ᠮᠠ᠊᠂ ᠡᠷᠳᠡᠨᠢᠪᠠᠳᠤ -  ᠮᠢᠨᠤ ᠮᠣᠩᠭᠤᠯ ᠬᠡᠯᠡ
ᠨᠡᠶᠢᠲᠡᠯᠡᠭᠰᠡᠨ ᠴᠠᠭ᠄
2019/12/6
       ᠮᠢᠨᠤ ᠮᠣᠩᠭᠤᠯ ᠬᠡᠯᠡ                        ᠲᠦᠡᠭᠯᠢᠶᠤᠤ ᠬᠤᠳᠠ ᠶᠢᠨ ᠵᠠᠷᠤᠳ ᠬᠤᠰᠢᠭᠤ                                  ᠮᠠ᠊᠂ ᠡᠷᠳᠡᠨᠢᠪᠠᠳᠤ ᠴᠠᠭᠠᠨ ᠳᠤᠯᠤᠭᠠᠢ ᠶᠢᠨ ᠠᠶᠠᠯᠭᠤ ᠨᠡᠮᠡᠵᠦ ᠡᠶᠢᠮᠦ ᠯᠠ ᠰᠠᠶᠢᠬᠠᠨ ᠰᠤᠨᠤᠰᠳᠠᠬᠤ ᠴᠠᠭᠯᠠᠰᠢ ᠦᠭᠡᠢ ᠢᠲᠡᠭᠡᠯ ᠤᠯᠭᠤᠬᠤ ᠮᠢᠨᠤ ᠮᠣᠩᠭᠤᠯ ᠬᠡᠯᠡ ᠴᠠᠭ ᠤᠨ ᠤᠷᠲᠤ ᠳᠤ ᠠᠰᠤᠷᠤ ᠪᠠᠶᠠᠯᠢᠭᠵᠢᠵᠤ ᠡᠭᠡᠰᠢᠭ ᠳᠤᠳᠤᠬᠠᠨ ᠶᠠᠷᠢᠭᠳᠠᠬᠤ ᠴᠢᠮᠠᠯᠠᠰᠢ ᠦᠭᠡᠢ ᠴᠢᠰᠤ ᠶᠢ  ᠪᠠᠳᠠᠷᠠᠭᠠᠬᠤ ᠮᠦᠩᠭᠡ ᠶᠢᠨ ᠭᠡᠭᠡᠨ ᠵᠤᠯᠠ      ᠤᠶᠤᠨ ᠰᠦᠨᠡᠰᠦᠨ ᠤ ᠤᠬᠠᠭ᠎ᠠ ᠭᠡᠶᠢᠮᠤᠷᠢ ᠮᠠᠨᠳᠤᠭᠠᠬᠤ      ᠤᠳᠤᠮ ᠰᠤᠳᠤᠷ ᠤᠨ ᠭᠠᠯ — ᠡᠭᠡ ᠭᠡᠯᠡ ᠮᠢᠨᠤ ᠡᠩᠭᠡ ᠶᠢᠨ ᠳᠠᠭᠤᠷᠢᠰᠬᠤᠯᠠᠩ ᠦᠯᠡᠮᠵᠢ ᠶᠢᠨ ᠵᠤᠭᠤᠭ ᠲᠤ ᠠᠪᠢᠶ᠎ᠠ ᠭᠡᠶᠢᠬᠦᠯᠦᠭᠴᠢ ᠵᠤᠬᠢᠴᠠᠵᠤ ᠢᠷᠡᠬᠦ ᠦᠯᠢᠭᠡᠷ ᠳᠤᠤᠯᠢ ᠶᠢᠨ ᠪᠠᠶᠠᠨ ᠰᠠᠩ ᠳᠤ ᠦᠨᠳᠦᠰᠦᠲᠡᠨ ᠤᠭᠰᠠᠭ᠎ᠠ ᠳᠤᠮᠤᠷᠠᠵᠤ ᠬᠠᠷᠠᠭᠳᠠᠬᠤ ᠡᠪ ᠤᠨ ᠲᠡᠭᠷᠢᠯᠢᠭ ᠦᠷᠯᠦᠭ ᠵᠠᠶᠠᠭᠠᠨ ᠳᠤ ᠭᠡᠦᠭᠡᠳ ᠪᠠᠭᠠᠴᠤᠳ ᠦᠪᠯᠡᠵᠦ ᠳᠡᠭᠡᠵᠢᠯᠡᠬᠦ ᠡᠷᠭᠡ ᠴᠢᠯᠦᠭᠡᠨ ᠤ ᠰᠠᠷᠠᠭᠤᠯ ᠢᠷᠡᠭᠡᠳᠦᠢ ᠳᠤ ᠬᠤᠳᠤᠮ ᠪᠢᠴᠢᠭ ᠮᠠᠨᠢ ᠪᠣᠰᠤᠭ᠎ᠠ ᠦᠯᠡᠳᠡᠬᠦ      ᠤᠶᠤᠨ ᠰᠦᠨᠡᠰᠦᠨ ᠤ ᠤᠬᠠᠭ᠎ᠠ ᠭᠡᠶᠢᠮᠤᠷᠢ ᠮᠠᠨᠳᠤᠭᠠᠬᠤ      ᠤᠳᠤᠮ ᠰᠤᠳᠤᠷ ᠤᠨ ᠭᠠᠯ — ᠡᠭᠡ ᠭᠡᠯᠡ ᠮᠢᠨᠤ ᠨᠠᠷᠠᠳᠤ ᠶᠢᠨ ᠵᠠᠢ ᠳᠤ ᠰᠣᠣ ᠠᠯᠳᠠᠷ ᠴᠢᠨᠢ ᠤᠷᠳᠤ ᠶᠢᠨ ᠳᠠᠭᠤᠤ ᠪᠠᠷ ᠢᠶᠠᠨ ᠳᠠᠨᠢᠭᠳᠠᠭᠰᠠᠨ ᠨᠠᠢᠮᠠᠨ ᠵᠠᠭᠤᠨ ᠤ ᠰᠢᠷᠭᠠᠯ ᠪᠦᠷᠦᠢ ᠳᠤ ᠭᠤᠯᠤᠮᠳᠠ ᠵᠠᠯᠭᠠᠨ ᠭᠠᠶᠢᠬᠠᠭᠳᠠᠭᠰᠠᠨ ᠨᠠᠷᠮᠠᠢ ᠮᠣᠩᠭᠤᠯ ᠤᠨ ᠤᠤᠭᠠᠯ ᠬᠦᠭᠡᠮᠡᠢ ᠲᠡᠩᠳᠡᠬᠦᠦ ᠠᠭᠤᠵᠢᠷᠠᠮᠠᠷ ᠠᠰᠬᠠᠷᠠᠭᠰᠠᠨ ᠨᠡᠬᠦᠳᠡᠯ ᠰᠤᠶᠤᠯ ᠤᠨ ᠨᠢᠭᠤᠴᠠ ᠳᠤᠪᠴᠢᠶᠠᠨ ᠳᠤ  ᠬᠡᠲᠦᠷᠡᠭᠦᠦ ᠨᠠᠳᠢᠩᠨᠠᠮᠠᠷ ᠲᠡᠮᠳᠡᠭᠯᠡᠭᠳᠡᠭᠰᠡᠨ      ᠤᠶᠤᠨ ᠰᠦᠨᠡᠰᠦᠨ ᠤ ᠤᠬᠠᠭ᠎ᠠ ᠭᠡᠶᠢᠮᠤᠷᠢ ᠮᠠᠨᠳᠤᠭᠠᠬᠤ      ᠤᠳᠤᠮ ᠰᠤᠳᠤᠷ ᠤᠨ ᠭᠠᠯ — ᠡᠭᠡ ᠭᠡᠯᠡ ᠮᠢᠨᠤ          
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号