ᠬᠡᠦᠬᠡᠳ‌‍ᠦᠨ ᠡᠷᠡᠭᠦᠯ ᠢᠶᠠᠷ ᠦᠰᠦᠨ ᠪᠤᠶᠢᠵᠢᠬᠤ ᠳᠤ ᠭᠡᠭᠡᠨ ᠰᠠᠷᠠᠭᠤᠯ ᠵᠠᠮ ᠳᠡᠪᠢᠰᠴᠦ ᠥᠭᠭᠦᠭᠡᠴᠢ
ᠨᠡᠶᠢᠲᠡᠯᠡᠭᠰᠡᠨ ᠴᠠᠭ᠄
2019/4/8
         ︽ᠪᠦᠷ ᠶᠡᠭᠡ ᠰᠠᠶᠢᠨ︾ ᠭᠡᠬᠦ ᠵᠦᠴᠦᠭᠡ ᠶᠢᠨ ᠰᠠᠶ᠋ᠢᠬᠠᠨ ᠨᠡᠪᠲᠡᠷᠭᠦᠯᠦᠭᠳᠦᠵᠦ  ᠲᠡᠭᠦᠰᠦᠭᠰᠡᠨ  ᠪᠤᠯᠪᠠᠴᠤ᠂  ᠡᠷᠡᠭᠲᠡᠶ ᠶᠢ ᠬᠦᠨᠳᠦᠳᠬᠡᠨ ᠡᠮᠡᠭᠲᠡᠶ ᠶᠢ ᠬᠥᠩᠭᠡᠪᠴᠢᠯᠡᠬᠦ᠂ ᠥᠲᠡᠭᠦᠰ ᠢ ᠮᠦᠯᠵᠢᠬᠦ᠂  ᠠᠴᠢᠯᠠᠯ ᠢ  ᠤᠮᠠᠷᠲᠠᠬᠤ᠁  ᠡᠳᠡᠭᠡᠷ  ᠭᠡᠷ  ᠪᠦᠯᠢ ᠶᠢᠨ ᠠᠪᠴᠢᠷᠠᠭᠰᠠᠨ ︽ᠬᠠᠶᠢᠷ᠎ᠠ︾ ᠪᠠ ︽ᠭᠠᠰᠠᠯᠠᠩ︾᠎ ᠠᠴᠠ ᠪᠣᠯᠤᠭᠰᠠᠨ ᠬᠠᠯᠠᠮᠰᠢᠯ  ᠶᠠᠷᠢᠶ᠎ᠠ ᠨᠢ  ᠬᠠᠷᠢᠨ  ᠶᠡᠷᠦ  ᠨᠠᠮᠳᠠᠭ᠎ᠠ  ᠦᠭᠡᠢ᠂ ᠬᠥᠮᠥᠨ ᠪᠦᠬᠦᠨ ᠡᠨᠡ ᠬᠦ ᠵᠦᠴᠦᠭᠡ ᠠᠴᠠ ᠥᠪᠡᠷ ᠤᠨ ᠭᠡᠷ  ᠪᠦᠯᠢ ᠶᠢᠨ ᠢᠶᠠᠨ  ᠤᠯᠠ  ᠮᠥᠷ ᠢ  ᠣᠯᠵᠤ  ᠦᠵᠡᠬᠦ  ᠰᠢᠤᠬᠠᠨ ᠪᠠᠶᠢᠯ᠎ᠠ᠃         ᠲᠦᠷᠦᠭᠰᠡᠨ ᠭᠡᠷ ᠪᠦᠯᠢ ᠨᠢ ᠬᠡᠦᠬᠡᠳ ᠤᠨ ᠦᠰᠦᠯᠲᠠ ᠪᠤᠶᠢᠵᠢᠯᠲᠠ ᠳᠤ ᠭᠦᠨ ᠨᠥᠯᠥᠭᠡ ᠦᠵᠡᠭᠦᠯᠵᠦ᠂ ᠬᠡᠦᠬᠡᠳ ᠤᠨ ᠦᠰᠦᠨ ᠪᠤᠶᠢᠵᠢᠬᠤ ᠦᠨᠳᠦᠰᠦᠨ ᠰᠢᠮ᠎ᠡ ᠲᠡᠵᠡᠶᠢᠭᠡᠯ ᠪᠤᠯᠳᠠᠭ᠃ ᠰᠠᠶᠢᠨ ᠰᠠᠶᠢᠬᠠᠨ  ᠭᠡᠷ  ᠪᠦᠯᠢ ᠳᠤ  ᠦᠰᠦᠨ  ᠪᠤᠶᠢᠵᠢᠭᠰᠠᠨ ᠬᠡᠦᠬᠡᠳ ᠤᠨ ᠣᠯᠠᠩᠬᠢ ᠨᠢ ᠪᠡᠶ᠎ᠡ ᠳᠡᠭᠡᠨ ᠢᠲᠡᠭᠡᠯ ᠲᠠᠢ ᠪᠠᠶᠢᠵᠤ᠂ ᠦᠪᠴᠢ ᠪᠡᠶ᠎ᠡ ᠵᠥᠪ ᠡᠨᠧᠷᠭᠢ ᠎ ᠲᠠᠢ ᠪᠠᠶᠢᠳᠠᠭ︔ ᠵᠥᠪ  ᠡᠨᠧᠷᠭᠢ ᠲᠤᠲᠠᠮᠠᠭ ᠭᠡᠷ ᠪᠦᠯᠢ ᠳᠤ ᠥᠰᠴᠦ ᠪᠤᠶᠢᠵᠢᠭᠰᠠᠨ ᠬᠡᠦᠬᠡᠳ ᠶᠡᠷᠦ ᠨᠢ ᠵᠠᠩ ᠠᠭᠠᠰᠢ ᠪᠠᠷ‌‍ᠰᠣᠨᠢᠬᠠᠨ ᠪᠠᠶᠢᠵᠤ᠂ ᠥᠰᠴᠦ  ᠪᠤᠶᠢᠵᠢᠬᠤ ᠶᠠᠪᠤᠴᠠ ᠳᠤ ᠪᠠᠨ ᠴᠥᠭᠡᠨ ᠪᠤᠰᠤ ᠨᠤᠭᠤᠷᠠᠯ ᠪᠦᠳᠦᠷᠢᠯ ᠳᠤ ᠤᠴᠠᠷᠠᠳᠠᠭ᠃          ᠰᠦᠯᠵᠢᠶᠡᠨ ᠳᠡᠭᠡᠷ᠎ᠡ ᠠᠴᠠ ᠬᠥᠮᠦᠰ ᠰᠡᠳᠬᠢᠯ ᠢ ᠰᠢᠮᠰᠢᠷᠡᠭᠦᠯᠦᠮ᠎ᠡ ᠮᠡᠳᠡᠭᠡ  ᠎ ᠶᠢ  ᠦᠷᠭᠦᠯᠵᠢ  ᠰᠤᠨᠤᠰᠳᠠᠭ᠄  ᠡᠮᠦᠨᠡᠬᠡᠨ ᠰᠦᠯᠵᠢᠶᠡᠨ ᠳᠤ ᠬᠠᠯᠠᠮᠰᠢᠯ ᠪᠣᠯᠣᠭᠰᠠᠨ ︽ᠵᠢᠭᠠᠰᠤ ᠠᠯᠠᠭᠴᠢ ᠳᠡᠭᠦᠤ︾ ᠳᠠᠬᠢᠨ ᠶᠠᠷᠢᠶ᠎ᠠ ᠬᠡᠯᠡᠯᠴᠡᠭᠡᠨ ᠳᠤ ᠤᠷᠢᠶᠠᠭᠳᠠᠵᠢ᠃  ᠡᠨᠡ ᠨᠢ ᠵᠢᠭᠠᠰᠤ ᠠᠩᠨᠠᠭᠰᠠᠨ ᠠᠴᠠ ᠪᠣᠯᠤᠭᠰᠠᠨ  ᠪᠢᠰᠢ᠂  ᠡᠮ  ᠤᠤᠭᠤᠵᠤ  ᠬᠤᠤᠷᠳᠠᠭᠰᠠᠨ  ᠴᠤ  ᠪᠢᠰᠢ᠂  ᠬᠠᠷᠢᠨ  ᠭᠡᠷᠡᠯᠲᠦᠵᠦ ᠵᠣᠳᠣᠯᠳᠤᠭᠰᠠᠨ ᠠᠴᠠ ᠪᠣᠯᠤᠭᠰᠠᠨ ᠶᠤᠮ᠃ ︽ᠵᠢᠭᠠᠰᠤ ᠠᠯᠠᠭᠴᠢ ᠳᠡᠭᠦᠤ︾᠎ ᠶᠢᠨ ᠭᠡᠷ ᠪᠦᠯᠢ ᠳᠤ ᠬᠡᠷᠡᠭᠦᠯ  ᠵᠣᠳᠣᠭᠠᠨ  ᠬᠢᠬᠦ ᠨᠢ ᠬᠡᠪ ᠤᠨ ᠬᠡᠷᠡᠭ ᠶᠤᠮ᠃ ︽ᠵᠢᠭᠠᠰᠤ ᠠᠯᠠᠭᠴᠢ‌‍ᠲ᠋ᠡᠭᠦᠤ︾ ᠤᠭ  ᠎ ᠨᠢ  ᠰᠤᠷᠭᠠᠭᠤᠯᠢ ᠳᠤ ᠪᠠᠨ  ᠪᠤᠴᠠᠵᠦ  ᠬᠢᠴᠢᠶᠡᠯᠯᠡᠭᠰᠡᠨ  ᠶᠤᠮ᠃ ᠭᠡᠪᠡᠴᠦ ᠬᠢᠴᠢᠶᠡᠯ ᠰᠠᠭᠠᠲᠠᠭᠰᠠᠨ ᠠᠴᠠ ᠪᠣᠯᠵᠤ ᠬᠢᠴᠢᠶᠡᠯ ᠤᠨ ᠠᠬᠢᠴᠠ ᠶᠢ ᠳᠠᠭᠠᠵᠤ ᠲᠡᠶᠢᠯᠬᠦ ᠦᠭᠡᠢ ᠪᠠᠶᠢᠯ᠎ᠠ᠂ ᠳᠡᠭᠡᠬᠦ ᠳᠤ ᠠᠪᠤ ᠨᠢ ᠲᠡᠭᠦᠨ ᠳᠤ  ᠨᠣᠮ  ᠰᠤᠷᠤᠭᠠᠳ  ᠬᠡᠷᠡᠭ  ᠦᠭᠡᠢ  ᠬᠠᠷᠢᠵᠤ  ᠵᠢᠭᠠᠰᠤ ᠪᠠᠨ  ᠠᠯᠠ  ᠭᠡᠵᠡᠢ᠃  ᠡᠶᠢᠮᠦᠷᠬᠦᠦ  ︽ᠬᠡᠷᠡᠭ  ᠦᠭᠡᠢ ᠤᠨᠤᠯ︾᠎ ᠤᠨ ᠬᠤᠣᠷ  ᠬᠥᠨᠥᠭᠡᠯ  ᠤᠯᠠᠮ  ᠨᠢᠭᠡ  ᠠᠯᠬᠤᠮ  ᠨᠡᠮᠡᠭᠳᠡᠬᠦ  ᠦᠶ᠎ᠡ ᠳᠤ᠂  ︽ᠵᠢᠭᠠᠰᠤ  ᠠᠯᠠᠭᠴᠢ  ᠳᠡᠭᠦᠤ︾  ᠎ ᠶᠢᠨ ᠠᠮᠢᠳᠤᠷᠠᠯ ᠤᠨ ᠵᠠᠮ ᠮᠥᠷ ᠨᠢ ᠶᠠᠪᠤᠬᠤ ᠲᠤᠲᠤᠮ ᠬᠡᠯᠪᠠᠶᠢᠪᠡ᠃          ᠠᠶᠢᠯ ᠪᠤᠯᠭᠠᠨ ᠳᠤ ᠠᠶᠢᠯᠠᠳᠬᠤ ᠳᠤ ᠪᠡᠷᠬᠡᠲᠡᠢ ᠤᠴᠢᠷ ᠪᠠᠶᠢᠳᠠᠭ᠂ ᠪᠢᠳᠡ ᠲᠦᠷᠦᠬᠦ ᠤᠷᠴᠢᠨ ᠢᠶᠠᠨ  ᠰᠣᠩᠭᠤᠬᠤ ᠶᠢᠨ ᠠᠷᠭ᠎ᠠ ᠦᠭᠡᠢ  ᠪᠤᠯᠪᠠᠴᠤ᠂  ᠰᠠᠶᠢᠨ  ᠰᠠᠶᠢᠬᠠᠨ  ᠢᠷᠡᠭᠡᠳᠦᠶ ᠶᠢᠨ  ᠲᠥᠯᠥᠭᠡ  ᠴᠢᠷᠮᠠᠶᠢᠨ  ᠲᠡᠮᠡᠴᠡᠵᠦ  ᠪᠣᠯᠤᠨ᠎ᠠ᠃  ︽ᠶᠠᠳᠠᠭᠤ ᠵᠦᠳᠡᠭᠦᠦ ᠳᠤ ᠲᠠᠯᠠᠷᠬᠠᠶ᠎ᠠ︾ ᠭᠡᠬᠦ ᠵᠣᠬᠢᠶᠠᠯ ᠨᠢ ᠶᠡᠭᠡ ᠳᠡᠭᠡᠳᠦ ᠰᠤᠷᠭᠠᠭᠤᠯᠢ ᠶᠢᠨ ᠰᠤᠷᠤᠭᠴᠢ  ᠡᠯᠰᠡᠬᠦ  ᠰᠢᠯᠭᠠᠯᠲᠠ ᠶᠢᠨ  ᠮᠠᠩᠯᠠᠶ ᠪᠤᠯᠤᠭᠰᠠᠨ ᠸᠠᠩ ᠰᠢᠨ ᠢ ᠶᠢ  ᠲᠦᠮᠡᠨ ᠤ  ᠬᠠᠷᠠᠭᠠᠨ ᠳᠤ  ᠣᠷᠣᠭᠤᠯᠪᠠ᠃  ᠡᠩ ᠤᠨ  ᠲᠠᠷᠢᠶᠠᠴᠢᠨ  ᠠᠶᠢᠯ ᠳᠤ  ᠲᠥᠷᠥᠵᠦ᠂ ᠡᠵᠢ ᠶᠢᠨ ᠬᠢᠨᠢ ᠪᠡᠶ᠎ᠡ ᠨᠢ ᠮᠠᠭᠤ᠂ ᠡᠪᠡᠳᠴᠢᠨ ᠡᠮᠭᠡᠭ ᠲᠠᠢ᠂ ᠨᠠᠭᠠᠴᠤ ᠡᠪᠦᠭᠡ  ᠎ ᠨᠢ  ᠠᠮᠢᠳᠤᠷᠠᠯ ᠢᠶᠠᠨ  ᠥᠪᠡᠷ ᠢᠶᠠᠨ  ᠠᠷᠭᠠᠴᠠᠵᠤ ᠲᠡᠶᠢᠯᠬᠦ ᠦᠭᠡᠢ᠂ ᠬᠤᠶᠠᠷ ᠳᠡᠭᠦᠦ ᠨᠢ ᠪᠦᠷ ᠰᠤᠷᠭᠠᠭᠤᠯᠢ ᠳᠤ ᠰᠠᠭᠤᠵᠤ᠂  ᠨᠢᠭᠡ  ᠭᠡᠷ ᠤᠨ  ᠵᠢᠷᠭᠤᠭᠠᠨ  ᠠᠮᠠ ᠨᠢ  ᠪᠦᠷ  ᠪᠦᠬᠦ ᠭᠡᠷ ᠤᠨ  ᠲᠠᠪᠤᠨ  ᠮᠦ  ᠭᠠᠵᠠᠷ  ᠪᠠ  ᠡᠴᠢᠭᠡ ᠶᠢᠨ ᠢᠶᠠᠨ  ᠬᠥᠯᠥᠰᠦᠨ  ᠠᠵᠢᠯ  ᠬᠢᠵᠦ  ᠣᠯᠣᠭᠰᠠᠨ  ᠬᠡᠳᠦᠨ   ᠮᠥᠩᠭᠦ ᠪᠠᠷ ᠠᠮᠢᠳᠤᠷᠠᠯ ᠢᠶᠠᠨ ᠳᠣᠳᠣᠮᠳᠠᠭ  ᠪᠠᠶᠢᠵᠠᠢ᠃  ᠭᠡᠪᠡᠴᠦ  ᠰᠠᠶᠢᠨ  ᠰᠠᠶᠢᠬᠠᠨ  ᠭᠡᠷ  ᠪᠦᠯᠢ ᠶᠢᠨ  ᠰᠤᠷᠭᠠᠨ  ᠬᠥᠮᠦᠵᠢᠯ ᠤᠨ  ᠠᠭᠤᠷ ᠠᠮᠢᠰᠬᠤᠯ ᠨᠢ ᠲᠡᠭᠦᠨ ᠤ ᠶᠠᠳᠠᠭᠤ ᠬᠦᠴᠢᠷᠳᠡᠯ ᠢ ᠢᠯᠠᠨ ᠳᠠᠪᠠᠭ᠋ᠤ ᠢᠲᠡᠭᠡᠯ  ᠵᠣᠷᠢᠭ ᠢ ᠨᠢ  ᠬᠦᠪᠴᠢᠯᠡᠭᠰᠡᠨ  ᠪᠥᠭᠡᠳ  ᠴᠥᠬᠦᠷᠡᠰᠢ ᠦᠭᠡᠢ  ᠴᠢᠷᠮᠠᠶᠢᠯᠭ᠎ᠠ ᠪᠠᠷ ᠢᠶᠠᠨ  ᠠᠮᠢᠳᠤᠷᠠᠯ ᠢᠶᠠᠨ  ᠬᠤᠪᠢᠷᠠᠭᠤᠯᠵᠤ᠂  ᠶᠠᠳᠠᠭᠤ  ᠬᠦᠴᠢᠷᠳᠡᠯᠲᠡᠶ  ᠰᠤᠷᠤᠭᠴᠢᠳ ᠲᠤ   ᠦᠯᠢᠭᠡᠷ ᠳᠠᠭᠤᠷᠢᠶᠠᠯ ᠪᠣᠯᠤᠭᠰᠠᠨ ᠶᠤᠮ᠃ ᠡᠨᠡ ᠬᠦ ᠬᠦᠴᠢᠷᠳᠡᠯ ᠤᠨ ᠳᠤᠮᠳᠠ ᠴᠢᠷᠮᠠᠶᠢᠨ ᠲᠡᠮᠡᠴᠡᠬᠦ ᠵᠣᠷᠢᠭ  ᠰᠠᠨᠠᠭ᠎ᠠ ᠨᠢ  ᠮᠦᠨ  ᠯᠡ  ᠸᠠᠩ ᠣᠪᠣᠭᠲᠤ ᠶᠢᠨ ᠬᠤᠵᠢᠮ ᠤᠨ ᠠᠮᠢᠳᠤᠷᠠᠯ ᠤᠨ ᠵᠠᠮ ᠢ ᠶᠠᠪᠤᠬᠤ ᠲᠣᠲᠤᠮ ᠳᠠᠷᠳᠠᠩ ᠪᠤᠯᠭᠠᠨ᠎ᠠ ᠭᠡᠳᠡᠭ ᠢ ᠢᠲᠡᠭᠡᠵᠦ ᠪᠠᠶᠢᠨ᠎ᠠ᠃          ᠭᠡᠷ ᠪᠦᠯᠢ ᠪᠣᠯ ᠬᠡᠦᠬᠡᠳ ᠤᠨ ᠠᠩᠬᠠᠨ ᠤ ᠰᠤᠷᠭᠠᠭᠤᠯᠢ ᠮᠥᠨ᠂ ᠡᠴᠢᠭᠡ ᠡᠬᠡ ᠪᠣᠯ ᠬᠡᠦᠬᠡᠳ ᠤᠨ ᠠᠩᠬᠠᠨ ᠤ  ᠪᠠᠭᠰᠢ ᠮᠥᠨ᠃ ᠳᠤᠮᠳᠠᠳᠤ ᠤᠯᠤᠰ ᠤᠨ ᠲᠡᠤᠬᠡᠨ ᠳᠡᠭᠡᠷ᠎ᠡ ᠬᠡᠦᠬᠡᠳ ᠢ ᠰᠤᠷᠭᠠᠨ ᠬᠥᠮᠦᠵᠢᠭᠦᠯᠦᠭᠰᠡᠨ ᠦᠯᠢᠭᠡᠷ ᠮᠠᠰᠢ ᠣᠯᠠᠨ ᠪᠠᠶᠢᠳᠠᠭ᠃ ᠬᠡᠦᠬᠡᠳ ᠭᠤᠷᠪᠠ  ᠳᠥᠷᠪᠡᠨ  ᠨᠠᠰᠤᠲᠠᠶ  ᠪᠠᠶᠢᠬᠤ ᠳᠠᠭᠠᠨ  ︽ᠬᠥᠮᠥᠨ  ᠲᠥᠷᠬᠦ ᠠᠴᠠ᠂  ᠤᠭ  ᠴᠢᠨᠠᠷ  ᠠᠨᠤ  ᠰᠠᠶᠢᠨ︾  ᠭᠡᠬᠦ ᠺᠦᠩᠽᠢ ᠶᠢᠨ ᠰᠤᠷᠭᠠᠯ ᠢ ᠤᠷᠤᠰᠤᠮ᠎ᠠ ᠰᠠᠶᠢᠬᠠᠨ  ᠴᠡᠭᠡᠵᠢᠯᠡᠭᠰᠡᠨ  ᠪᠠᠶᠢᠳᠠᠭ᠃  ᠦᠷ᠎ᠡ  ᠬᠡᠦᠬᠡᠳ ᠲᠡᠭᠡᠨ  ᠬᠠᠮᠤᠭ ᠤᠨ  ᠰᠠᠶᠢᠨ ᠦᠰᠦᠨ ᠪᠤᠶᠢᠵᠢᠬᠤ ᠣᠷᠴᠢᠨ ᠲᠣᠭᠤᠷᠢᠨ ᠢ ᠪᠦᠷᠢᠯᠳᠦᠭᠦᠯᠬᠦ ᠨᠢ ᠡᠴᠢᠭᠡ ᠡᠬᠡ ᠪᠣᠯᠣᠭᠰᠠᠳ ᠤᠨ ᠬᠠᠷᠢᠭᠤᠴᠠᠯᠭ᠎ᠠ ᠪᠢᠯᠡ᠃          ᠮᠠᠭᠤ  ᠰᠤᠷᠲᠠᠯ  ᠎ ᠲᠠᠢ  ᠭᠡᠷ  ᠪᠦᠯᠢ ᠶᠢᠨ  ᠠᠭᠤᠷ  ᠠᠮᠢᠰᠬᠤᠯ ᠨᠢ  ᠰᠥᠭᠡᠷᠭᠦ  