ᠥᠬᠦᠰᠢᠨ ᠤ ᠴᠢ᠊᠂ ᠬᠠᠰᠪᠠᠭᠠᠨ᠎ᠠ - ᠮᠢᠨᠥ ᠰᠠᠶᠢᠬᠠᠨ ᠮᠤᠩᠭᠤᠯ ᠬᠡᠯᠡ
ᠨᠡᠶᠢᠲᠡᠯᠡᠭᠰᠡᠨ ᠴᠠᠭ᠄
2019/12/6
ᠮᠢᠨᠥ ᠰᠠᠶᠢᠬᠠᠨ ᠮᠤᠩᠭᠤᠯ ᠬᠡᠯᠡ                ᠤᠷᠳᠤᠰ ᠬᠤᠳᠠ ᠶᠢᠨ ᠬᠠᠩᠬᠢᠨ ᠬᠤᠰᠢᠭᠤ 200                          ᠥᠬᠦᠰᠢᠨ ᠤ ᠴᠢ᠊᠂ ᠬᠠᠰᠪᠠᠭᠠᠨ᠎ᠠ ᠭᠠᠳᠠᠰᠤᠯᠠᠨ ᠴᠠᠬᠢᠬᠤ ᠳᠡᠭᠷᠢ ᠶᠢᠨ ᠳᠤᠭᠰᠢᠨ ᠠᠶᠤᠩᠭ᠎ᠠ ᠭᠠᠷᠠᠭ ᠤᠳᠤᠨ ᠰᠤᠯᠢᠷ ᠤᠨ ᠴᠠᠭᠠᠨ ᠳᠠᠶᠥᠩᠭ᠎ᠠ ᠭᠠᠯᠠᠶᠢᠬᠠᠨ ᠡᠵᠡᠨ ᠰᠢᠳᠥᠬᠡᠨ ᠤ ᠵᠠᠷᠯᠢᠭ ᠤᠨ ᠳᠠᠮᠠᠭ᠎ᠠ ᠭᠠᠨᠳᠠᠷᠢ ᠰᠤᠳᠠᠷᠠᠰᠤᠨ ᠵᠠᠭᠠᠷᠢᠨ ᠤ ᠵᠠᠮ ᠤᠨ ᠰᠤᠯᠤᠩᠭ᠎ᠠ ᠮᠢᠨᠥ ᠰᠠᠶᠢᠬᠠᠨ ᠮᠤᠩᠭᠤᠯ ᠬᠡᠯᠡ ᠮᠥᠮᠥ ᠶᠢᠨ ᠬᠥᠬᠦᠨ ᠤ ᠰᠥ ᠪᠢᠯᠡ ᠮᠤᠩᠭᠤᠯ ᠭᠡᠵᠥ ᠳᠠᠭᠤᠷᠢᠰᠬᠤ ᠠᠯᠳᠠᠷ ᠲᠠᠢ ᠮᠥᠩᠬᠡ ᠳᠡᠭᠷᠢ ᠶᠢᠨ ᠬᠡᠯᠡ ᠪᠢᠯᠡ ᠠᠯᠳᠠᠨ ᠭᠠᠳᠠᠰᠤ ᠤᠳᠤᠨ ᠠᠴᠠ ᠡᠬᠢᠯᠡᠭᠰᠡᠨ ᠪᠢᠴᠢᠭ ᠠᠩᠭᠠᠷᠠᠭ ᠳᠤᠯᠤᠭᠠᠨ ᠤᠳᠤ ᠬᠥᠷᠥᠭᠰᠡᠨ ᠥᠰᠥᠭ ᠠᠳᠠᠷᠠᠮ᠎ᠠ ᠥᠭᠡᠢ ᠳᠠᠯ᠎ᠠ ᠶᠢᠨ ᠰᠠᠯᠬᠢᠨ ᠤ ᠴᠢᠮᠡᠭᠡ ᠠᠳᠤᠭᠤᠨ ᠮᠥᠷ ᠲᠠᠢ ᠨᠤᠳᠤᠭ ᠤᠨ ᠤᠤᠭᠠᠯ ᠠᠪᠢᠶ᠎ᠠ ᠮᠢᠨᠥ ᠰᠠᠶᠢᠬᠠᠨ ᠮᠤᠩᠭᠤᠯ ᠬᠡᠯᠡ ᠮᠡᠷᠭᠡ ᠳᠥᠯᠭᠡ ᠶᠢᠨ ᠳᠠᠶᠢᠯᠪᠤᠷᠢ ᠪᠢᠯᠡ ᠮᠤᠩᠭᠤᠯ ᠭᠡᠵᠥ ᠪᠢᠴᠢᠭᠳᠡᠬᠦ ᠵᠢᠷᠤᠮ ᠲᠠᠢ ᠮᠥᠩᠬᠡ ᠳᠡᠭᠷᠢ ᠶᠢᠨ ᠬᠡᠯᠡ ᠪᠢᠯᠡ ᠨᠠᠷᠨ ᠰᠠᠷᠠᠨ ᠤ ᠳᠤᠮᠤᠭ ᠤᠨ ᠪᠤᠭᠤᠷᠤᠯ ᠬᠠᠭᠤᠴᠢ ᠨᠠᠪᠴᠢ ᠴᠡᠴᠡᠭ ᠤᠨ ᠨᠠᠶᠢᠷᠠᠭ ᠤᠨ ᠮᠢᠩᠭᠠᠨ ᠤᠶᠠᠩᠭ᠎ᠠ ᠨᠠᠶᠠᠨ ᠨᠢᠭᠡᠨ ᠶᠢᠰᠥ ᠶᠢᠨ ᠨᠢᠭᠤᠴᠠ ᠠᠶᠠᠯᠭᠤ ᠨᠠᠷᠮᠠᠢ ᠶᠡᠭᠡ ᠬᠤᠷᠸ᠎ᠠ ᠶᠢᠨ ᠤᠳᠬᠤᠨ ᠡᠬᠡᠰᠢᠭ ᠮᠢᠨᠥ ᠰᠠᠶᠢᠬᠠᠨ ᠮᠤᠩᠭᠤᠯ ᠬᠡᠯᠡ ᠮᠤᠯᠤᠷ ᠳᠤᠪᠴᠢᠶᠠᠨ ᠤ ᠢᠷᠥᠬᠡᠯ ᠪᠢᠯᠡ ᠮᠤᠩᠭᠤᠯ ᠭᠡᠵᠥ ᠵᠠᠯᠭᠠᠮᠵᠢᠯᠠᠬᠤ ᠤᠳᠤᠮ ᠲᠠᠢ ᠮᠥᠩᠬᠡ ᠳᠡᠭᠷᠢ ᠶᠢᠨ ᠬᠡᠯᠡ ᠪᠢᠯᠡ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号