯᠡᠯ ᠪᠤᠯᠤᠬᠰᠠᠨ ᠡᠬᠡᠰᠢᠭ ᠳᠣᠯᠣᠭᠠᠨ ᠦᠰᠦᠭ ᠮᠢᠨᠢ ᠡᠬᠡᠷᠡᠮ᠎ᠡ ᠳᠠᠯ᠎ᠠ ᠳᠤ ᠣᠷᠣᠰᠣᠭᠰᠠᠨ ᠳᠣᠷᠣᠨ᠎ᠠ ᠶᠢᠨ ᠮᠦᠩᠬᠦᠨ ᠭᠤᠤᠯ ᠰᠢᠭ᠋ ᠡᠰᠡᠷᠸ᠎ᠠ ᠳᠡᠭᠡᠷ᠎ᠡ ᠠᠴᠠ ᠳᠠᠳᠠᠯᠠᠭᠰᠠᠨ ᠡᠷᠬᠢᠮ ᠨᠠᠨᠳᠢᠨ ᠦᠪ ᠮᠢᠨᠢ       ᠮᠢᠨᠦ ᠮᠤᠩᠭᠤᠯ ᠬᠡᠯᠡ᠂ ᠮᠦᠩᠬᠡ ᠳᠡᠭᠷᠢ ᠶᠢᠨ ᠢᠪᠡᠬᠡᠯ ᠲᠠᠢ       ᠮᠢᠨᠦ ᠮᠤᠩᠭᠤᠯ ᠬᠡᠯᠡ᠂  ᠮᠦᠷᠡᠨ ᠭᠤᠤᠯ ᠤᠨ ᠣᠨᠳᠣᠷᠤᠭ᠎ᠠ ᠲᠠᠢ       ᠮᠢᠨᠦ ᠮᠤᠩᠭᠤᠯ ᠬᠡᠯᠡ᠂  ᠡᠷᠳᠡ ᠳᠡᠬᠡᠳᠦ ᠶᠢᠨ ᠣᠯᠪᠠᠭ᠎ᠠ ᠲᠠᠢ       ᠮᠢᠨᠦ ᠮᠤᠩᠭᠤᠯ ᠬᠡᠯᠡ᠂ ᠡᠷᠢᠨ ᠵᠠᠭᠤᠨ ᠤ ᠬᠢᠯᠪᠠᠭ᠎ᠠ ᠲᠠᠢ ᠵᠠᠭᠤᠨ ᠵᠠᠭᠤᠨ ᠵᠢᠯ ᠢᠶᠠᠷ ᠪᠤᠰᠤᠭ᠎ᠠ ᠳᠢᠭ ᠢᠶᠠᠷ ᠨᠢ ᠣᠯᠠᠮᠵᠢᠯᠠᠭᠰᠠᠨ ᠵᠢᠷᠦᠬᠡᠨ ᠳᠠᠮᠢᠷ ᠢᠶᠠᠨ ᠰᠢᠪᠬᠠᠨ ᠰᠣᠶᠣᠨ ᠬᠡᠬᠡᠷᠡᠬᠦᠯᠦᠭᠰᠡᠡ ᠴᠡᠴᠡᠳ ᠮᠢᠨᠢ ᠵᠠᠩᠭᠠᠷ ᠬᠡᠰᠡᠷ ᠤᠨ ᠳᠣᠣᠯᠢ ᠠᠴᠠ ᠢᠷᠡᠬᠡᠳᠦᠢ ᠶᠢ ᠵᠦᠭᠯᠡᠨ ᠳᠠᠪᠬᠢᠭᠤᠯᠤᠭᠰᠠ ᠵᠢᠳᠬᠦᠯ ᠪᠦᠳᠦᠬᠡᠯ ᠤᠨ ᠳᠠᠭᠤᠷᠢᠰᠣᠯᠳᠠᠢ ᠰᠣᠣ ᠪᠢᠯᠢᠭᠳᠦ ᠮᠡᠷᠬᠡᠳ ᠮᠢᠨᠢ       ᠮᠢᠨᠦ ᠮᠤᠩᠭᠤᠯ ᠬᠡᠯᠡ᠂ ᠮᠦᠩᠬᠡ ᠳᠡᠭᠷᠢ ᠶᠢᠨ ᠢᠪᠡᠬᠡᠯ ᠲᠠᠢ       