ᠰ᠊᠂  ᠪᠤᠯᠤᠷ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
ᠮᠢᠨᠤ ᠮᠤᠩᠭᠤᠯ ᠬᠡᠯᠡ            ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤ188                   ᠰ᠊᠂  ᠪᠤᠯᠤᠷᠠᠯᠲᠠᠢ ᠶᠢᠨ ᠴᠠᠩᠭᠡᠷ ᠠᠭᠤᠯᠠᠰ ᠮᠢᠨᠤ ᠮᠤᠩᠭᠤᠯ ᠬᠡᠯᠡ ᠶᠤᠮ        ᠠᠶᠠᠯᠭᠤ ᠰᠠᠶᠢᠬᠠᠨ ᠡᠬᠡᠰᠢᠭ ᠨᠢ ᠴᠠᠰᠣᠲᠠᠢ ᠴᠠᠭᠠᠨ ᠤᠷᠤᠢ ᠨᠢ ᠶᠤᠮ ᠠᠴᠤᠭ ᠰᠢᠯᠪᠢ ᠰᠢᠲᠣ ᠨᠢ ᠠᠰᠬ᠎ᠠ ᠡᠭᠴᠡ ᠬᠠᠲᠠ ᠨᠢ ᠶᠤᠮ ᠠᠷᠠᠭ᠎ᠠ ᠰᠡᠬᠦᠯ ᠴᠠᠴᠤᠯᠭ᠎ᠠ ᠨᠢ ᠮᠦᠡᠭᠭᠡ ᠬᠦᠬᠡ ᠨᠠᠷᠡᠰᠣ ᠨᠢ ᠶᠤᠮ               ᠁  ᠮᠦᠡᠭᠭᠡ ᠬᠦᠬᠡ ᠨᠠᠷᠡᠰᠣ ᠨᠢ ᠶᠤᠮ ᠁ ᠮᠡᠨᠡᠩ ᠤᠨ ᠦᠷᠬᠡᠨ ᠲᠠᠯ᠎ᠠ ᠮᠢᠨᠤ ᠮᠤᠩᠭᠤᠯ ᠬᠡᠯᠡ ᠶᠤᠮ ᠮᠡᠷᠭᠡᠳ ᠤᠨ ᠬᠡᠯᠬᠢᠭᠰᠡᠨ ᠰᠣᠲᠣᠷ ᠨᠢ ᠦᠶᠡᠯᠵᠡᠨ ᠬᠠᠯᠢᠭᠤᠷᠠᠬᠤ ᠡᠪᠡᠰᠣ ᠨᠢ ᠶᠤᠮ ᠮᠤᠯᠬᠢ ᠶᠢ ᠰᠡᠭᠡᠭᠡᠷᠡᠭᠦᠯᠬᠦ ᠤᠬᠠᠭᠠᠨ ᠨᠢ ᠦᠷᠡᠯᠡᠨ ᠴᠡᠴᠡᠭᠯᠡᠬᠦ ᠴᠡᠴᠡᠭ ᠨᠢ ᠶᠤᠮ ᠮᠣᠷᠢᠲᠡᠨ ᠲᠡᠭᠡᠲᠣᠰ ᠤᠨ ᠰᠤᠷᠭᠠᠯ ᠨᠢ ᠦᠨᠢᠳᠡ ᠶᠢᠨ ᠴᠠᠭᠠᠨ ᠴᠢᠯᠠᠭᠤ ᠨᠢ ᠶᠤᠮ               ᠁ ᠦᠨᠢᠳᠡ ᠶᠢᠨ ᠴᠠᠭᠠᠨ ᠴᠢᠯᠠᠭᠤ ᠨᠢ ᠶᠤᠮ  ᠁ ᠡᠷᠬᠦᠨ᠎ᠡ ᠶᠡᠭᠡ ᠮᠦᠷᠡᠨ ᠮᠢᠨᠤ ᠮᠤᠩᠭᠤᠯ ᠬᠡᠯᠡ ᠶᠤᠮ ᠦᠨᠲᠣᠷ ᠠᠴᠠ ᠤᠷᠤᠰᠬᠠᠭᠰᠠᠨ ᠪᠢᠴᠢᠯᠭᠡ ᠨᠢ ᠦᠶᠡᠷᠯᠡᠨ ᠪᠠᠭᠤᠬᠤ ᠤᠰᠤ ᠨᠢ ᠶᠤᠮ ᠡᠷᠬᠦᠵᠦ ᠲᠠᠷᠤᠭᠰᠠᠨ ᠰᠡᠬᠦᠯ ᠨᠢ ᠣᠭᠠᠯᠵᠠᠷᠡᠨ ᠲᠠᠬᠢᠷᠯᠠᠬᠤ ᠤᠷᠤᠰᠬᠠᠯ ᠨᠢ ᠶᠤᠮᠡᠷᠳᠡᠨᠢ ᠶᠢᠨ ᠰᠤᠨᠤᠰᠬᠤᠯᠠᠩ ᠲᠠᠢ ᠦᠬᠡᠰ ᠨᠢ ᠠᠷᠢᠭᠤᠨ ᠴᠡᠩᠭᠡᠷ ᠷᠠᠰᠢᠶᠠᠨ ᠨᠢ ᠶᠤᠮ               ᠁ ᠠᠷᠢᠭᠤᠨ ᠴᠡᠩᠭᠡᠷ ᠷᠠᠰᠢᠶᠠᠨ ᠨᠢ ᠶᠤᠮ ᠡ ᠁ᠬᠤᠯᠠᠨ ᠰᠢᠷᠭ᠎ᠠ ᠶᠢᠨ ᠮᠠᠩᠬ᠎ᠠ ᠮᠢᠨᠤ ᠮᠤᠩᠭᠤᠯ ᠬᠡᠯᠡ ᠶᠤᠮ ᠬᠤᠲᠠᠯᠡ ᠲᠡᠭᠦᠯᠲᠡᠷ ᠣᠳᠬ᠎ᠠ ᠨᠢ ᠬᠤᠩᠭᠤᠷ ᠴᠡᠶᠢᠲᠡᠮ ᠤᠨ ᠡᠯᠡᠰᠣ ᠶᠤᠮ ᠬᠤᠷᠸ᠎ᠠ ᠳᠤ ᠬᠤᠤᠰ ᠦᠬᠡᠢ ᠢᠷᠠᠭᠤ ᠨᠢ ᠬᠤᠭᠤᠷ ᠴᠤᠭᠤᠷ ᠤᠨ ᠡᠭᠡᠰᠢᠭ ᠶᠤᠮ ᠬᠤᠶᠢᠴᠢ ᠦᠷᠡᠰ ᠲᠤ ᠪᠠᠨ ᠦᠪᠯᠡᠭᠲᠡᠭᠰᠡᠨ ᠨᠢ ᠬᠤᠪᠤᠷᠬᠠᠨ ᠣᠯᠲᠠᠬᠤ ᠵᠠᠶᠠᠭ᠎ᠠ ᠶᠤᠮ               ᠁ ᠬᠤᠪᠤᠷᠬᠠᠨ ᠣᠯᠲᠠᠬᠤ ᠵᠠᠶᠠᠭ᠎ᠠ ᠶᠤᠮ ᠡ ᠁
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号