ᠡᠨᠧᠷᠭᠢ ᠶᠢ   ᠲᠠᠰᠤᠷᠠᠯᠲᠠ   ᠦᠭᠡᠢ ᠥᠷᠭᠡᠳᠬᠡᠵᠦ᠂ ᠨᠢᠭᠡ ᠬᠥᠮᠦᠨ ᠤ  ᠵᠠᠩ  ᠴᠢᠨᠠᠷ ᠢ  ᠭᠠᠵᠢᠭᠤᠳᠠᠭᠤᠯᠬᠤ  ᠪᠣᠯᠤᠨ᠎ᠠ᠃  ᠬᠡᠦᠬᠡᠳ  ᠬᠡᠷᠪᠡ  ᠬᠠᠶᠢᠷ᠎ᠠ  ᠪᠢᠯᠬᠠᠮ᠎ᠠ᠂ ᠪᠠᠭᠲᠠᠭᠠᠮᠵᠢᠲᠠᠶ᠂ ᠣᠶᠢᠯᠠᠭᠠᠯᠴᠠᠭ᠎ᠠ ᠰᠠᠶᠢᠲᠠᠢ ᠭᠡᠷ ᠪᠦᠯᠢ ᠳᠤ ᠥᠰᠪᠡᠯ᠂ ᠲᠡᠷᠡ ᠥᠪᠡᠷ ᠢᠶᠠᠨ ᠴᠦ  ᠭᠡᠰᠡᠨ  ᠵᠥᠪ  ᠡᠨᠧᠷᠭᠢ ᠲᠠᠢ᠂ ᠢᠳᠡᠪᠬᠢᠲᠡᠶ᠂ ᠡᠷᠡᠭᠦᠯ ᠥᠭᠡᠳᠡᠷᠬᠡᠭ ᠬᠥᠮᠥᠨ ᠪᠣᠯᠬᠤ ᠶᠤᠮ᠃ ᠭᠡᠷ  ᠬᠤᠲᠠᠯᠠᠭᠠᠷ ᠢᠶᠠᠨ  ᠡᠶ᠎ᠡ  ᠡᠪᠲᠡᠶ  ᠡᠴᠢᠭᠡ ᠨᠢ  ᠡᠨᠡᠷᠢᠩᠭᠦᠶ᠂ ᠬᠦᠦ ᠨᠢ ᠠᠴᠢᠯᠠᠯ ᠲᠠᠢ ᠪᠠᠶᠢᠬᠤ ᠨᠢ ᠵᠢᠷᠭᠠᠯ ᠪᠤᠯᠠᠢ᠃ ᠡᠴᠢᠭᠡ  ᠡᠬᠡ  ᠪᠣᠯᠣᠭᠰᠠᠳ  ᠭᠡᠷ  ᠪᠦᠯᠢ ᠪᠠᠨ  ᠰᠠᠶᠢᠲᠤᠷ  ᠡᠵᠡᠩᠨᠡᠵᠦ᠂ ᠬᠡᠦᠬᠡᠳ ᠤᠨ ᠡᠷᠡᠭᠦᠯ ᠢᠶᠠᠷ ᠦᠰᠦᠨ ᠪᠤᠶᠢᠵᠢᠬᠤ ᠳᠤ ᠵᠥᠪ ᠡᠨᠧᠷᠭᠢ ᠲᠠᠢ ᠰᠠᠶᠢᠬᠠᠨ ᠣᠷᠴᠢᠨ ᠢ ᠬᠠᠩᠭᠠᠬᠤ ᠬᠡᠷᠡᠭᠲᠡᠢ᠃  ︵ᠯᠦᠸᠧ ᠶᠠᠩ︶  
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号