ᠮᠢᠨᠦ ᠮᠤᠩᠭᠤᠯ ᠬᠡᠯᠡ᠂  ᠮᠦᠷᠡᠨ ᠭᠤᠤᠯ ᠤᠨ ᠣᠨᠳᠣᠷᠤᠭ᠎ᠠ ᠲᠠᠢ       ᠮᠢᠨᠦ ᠮᠤᠩᠭᠤᠯ ᠬᠡᠯᠡ᠂  ᠡᠷᠳᠡ ᠳᠡᠬᠡᠳᠦ ᠶᠢᠨ ᠣᠯᠪᠠᠭ᠎ᠠ ᠲᠠᠢ       ᠮᠢᠨᠦ ᠮᠤᠩᠭᠤᠯ ᠬᠡᠯᠡ᠂ ᠡᠷᠢᠨ ᠵᠠᠭᠤᠨ ᠤ ᠬᠢᠯᠪᠠᠭ᠎ᠠ ᠲᠠᠢ ᠬᠠᠨ᠎ᠠ ᠲᠠᠢ ᠬᠡᠷ ᠤᠨ ᠬᠤᠶᠢᠮᠤᠷ ᠲᠤ ᠳᠡᠯᠡᠬᠡᠢ ᠶᠢᠨ ᠳᠡᠦᠬᠡ ᠶᠢ ᠦᠯᠡᠳᠡᠬᠡᠭᠰᠡᠡ ᠬᠠᠳᠠᠨ ᠪᠢᠴᠢᠭ ᠠᠴᠠ ᠡᠬᠦᠰᠦᠯ ᠲᠠᠢ ᠡᠷᠳᠡ ᠳᠡᠬᠡᠳᠦ ᠶᠢᠨ ᠰᠣᠳᠣᠷ ᠮᠢᠨᠢ ᠬᠠᠮᠤᠭ ᠮᠤᠩᠭᠤᠯ ᠣᠭᠰᠠᠭᠠᠳᠠᠨ ᠤ ᠣᠳᠣᠮ ᠳᠠᠮᠵᠢᠨ ᠦᠪᠯᠡᠬᠦᠯᠦᠭᠰᠡᠡ ᠬᠠᠭᠠᠨ ᠴᠢᠩᠬᠢᠰ ᠠᠴᠠ ᠡᠪᠯᠡᠷᠡᠯ ᠲᠠᠢ ᠡᠰᠡᠨᠢᠨ ᠮᠠᠨᠳᠣᠭᠰᠠᠨ ᠰᠣᠶᠣᠯ ᠮᠢᠨᠢ        ᠮᠢᠨᠦ ᠮᠤᠩᠭᠤᠯ ᠬᠡᠯᠡ᠂ ᠮᠦᠩᠬᠡ ᠳᠡᠭᠷᠢ ᠶᠢᠨ ᠢᠪᠡᠬᠡᠯ ᠲᠠᠢ       ᠮᠢᠨᠦ ᠮᠤᠩᠭᠤᠯ ᠬᠡᠯᠡ᠂  ᠮᠦᠷᠡᠨ ᠭᠤᠤᠯ ᠤᠨ ᠣᠨᠳᠣᠷᠤᠭ᠎ᠠ ᠲᠠᠢ       ᠮᠢᠨᠦ ᠮᠤᠩᠭᠤᠯ ᠬᠡᠯᠡ᠂  ᠡᠷᠳᠡ ᠳᠡᠬᠡᠳᠦ ᠶᠢᠨ ᠣᠯᠪᠠᠭ᠎ᠠ ᠲᠠᠢ       ᠮᠢᠨᠦ ᠮᠤᠩᠭᠤᠯ ᠬᠡᠯᠡ᠂ ᠡᠷᠢᠨ ᠵᠠᠭᠤᠨ ᠤ ᠬᠢᠯᠪᠠᠭ᠎ᠠ ᠲᠠᠢ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号