ᠵ᠊᠂ ᠥᠯᠵᠡᠶᠢᠪᠠᠲᠤ - ᠮᠢᠨᠤ ᠮᠣᠩᠭᠤᠯ ᠬᠡᠯᠡ
ᠨᠡᠶᠢᠲᠡᠯᠡᠭᠰᠡᠨ ᠴᠠᠭ᠄
2019/12/6
               ᠮᠢᠨᠤ ᠮᠣᠩᠭᠤᠯ ᠬᠡᠯᠡ                             ᠰᠢᠯᠢ ᠶᠢᠨ ᠭᠤᠤᠯ ᠠᠶᠢᠮᠠᠭ ᠤᠨ ᠠᠪᠠᠭ᠎ᠠ ᠬᠤᠰᠢᠭᠤ 209                                     ᠵ᠊᠂ ᠥᠯᠵᠡᠶᠢᠪᠠᠲᠤ ᠥᠯᠦᠭ ᠭᠠᠯᠪᠠ ᠠᠴᠠ ᠬᠠᠶᠠᠭᠠᠷᠠᠭᠰᠠᠨ ᠡᠳᠦᠷ ᠰᠦᠨᠢ ᠶᠢᠨ ᠨᠠᠷ᠎ᠠ ᠪᠢᠯᠨ ᠦᠶ᠎ᠡ ᠵᠠᠯᠭᠠᠨ  ᠬᠠᠶᠢᠯᠠᠬᠰᠠᠨ ᠬᠡᠰᠡᠷ ᠵᠢᠩᠭᠠᠷ ᠤᠨ ᠡᠯᠴᠢ ᠪᠢᠯᠨ ᠳᠡᠭᠡᠳᠦ ᠶᠢᠨ ᠰᠢᠲᠦᠭᠡᠨᠲᠦ ᠭᠠᠯ ᠢᠶᠠᠨ ᠰᠢᠪᠰᠢᠵᠦ ᠠᠷᠭᠠᠳᠠᠭᠰᠠᠨ ᠲᠠᠷᠨᠢ ᠪᠢᠯᠨ ᠲᠡᠭᠷᠢ ᠡᠰᠢ ᠲᠠᠢ ᠮᠣᠩᠭᠤᠯ ᠤᠨ ᠠᠮᠠᠨ ᠠᠴᠠ ᠤᠨᠠᠭᠰᠠᠨ ᠠᠯᠲᠠ ᠪᠢᠯᠨ        ᠳᠦᠯᠬᠢᠯᠡᠭᠰᠡᠨ ᠴᠠᠭ ᠲᠠᠭᠠᠨ ᠳᠠᠯᠠᠢ ᠪᠣᠯᠤᠭᠰᠠᠨ        ᠳᠦᠷᠡᠯᠵᠡᠭᠰᠡᠨ ᠦᠶ᠎ᠡ ᠲᠡᠭᠡᠨ ᠭᠠᠯ ᠪᠣᠯᠤᠭᠰᠠᠨ        ᠬᠤᠣᠰ ᠦᠭᠡᠢ ᠮᠥᠩᠬᠡ ᠬᠡᠯᠨ ᠮᠢᠨᠢ        ᠬᠤᠯᠢᠵᠤ ᠪᠣᠯᠤᠰᠢ ᠦᠭᠡᠢ ᠴᠢᠰᠤᠨ ᠮᠢᠨᠢ   ᠬᠠᠷᠠᠩᠭᠤᠢ ᠭᠠᠷᠠᠭ ᠤᠨ ᠮᠡᠯᠮᠡᠢ ᠶᠢ ᠭᠡᠷᠡᠯ ᠢᠶᠠᠷ ᠠᠮᠠᠯᠠᠭᠰᠠᠨ ᠲᠣᠣᠯᠢ ᠪᠢᠯᠨ ᠬᠠᠲᠠᠭᠤ ᠳᠠᠶᠢᠨ ᠤ ᠰᠦᠷ ᠢ ᠠᠶᠤᠩᠭ᠎ᠠ ᠪᠠᠷ ᠨᠢᠷᠭᠡᠭᠰᠡᠨ ᠲᠡᠭᠷᠢ ᠪᠢᠯᠠ ᠬᠠᠭᠠᠨ ᠲᠥᠷᠦ ᠶᠢᠨ ᠨᠢᠭᠤᠴᠠ ᠶᠢ ᠡᠪᠦᠷᠯᠡᠵᠦ ᠢᠷᠡᠭᠰᠡᠨ ᠤᠯᠠᠭ᠎ᠠ ᠪᠢᠯᠨ ᠬᠠᠲᠤᠨ ᠤᠬᠠᠭᠠᠨ ᠠᠴᠠ ᠴᠡᠴᠡᠭᠯᠡᠭᠰᠡᠨ ᠢᠷᠠᠭᠤ ᠬᠥᠭᠵᠢᠮ ᠤᠨ ᠠᠶᠠᠰ ᠪᠢᠯᠨ         ᠳᠦᠯᠬᠢᠯᠡᠭᠰᠡᠨ ᠴᠠᠭ ᠲᠠᠭᠠᠨ ᠳᠠᠯᠠᠢ ᠪᠣᠯᠤᠭᠰᠠᠨ         ᠳᠦᠷᠡᠯᠵᠡᠭᠰᠡᠨ ᠦᠶ᠎ᠡ ᠲᠡᠭᠡᠨ ᠭᠠᠯ ᠪᠣᠯᠤᠭᠰᠠᠨ         ᠬᠠᠮᠤᠭ ᠮᠣᠩᠭᠤᠯ ᠤᠨ ᠠᠮᠢ ᠮᠢᠨᠢ           ᠬᠠᠯᠠᠵᠤ ᠪᠣᠯᠤᠰᠢ ᠦᠭᠡᠢ ᠣᠪᠤᠭ ᠮᠢᠨᠢ ᠪᠦᠮᠪᠦᠷᠴᠡᠭ ᠤᠨ ᠰᠣᠨᠤᠷ ᠢ ᠪᠠᠶᠠᠰᠬᠠᠭᠰᠠᠨ ᠪᠦᠯᠢᠶᠡᠨ ᠰᠠᠨᠰᠠᠷ ᠤᠨ ᠲᠤᠶᠠᠭ᠎ᠠ ᠪᠢᠯᠨ ᠪᠣᠰᠤᠭ᠎ᠠ ᠦᠰᠦᠭ ᠢᠶᠠᠷ ᠱᠦᠩᠨᠡᠭᠰᠡᠨ ᠪᠢᠯᠢᠭ ᠤᠨ ᠤᠬᠠᠭᠠᠨ ᠤ ᠭᠡᠷᠡᠯ ᠪᠢᠯᠨ ᠪᠣᠶᠠᠨ ᠵᠠᠶᠠᠭ᠎ᠠ ᠶᠢ ᠳᠠᠭᠤᠳᠠᠳᠠᠭ ᠪᠤᠷᠬᠠᠨ ᠤ ᠠᠯᠲᠠᠨ ᠬᠤᠩᠬ᠎ᠠ ᠪᠢᠯᠨ ᠪᠡᠶ᠎ᠡ ᠰᠡᠳᠬᠢᠯ ᠢ ᠠᠷᠢᠭᠤᠯᠠᠳᠠᠭ ᠪᠢᠯᠢᠭᠦᠨ ᠰᠤᠳᠤᠷ ᠤᠨ ᠢᠯᠴᠢ ᠪᠢᠯᠨ         ᠳᠦᠯᠬᠢᠯᠡᠭᠰᠡᠨ ᠴᠠᠭ ᠲᠠᠭᠠᠨ ᠳᠠᠯᠠᠢ ᠪᠣᠯᠤᠭᠰᠠᠨ         ᠳᠦᠷᠡᠯᠵᠡᠭᠰᠡᠨ ᠦᠶ᠎ᠡ   ᠳᠡᠭᠡᠨ ᠭᠠᠯ ᠪᠣᠯᠤᠭᠰᠠᠨ         ᠬᠠᠭᠠᠨ ᠴᠢᠩᠭᠢᠰ ᠤᠨ ᠵᠠᠰᠠᠭ ᠮᠢᠨᠢ         ᠬᠠᠶᠠᠵᠤ ᠪᠣᠯᠤᠰᠢ ᠦᠭᠡᠢ ᠬᠡᠯᠡ ᠮᠢᠨᠢ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号