ᠡᠶ᠎ᠡ ᠨᠠᠶᠢᠷᠲᠠᠢ ᠭᠡᠷ ᠪᠥᠯᠢ ᠶᠢᠨ ᠥᠷ᠎ᠠ ᠬᠡᠥᠭᠡᠳ ᠵᠢᠷᠭᠠᠯᠲᠠᠢ
ᠨᠡᠶᠢᠲᠡᠯᠡᠭᠰᠡᠨ ᠴᠠᠭ᠄
2019/4/9
                    ᠵᠣᠬᠢᠶᠠᠭᠴᠢ᠄ ᠬᠥᠷᠠᠯ      ᠨᠢᠳᠤᠨᠤᠨ ᠰᠢᠯᠢ ᠶᠢᠨ ᠬᠤᠳᠠ ᠶᠢᠨ ᠷᠠᠰᠢᠶᠠᠨᠪᠤᠯᠠᠭ ᠪᠠᠯᠭᠠᠰᠤ ᠶᠢᠨ ᠪᠠᠶᠠᠩᠭᠤᠤᠯ ᠭᠠᠴᠠᠭᠠᠨ ᠤ ᠮᠠᠯᠴᠢᠨ  ᠪᠠᠭᠠᠳᠤᠷ ᠤᠨ ᠬᠢᠨ ᠪᠦᠬᠦ ᠠᠶᠢᠮᠠᠭ ᠤᠨ ᠬᠠᠮᠤᠭ ᠭᠤᠶᠤ ᠬᠡᠷ ᠪᠦᠯᠢ ᠪᠠᠷ ᠰᠤᠩᠭᠤᠭᠳᠠᠵᠥ᠂ ᠰᠠᠶᠢᠰᠢᠶᠠᠯ ᠬᠥᠬᠢᠬᠦᠯᠥᠯ  ᠬᠥᠷᠲᠡᠭᠰᠡᠨ ᠪᠢᠯᠡ᠃     ᠪᠠᠭᠠᠳᠤᠷ ᠡᠨᠡ ᠵᠢᠯ 62 ᠨᠠᠰᠤᠲᠠᠢ᠂ ᠬᠡᠷᠬᠡᠢ ᠨᠠᠷᠠᠩᠬᠤᠸᠠᠷ ᠨᠢ 61 ᠨᠠᠰᠤᠳᠠᠢ᠂ ᠤᠳᠤ ᠬᠡᠷ ᠲᠡᠭᠡᠨ ᠪᠠᠭ᠎ᠠ  ᠬᠥᠥ ᠪᠠ ᠬᠥᠥ ᠪᠠᠷᠢ᠂ ᠤᠮᠪᠤᠯᠥ ᠲᠠᠢ ᠪᠠᠨ ᠬᠠᠮᠳᠤ ᠠᠮᠢᠳᠤᠷᠠᠵᠥ᠂ 2200 ᠭᠠᠷᠤᠢ ᠮᠥ ᠨᠤᠳᠤᠭ ᠲᠠᠬᠡᠷ᠎ᠠ ᠪᠠᠨ  ᠭᠠᠳᠠᠨ᠎ᠠ ᠠᠴᠠ ᠨᠢᠬᠡ ᠪᠦᠯᠥᠭ ᠨᠤᠳᠤᠭ ᠲᠦᠷᠢᠶᠠᠰᠤᠯᠠᠨ 30 ᠭᠠᠷᠤᠢ ᠦᠬᠡᠷ᠂ 300 ᠭᠠᠷᠤᠢ ᠬᠤᠨᠢ ᠮᠠᠯᠵᠢᠵᠥ᠂  ᠭᠤᠷᠪᠠᠨ ᠦᠶ᠎ᠠ ᠪᠠᠷ ᠢᠶᠠᠨ ᠡᠶ᠎ᠡ ᠨᠠᠶᠢᠷᠲᠠᠢ᠂ ᠪᠠᠶᠠᠷ ᠬᠦᠷ ᠲᠠᠢ ᠴᠢᠨᠠᠬᠡᠯᠢᠭ ᠠᠮᠢᠲᠤᠷᠠᠵᠥ ᠪᠤᠢ᠃ ᠨᠠᠷᠠᠩᠬᠤᠸᠠᠷ ᠤᠨ  ᠡᠴᠢᠬᠡ ᠨᠢ ᠤᠤᠯ ᠤᠨ ᠷᠠᠰᠢᠶᠠᠨᠪᠤᠯᠠᠭ ᠰᠤᠮᠤ ᠶᠢᠨ ᠨᠠᠮ ᠤᠨ ᠬᠤᠷᠢᠶᠠᠨ ᠤ ᠱᠦᠵᠢ ᠪᠠᠶᠢᠵᠥ᠂ ᠲᠤᠬᠠᠢ ᠶᠢᠨ  ᠥᠶ᠎ᠠ ᠳᠤ ᠥᠬᠢᠨ ᠳᠡᠭᠡᠨ ᠬᠤᠳᠠ ᠳᠤ ᠠᠵᠢᠯ ᠲᠤᠬᠢᠷᠠᠭᠤᠯᠵᠥ ᠥᠭᠭᠦ ᠬᠡᠰᠠᠨ ᠪᠤᠯᠪᠠᠴᠤ ᠨᠠᠷᠠᠩᠬᠤᠸᠠᠷ ᠪᠠᠶᠠᠩᠭᠤᠤᠯ  ᠭᠠᠴᠠᠭᠠᠨ ᠤ ᠮᠠᠯᠴᠢᠨ ᠪᠠᠭᠠᠳᠤᠷ ᠲᠤ ᠰᠡᠳᠬᠢᠯ ᠲᠠᠢ ᠪᠤᠯᠤᠭᠰᠠᠨ ᠠᠴᠠ ᠡᠷᠡᠭᠡᠯᠵᠡᠯ ᠥᠭᠡᠢ ᠪᠠᠷ ᠮᠠᠯᠵᠢᠬᠤ  ᠠᠮᠢᠲᠤᠷᠠᠯ ᠢ ᠰᠤᠩᠭᠤᠭᠰᠠᠨ ᠪᠠᠶᠢᠵᠠᠢ᠃ ᠬᠤᠵᠢᠮ ᠨᠢ ᠨᠥᠬᠦᠷ ᠪᠠᠭᠠᠳᠤᠷ ᠨᠢ ᠲᠤᠰ ᠭᠠᠴᠠᠭᠠᠨ ᠤ ᠪᠠᠨ ᠲᠠᠳ᠋  ᠲᠠᠷᠤᠭ᠎ᠠ ᠪᠠ ