ᠰ᠊᠂ ᠪᠠᠳᠤᠵᠢᠷᠭᠠᠯ - ᠡᠭᠡ ᠭᠡᠯᠡ ᠮᠢᠨᠢ
ᠨᠡᠶᠢᠲᠡᠯᠡᠭᠰᠡᠨ ᠴᠠᠭ᠄
2019/12/6
                ᠡᠭᠡ ᠭᠡᠯᠡ ᠮᠢᠨᠢ                           ᠤᠯᠠᠭᠠᠨᠬᠠᠳᠠ ᠬᠤᠳᠠ ᠶᠢᠨ ᠪᠠᠭᠠᠷᠢᠨ ᠵᠡᠬᠦᠨ ᠬᠤᠰᠢᠭᠤ 205                                     ᠰ᠊᠂ ᠪᠠᠳᠤᠵᠢᠷᠭᠠᠯ                                       ᠤᠶᠠᠩᠭᠠᠯᠠᠨ ᠲᠠᠭᠤᠯᠠᠭᠴᠢ ᠰᠢᠪᠠᠭᠤᠳ ᠤᠨ ᠤᠷᠠᠨ ᠵᠢᠷᠬᠢᠭᠡᠨ ᠰᠢᠭ ᠤᠶᠠᠬᠠᠨ ᠤᠷᠴᠢᠯᠠᠩ  ᠢ ᠠᠷᠭᠠᠳᠠᠨ ᠪᠠᠶᠠᠰᠬᠠᠭᠴᠢ ᠡᠵᠢ ᠶᠢᠨ ᠪᠦᠪᠠᠢ ᠮᠢᠨᠢ ᠠᠶᠠᠷᠬᠠᠨ ᠱᠤᠤᠬᠢᠭᠴᠢ ᠤᠰᠤᠨ ᠤ ᠵᠦᠭᠡᠯᠡᠨ ᠬᠠᠷᠬᠢᠶ᠎ᠠ ᠰᠢᠭ᠋ ᠠᠷᠢᠭᠤᠬᠠᠨ ᠪᠠᠶᠢᠭᠠᠯᠢ ᠶᠢᠨ ᠠᠶᠠᠯᠭᠤ ᠰᠢᠭ᠋ ᠰᠤᠳᠤᠬᠠᠨ ᠡᠭᠡ ᠭᠡᠯᠡ ᠮᠢᠨᠢ                  ᠠᠢ ᠬᠦ᠋   ᠡᠭᠡ ᠭᠡᠯᠡ ᠮᠢᠨᠢ                  ᠠᠮᠢᠨ ᠡᠷᠳᠡᠨᠢ ᠶᠢᠨ ᠦᠪ ᠮᠢᠨᠢ ᠡ                  ᠠᠢ ᠬᠦ᠋    ᠡᠭᠡ ᠭᠡᠯᠡ ᠮᠢᠨᠢ                  ᠠᠰᠢᠳᠠ ᠤᠷᠤᠰᠢᠬᠤ ᠶᠢᠨ ᠬᠤᠳᠤᠭ ᠶᠤᠮ ᠰᠠᠨ ᠰᠡᠪᠢᠯᠵᠠᠨ ᠦᠶᠡᠯᠵᠡᠭᠴᠢ ᠰᠠᠯᠬᠢᠨ ᠤ ᠬᠤᠩᠭᠤᠷ ᠰᠢᠪᠰᠢᠭᠡ ᠰᠢᠭ ᠰᠡᠳᠬᠢᠯ ᠳᠤ ᠲᠤᠯᠠᠭᠠᠬᠠᠨ᠂ ᠡᠭᠡᠯᠢ ᠲᠤᠳᠤᠨᠤᠬᠠᠨ ᠡᠭᠡᠰᠢᠭ ᠮᠢᠨᠢ ᠱᠠᠬᠢᠨ ᠨᠠᠮᠢᠷᠠᠭᠴᠢ ᠪᠤᠷᠤᠭᠠᠨ ᠤ ᠵᠦᠭᠡᠯᠡᠨ ᠰᠢᠪᠡᠷᠡᠭᠡ ᠰᠢᠭ ᠰᠠᠪᠠ ᠶᠢᠷᠳᠢᠨᠴᠦ ᠳᠤ ᠠᠮᠢᠯᠠᠯ ᠪᠡᠯᠭᠡᠳᠡᠭᠰᠡᠨ ᠠᠶᠠᠯᠭᠤ  ᠮᠢᠨᠢ ᠡ                  ᠠᠢ ᠬᠦ᠋   ᠡᠭᠡ ᠭᠡᠯᠡ ᠮᠢᠨᠢ                  ᠠᠮᠢᠨ ᠡᠷᠳᠡᠨᠢ ᠶᠢᠨ ᠦᠪ ᠮᠢᠨᠢ ᠡ                  ᠠᠢ ᠬᠦ᠋    ᠡᠭᠡ ᠭᠡᠯᠡ ᠮᠢᠨᠢ                  ᠠᠰᠢᠳᠠ ᠤᠷᠤᠰᠢᠬᠤ ᠶᠢᠨ ᠬᠤᠳᠤᠭ ᠶᠤᠮ ᠰᠠᠨ ᠬᠤᠷᠸ᠎ᠠ ᠶᠢ ᠤᠶᠠᠷᠠᠭᠠᠭᠴᠢ ᠬᠤᠭᠤᠷ ᠤᠨ ᠢᠷᠠᠭᠤᠬᠠᠨ ᠡᠭᠡᠰᠢᠭ ᠰᠢᠭ ᠬᠤᠩᠭᠤᠷ ᠵᠢᠷᠦᠭᠡᠨ ᠳᠤ ᠬᠤᠨᠤᠭᠰᠢᠨ ᠴᠤᠤᠷᠢᠶᠠᠯᠠᠭᠰᠠᠨ ᠬᠠᠶᠢᠷ᠎ᠠ ᠮᠢᠨᠢ ᠬᠠᠳᠠ ᠱᠤᠤᠬᠢᠭᠤᠯᠤᠭᠰᠠᠨ ᠪᠦᠷᠭᠦᠳ ᠤᠨ ᠬᠦᠴᠦᠳᠦ ᠲᠡᠪᠢᠯᠭᠡ ᠰᠢᠭ ᠬᠠᠩᠭᠠᠯ ᠤᠮᠤᠭᠯᠠᠭᠤᠨ  ᠬᠠᠭᠠᠨ ᠡᠾᠦ᠋ᠩᠨᠦ ᠶᠢᠨ ᠠᠶᠠᠯᠭᠤ ᠮᠢᠨᠢ ᠡ                  ᠠᠢ ᠬᠦ᠋   ᠡᠭᠡ ᠭᠡᠯᠡ ᠮᠢᠨᠢ                  ᠠᠮᠢᠨ ᠡᠷᠳᠡᠨᠢ ᠶᠢᠨ ᠦᠪ ᠮᠢᠨᠢ ᠡ                  ᠠᠢ ᠬᠦ᠋    ᠡᠭᠡ ᠭᠡᠯᠡ ᠮᠢᠨᠢ                  ᠠᠰᠢᠳᠠ ᠤᠷᠤᠰᠢᠬᠤ ᠶᠢᠨ ᠬᠤᠳᠤᠭ ᠶᠤᠮ ᠰᠠᠨ  
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号