ᠰᠧ᠊ · ᠬᠠᠰᠠᠦ᠋ᠯᠵᠡᠢ ᠶᠢᠨ ︽ᠮᠣᠳᠣᠨ ᠱᠠᠰᠳᠢᠷ︾ ᠰᠢᠯᠦᠭ ᠤᠨ ᠲᠡᠬᠦᠪᠦᠷᠢ  ᠭᠡᠪᠯᠡᠭᠳᠡᠪᠡ
ᠨᠡᠶᠢᠲᠡᠯᠡᠭᠰᠡᠨ ᠴᠠᠭ᠄
2019/4/9
          ᠬᠤᠷᠢᠨ ᠨᠢᠭᠡᠳᠡᠬᠢ ᠲᠡᠯᠡᠬᠡᠢ ᠶᠢᠨ ᠢᠷᠠᠭᠤ  ᠨᠠᠶᠢᠷᠠᠭ   ᠤᠨ  ᠡᠳᠦᠷ  ᠬᠦᠷᠴᠣ  ᠢᠷᠡᠬᠦ   ᠪᠠᠷ᠂ᠣᠷᠡᠨ  ᠵᠣᠬᠢᠶᠠᠯ   ᠤᠨ ᠰᠢᠬᠦᠮᠵᠢᠯᠡᠭᠴᠢ᠂ ᠣᠯᠠᠭᠠᠨᠬᠠᠳᠠ ᠬᠤᠳᠡ ᠶᠢᠨ  ᠣᠳᠬ᠎ᠠ  ᠣᠷᠠᠯᠢᠭ   ᠤᠨ  ᠰᠢᠬᠦᠮᠵᠢᠯᠡᠭᠴᠢᠳ   ᠤᠨ  ᠨᠡᠶᠢᠭᠡᠮᠯᠢᠭ   ᠤᠨ  ᠲᠡᠳ᠋ ᠲᠡᠷᠢᠬᠦᠯᠡᠭᠴᠢ᠂ ᠦᠪᠦᠷ ᠮᠣᠩᠭᠤᠯ ᠤᠨ ᠵᠣᠬᠢᠶᠠᠯᠴᠢᠳ ᠤᠨ ᠡᠪᠯᠡᠯ ᠤᠨ ᠭᠡᠰᠢᠬᠦᠨ᠂ ᠲᠣᠮᠳᠠᠳᠣ ᠣᠯᠣᠰ ᠤᠨ ᠴᠦᠬᠡᠨ  ᠲᠣᠭᠠᠳᠣ ᠦᠨᠳᠦᠰᠦᠳᠡᠨ ᠤ ᠵᠣᠬᠢᠶᠠᠯᠴᠢᠳ ᠤᠨ ᠨᠡᠶᠢᠭᠡᠮᠯᠢᠭ ᠤᠨ ᠭᠡᠰᠢᠬᠦᠨ᠂ ᠪᠠᠭᠠᠷᠢᠨ ᠪᠠᠷᠠᠭᠤᠨ  ᠬᠤᠰᠢᠭᠤᠨ   ᠤ  ᠵᠣᠬᠢᠶᠠᠯᠴᠢᠳ   ᠤᠨ ᠡᠪᠯᠡᠯ ᠤᠨ ᠲᠡᠷᠢᠬᠦᠯᠡᠭᠴᠢ᠂ ᠳ᠋ᠠᠪᠠᠨ ᠤ ᠨᠢᠭᠡᠳᠦᠭᠡᠷ ᠲᠣᠮᠳᠠᠳᠣ ᠰᠣᠷᠭᠠᠭᠤᠯᠢ ᠶᠢᠨ ᠭᠡᠯᠨ ᠪᠢᠴᠢᠭ ᠤᠨ ᠪᠠᠭᠰᠢ ᠰᠧ᠊ · ᠬᠠᠰᠠᠦ᠋ᠯᠵᠡᠢ ᠶᠢᠨ ᠰᠢᠯᠦᠭ ᠤᠨ ᠲᠡᠭᠦᠪᠦᠷᠢ ︽ᠮᠣᠳᠣᠨ ᠱᠠᠰᠳᠢᠷ︾ ᠢ ᠦᠨᠳᠦᠰᠦᠳᠡᠨ ᠤ ᠭᠡᠪᠯᠡᠯ ᠤᠨ ᠬᠤᠷᠢᠶ᠎ᠠ  ᠠᠴᠠ ᠭᠡᠪᠯᠡᠨ ᠲᠠᠷᠬᠠᠭᠠᠪᠠ᠃
         ᠢᠷᠠᠭᠤ ᠨᠠᠶᠢᠷᠠᠭᠴᠢ ᠰᠧ᠊ · ᠬᠠᠰᠠᠦ᠋ᠯᠵᠡᠢ 20 ᠳ᠋ᠣᠭᠠᠷ ᠵᠠᠭᠤᠨ ᠤ ᠨᠠᠶᠠᠭᠠᠳ ᠣᠨ ᠠᠴᠠ ᠡᠬᠢᠯᠡᠨ ᠭᠡᠪᠯᠡᠯ  ᠮᠡᠳᠡᠭᠡᠯᠡᠯ ᠳᠤ ᠰᠢᠯᠦᠭ ᠢᠶᠠᠨ ᠨᠡᠶᠢᠳᠡᠯᠡᠬᠦᠯᠵᠣ᠂ ︽ᠭᠠᠯ ᠲᠡᠯ︾  ︽ᠠᠯᠳᠠᠨ  ᠬᠤᠷ︾  ᠰᠢᠯᠦᠭ   ᠤᠨ  ᠲᠡᠭᠦᠪᠦᠷᠢ  ᠭᠡᠪᠯᠡᠬᠦᠯᠵᠣ᠂  ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠣᠷᠡᠨ ᠵᠣᠬᠢᠶᠠᠯ ᠤᠨ ︽ᠰᠣᠯᠣᠩᠭ᠎ᠠ︾ ᠱᠠᠩᠨᠠᠯ᠂ ᠪᠦᠬᠦ ᠣᠯᠣᠰ ᠤᠨ ︽ᠪᠦᠪᠠᠢ ᠲᠡᠯᠡᠭᠡᠢ︾ ᠢᠷᠠᠭᠤ ᠨᠠᠶᠢᠷᠠᠭ ᠤᠨ ᠨᠠᠭᠠᠳᠣᠮ ᠤᠨ ᠲᠡᠷᠢᠬᠦᠨ ︽ᠠᠯᠳᠠᠨ ᠪᠦᠪᠠᠶᠢᠳᠣ︾ ᠰᠢᠯᠦᠭᠴᠢ  ᠶᠢᠨ ᠡᠷᠬᠦᠮᠵᠢᠯᠡᠯ ᠢ  ᠬᠦᠷᠳᠡᠵᠣ ᠶᠠᠪᠣᠵᠠᠢ᠃ ᠣᠯᠠᠨ ᠤ ᠮᠡᠯᠮᠠᠢ ᠳᠤ ᠬᠦᠷᠴᠣ ᠪᠠᠶᠢᠭ᠎ᠠ ︽ᠮᠣᠳᠣᠨ ᠱᠠᠰᠳᠢᠷ︾ ᠰᠢᠯᠦᠭ ᠤᠨ  ᠲᠡᠬᠦᠪᠦᠷᠢ   ᠳᠤ  ᠵᠣᠬᠢᠶᠠᠭᠴᠢ   ᠶᠢᠨ ᠦᠢᠷ᠎ᠡ ᠶᠢᠨ ᠵᠢᠯ ᠤᠳ ᠲᠤ ᠲᠣᠭᠤᠷᠪᠢᠭᠰᠠᠨ ᠣᠶᠠᠩᠭᠠᠯᠠᠯ᠂ ᠣᠷᠠᠯᠠᠯ᠂ ᠣᠬᠠᠭᠠᠷᠠᠯ ᠤᠨ  ᠢᠳᠡ  ᠬᠠᠪᠤ   ᠲᠠᠢ  ᠵᠢᠷᠨ  ᠭᠠᠷᠦᠢ ᠰᠢᠯᠦᠭ ᠪᠠᠭᠳᠠᠵᠣ᠂ ᠲᠣᠮᠳᠠᠳᠣ ᠣᠯᠣᠰ ᠤᠨ ᠨᠡᠶᠢᠭᠡᠮ ᠤᠨ ᠰᠢᠨᠵᠢᠯᠡᠬᠦ ᠣᠬᠠᠭᠠᠨ ᠤ ᠠᠺᠠᠳᠠᠮᠢ ᠶᠢᠨ ᠰᠣᠳᠣᠯᠣᠭᠴᠢ᠂  ᠳ᠋ᠣᠺᠲ᠋ᠣᠷ᠂ ᠫᠷᠣᠹᠧᠰᠰᠣᠷ᠂ ᠢᠷᠠᠭᠤ ᠨᠠᠶᠢᠷᠠᠭᠴᠢ ᠦ᠊ · ᠨᠠᠴᠢᠨ ᠣᠷᠣᠰᠢᠯ ᠪᠢᠴᠢᠵᠠᠢ᠃ ︵ᠬᠦᠬᠡᠳᠠᠪᠠᠯᠭᠠᠨ︶  
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号