ᠲᠣᠯᠣᠳ᠂ ᠬᠠ᠊᠂ ᠪᠠᠶᠠᠷ - ᠮᠢᠨᠦ ᠮᠣᠩᠭᠤᠯ ᠬᠡᠯᠡ
ᠨᠡᠶᠢᠲᠡᠯᠡᠭᠰᠡᠨ ᠴᠠᠭ᠄
2019/12/6
ᠮᠢᠨᠦ ᠮᠣᠩᠭᠤᠯ ᠬᠡᠯᠡ                                         ᠤᠯᠠᠭᠠᠨᠬᠤᠳᠠ ᠵᠢᠨ‌ᠠᠷᠦ ᠬᠤᠷᠴᠢᠨ  ᠬᠤᠰᠢᠭᠤ                                              ᠲᠣᠯᠣᠳ᠂ ᠬᠠ᠊᠂ ᠪᠠᠶᠠᠷ ᠬᠡᠯᠡ ᠮᠢᠨᠢ᠂ ᠬᠡᠯᠡ ᠮᠢᠨᠢ ᠮᠢᠨᠦ ᠮᠣᠩᠭᠤᠯ ᠬᠡᠯᠡ ᠶᠢᠷᠳᠢᠨᠴᠦ ᠶᠢᠨ ᠴᠢᠬᠢᠨ ᠳᠤ ᠮᠣᠩᠭᠤᠯ ᠢ ᠲᠠᠭᠤᠷᠢᠰᠬᠠᠬᠤ ᠡᠯᠴᠢ ᠪᠣᠯᠵᠦ ᠡᠵᠡᠨ ᠴᠢᠩᠬᠢᠰ ᠤᠨ ᠲᠣᠯᠭ᠎ᠠ ᠶᠢ ᠪᠠᠳᠠᠷᠠᠭᠠᠭᠰᠠᠨ ᠲᠠᠷᠬᠠᠨ ᠬᠡᠯᠡ ᠮᠢᠨᠢ ᠡᠶ᠎ᠡ ᠨᠠᠶᠢᠷᠠᠮᠳᠠᠯᠳᠦ ᠲᠡᠯᠡᠬᠡᠢ ᠶᠢ ᠡᠬᠦᠳᠬᠦ ᠣᠯᠠᠭᠠᠴᠢ ᠪᠣᠯᠵᠦ ᠡᠴᠢᠬᠡ ᠲᠡᠭᠷᠢ ᠠᠴᠠ ᠵᠣᠭᠰᠤᠭ᠎ᠠ ᠵᠠᠶᠠᠭᠠᠭᠰᠠᠨ ᠲᠠᠶᠢᠴᠢᠨ ᠬᠡᠯᠡ ᠮᠢᠨᠢ ᠠ ᠬᠦᠢ᠂ ᠮᠢᠨᠦ ᠮᠣᠩᠭᠤᠯ ᠬᠡᠯᠡ ᠡᠪᠦᠭᠡ ᠲᠡᠬᠡᠳᠣ ᠶᠢᠨ ᠦᠮᠴᠢ ᠬᠦᠷᠦᠩᠬᠡ ᠦᠰᠬᠦ ᠨᠠᠰᠣᠨ ᠤ ᠦᠪᠯᠡᠬᠦ ᠬᠦᠷᠦᠩᠬᠡ ᠦᠨᠳᠦᠰᠦᠳᠡᠨ ᠶᠠᠰᠣᠳᠠᠨ ᠤ ᠵᠠᠯᠭᠠᠮᠵᠢ ᠬᠦᠷᠦᠩᠬᠡ ᠡᠬᠦᠷᠢᠳᠠ ᠪᠠᠯᠠᠷᠠᠬᠤ ᠦᠬᠡᠢ ᠮᠦᠡᠭᠬᠡ ᠶᠢᠨ ᠬᠦᠷᠦᠩᠬᠡ ᠮᠢᠨᠦ ᠮᠣᠩᠭᠤᠯ ᠬᠡᠯᠡ ᠮᠢᠨᠢ ᠡ︕ ᠬᠡᠯᠡ ᠮᠢᠨᠢ᠂ ᠬᠡᠯᠡ ᠮᠢᠨᠢ ᠮᠢᠨᠦ ᠮᠣᠩᠭᠤᠯ ᠬᠡᠯᠡ ᠮᠢᠨᠢ ᠮᠢᠩᠭᠠᠨ  ᠬᠡᠯᠡᠨ ᠤ ᠢᠯᠡᠳᠬᠡᠬᠦ ᠴᠢᠳᠠᠪᠣᠷᠢ ᠶᠢᠨ ᠭᠠᠶᠢᠬᠠᠮᠰᠢᠭ ᠲᠣᠮᠳᠠ ᠮᠠᠩᠯᠠᠢ ᠪᠣᠯᠵᠦ ᠡᠬᠡᠰᠢᠭ ᠪᠦᠷᠢᠨ ᠢᠶᠠᠷ ᠢᠶᠠᠨ ᠴᠣᠯᠭᠤᠷᠠᠵᠦ ᠭᠠᠷᠣᠭᠰᠠᠨ ᠲᠦᠮᠡᠨ ᠬᠡᠯᠡᠨ ᠤ ᠲᠣᠳᠣᠷᠠᠭᠤᠯᠬᠤ ᠣᠷ᠎ᠠ ᠶᠢᠨ ᠠᠪᠢᠶᠠᠰ ᠲᠣᠮᠳᠠ ᠲᠡᠬᠦᠯᠳᠡᠷ ᠠᠪᠢᠶᠠᠨ ᠤ ᠰᠢᠳᠢ ᠶᠢ ᠭᠠᠶᠢᠬᠠᠭᠤᠯᠵᠦ ᠠᠯᠳᠠᠷᠰᠢᠵᠦ ᠶᠠᠪᠣᠭᠰᠠᠨ ᠲᠠᠬᠢᠯᠳᠠ ᠬᠡᠯᠡ ᠮᠢᠨᠢ᠂ ᠬᠡᠯᠡ ᠮᠢᠨᠢ ᠮᠢᠨᠦ ᠮᠣᠩᠭᠤᠯ ᠬᠡᠯᠡ ᠮᠢᠨᠢ ᠠᠯᠳᠠᠨ ᠲᠡᠯᠡᠬᠡᠢ ᠶᠢᠨ ᠰᠣᠶᠣᠯ ᠤᠨ ᠪᠣᠣᠬᠢᠶ᠎ᠠ ᠳᠤ ᠵᠠᠮᠴᠢ ᠪᠣᠯᠣᠭᠰᠠᠭᠠᠷ ᠠᠯᠳᠠᠢ ᠬᠢᠨᠭ᠍ᠭᠠᠨ ᠲᠠᠢ ᠪᠠᠨ ᠰᠦᠨᠳᠡᠷᠯᠡᠨ ᠣᠷᠣᠰᠢᠬᠤ ᠲᠦᠷᠦᠯᠬᠢ ᠬᠡᠯᠡ ᠮᠢᠨᠢ ᠠᠷᠭ᠎ᠠ ᠪᠢᠯᠢᠭ ᠤᠨ ᠣᠬᠠᠭᠠᠨ ᠢ ᠨᠡᠬᠡᠬᠡᠬᠦ ᠲᠦᠯᠬᠢᠬᠦᠷ ᠪᠣᠯᠣᠭᠰᠠᠭᠠᠷ ᠠᠯᠳᠠᠨ ᠨᠠᠷᠠᠨ ᠤ ᠰᠠᠴᠣᠷᠠᠭ ᠲᠠᠢ ᠮᠦᠡᠭᠬᠡᠷᠡᠬᠦ ᠡᠬᠡ ᠬᠡᠯᠡ ᠮᠢᠨᠢ ᠲᠠᠬᠢᠯᠳᠠ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号