ᠵᠤᠷᠢᠭᠰᠠᠶᠢᠬᠠᠨ - ᠮᠢᠨᠤ ᠮᠤᠩᠭᠤᠯ ᠭᠡᠯᠨ
ᠨᠡᠶᠢᠲᠡᠯᠡᠭᠰᠡᠨ ᠴᠠᠭ᠄
2019/12/6
                 ᠮᠢᠨᠤ ᠮᠤᠩᠭᠤᠯ ᠭᠡᠯᠨ                         ᠰᠢᠯᠢ ᠶᠢᠨ ᠭᠤᠤᠯ ᠠᠶᠢᠮᠠᠭ ᠤᠨ                          ᠰᠢᠯᠦᠭᠤᠨ ᠬᠦᠭᠡ ᠬᠤᠰᠢᠭᠤ                                                                        ᠵᠤᠷᠢᠭᠰᠠᠶᠢᠬᠠᠨ ᠲᠡᠯᠡᠭᠡᠢ ᠶᠢᠨ ᠰᠤᠨᠤᠷ ᠢ ᠰᠡᠷᠡᠭᠡᠭᠰᠡᠨ ᠨᠢᠯᠬ᠎ᠠ ᠶᠢᠨ ᠲᠤᠩᠭᠠᠯᠠᠭ ᠠᠪᠢᠶ᠎ᠠ ᠲᠡᠩᠳᠡᠬᠦᠦ ᠬᠠᠶᠢᠷ᠎ᠠ ᠪᠠᠨ ᠢᠪᠢᠯᠭᠡᠭᠰᠡᠨ ᠡᠵᠢ ᠶᠢᠨ ᠤᠶᠠᠬᠠᠨ ᠪᠦᠪᠡᠢ ᠲᠡᠯ ᠲᠠᠢ ᠰᠤᠮᠤᠨ ᠲᠡᠭᠡᠷ᠎ᠡ ᠲᠠᠷᠴᠤᠭᠯᠠᠭᠰᠠᠨ ᠬᠤᠷᠳᠤᠨ ᠤ ᠭᠡᠤᠭᠡᠳ ᠤᠨ ᠬᠢᠩᠭᠤᠤ ᠲᠡᠪᠵᠢᠶ᠎ᠡ ᠬᠤᠳᠤᠯᠵᠠᠳᠠᠯ᠎ᠠ ᠮᠠᠭᠰᠢᠭᠰᠠᠨ ᠬᠦᠴᠦᠳᠤ ᠪᠦᠭᠡ ᠶᠢᠨ ᠤᠷᠢᠶ᠎ᠠ             ᠮᠢᠨᠤ ᠮᠤᠩᠭᠤᠯ ᠭᠡᠯᠨ             ᠮᠦᠩᠭᠡ ᠲᠡᠭᠷᠢ ᠶᠢᠨ ᠡᠭᠡᠰᠢᠭᠯᠡᠯ             ᠡᠩᠭᠡ ᠵᠢᠷᠭᠠᠯᠳᠤ ᠲᠦᠮᠡᠨ ᠤ ᠮᠢᠨᠢ             ᠡᠰᠡᠨᠢᠬᠦ ᠴᠠᠭ ᠤᠨ ᠲᠦᠷᠡᠯᠭᠡ ᠡ ᠬᠠᠯᠠᠭᠤᠨ ᠡᠪ ᠢ ᠵᠠᠬᠢᠭᠰᠠᠨ ᠦᠭᠡᠯᠤᠨ ᠡᠭᠡ ᠶᠢᠨ ᠰᠤᠷᠭᠠᠯ ᠬᠠᠭᠠᠨ ᠲᠦᠷᠦ ᠶᠢ ᠰᠠᠬᠢᠭᠰᠠᠨ ᠲᠤᠷᠭᠠᠨ ᠴᠡᠷᠢᠭ ᠤᠨ ᠲᠠᠩᠭᠠᠷᠢᠭ ᠬᠠᠳᠠᠨ ᠲᠦᠷᠦᠭᠡ ᠮᠢᠳᠠᠷᠠᠭᠠᠭᠰᠠᠨ ᠬᠦᠯᠦᠭ ᠪᠠᠭᠠᠳᠤᠷ ᠤᠨ ᠤᠤᠬᠠᠢ ᠬᠠᠮᠤᠭ ᠮᠤᠩᠭᠤᠯ ᠢ ᠬᠤᠷᠢᠶᠠᠭᠰᠠᠨ ᠰᠤᠤᠳᠦ ᠴᠢᠩᠬᠢᠰ ᠤᠨ ᠵᠠᠷᠯᠢᠭ             ᠮᠢᠨᠤ ᠮᠤᠩᠭᠤᠯ ᠭᠡᠯᠨ             ᠮᠦᠩᠭᠡ ᠲᠡᠭᠷᠢ ᠶᠢᠨ ᠠᠶᠢᠯᠠᠳᠬᠠᠯ             ᠲᠡᠭᠡᠳᠤ ᠶᠢᠨ ᠵᠠᠶᠠᠭᠠᠳᠤ ᠲᠦᠮᠡᠨ ᠤ ᠮᠢᠨᠢ             ᠲᠡᠪᠵᠢᠬᠦ ᠴᠠᠭ ᠤᠨ ᠲᠦᠷᠡᠯᠭᠡ ᠡ ᠶᠡᠭᠡ ᠤᠬᠠᠭᠠᠨ ᠤᠨᠳᠤᠷᠤᠭᠰᠠᠨ ᠡᠪᠤᠭᠡᠳ ᠤᠨ ᠠᠷᠢᠭᠤᠨ ᠵᠠᠬᠢᠶᠠᠰᠤ ᠢᠳᠡᠭᠡᠯ ᠤᠨ ᠭᠠᠯ ᠪᠠᠳᠠᠷᠠᠭᠠᠭᠰᠠᠨ ᠦᠨᠢ ᠶᠢᠨ ᠭᠡᠶᠢᠮᠤᠷᠢ ᠲᠠᠢ ᠰᠤᠶᠤᠯ ᠢᠷᠤᠭᠡᠯ ᠪᠡᠯᠭᠡ ᠶᠢᠨ ᠰᠢᠪᠰᠢᠯᠭᠡ ᠲᠠᠢ ᠡᠭᠡᠰᠢᠭᠯᠡᠩᠳᠤ ᠲᠦᠪ ᠠᠶᠠᠯᠭᠤ ᠶᠢᠷᠳᠢᠨᠴᠤ ᠶᠢᠨ ᠮᠠᠩᠨᠠᠢ ᠳᠤ ᠭᠡᠷᠡᠯ ᠲᠠᠢ ᠰᠢᠳᠤᠭᠡᠨ ᠮᠤᠩᠭᠤᠯ  ᠪᠢᠴᠢᠭ             ᠮᠢᠨᠤ ᠮᠤᠩᠭᠤᠯ ᠭᠡᠯᠨ             ᠮᠦᠩᠭᠡ ᠲᠡᠭᠷᠢ ᠶᠢᠨ ᠲᠠᠭᠤᠷᠢᠰᠬᠠᠯ             ᠴᠢᠩ ᠵᠤᠷᠢᠭᠳᠤ ᠲᠦᠮᠡᠨ ᠤ ᠮᠢᠨᠢ             ᠴᠡᠴᠡᠭᠯᠡᠬᠦ ᠴᠠᠭ ᠤᠨ ᠲᠦᠷᠡᠯᠭᠡ ᠡ                                  
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号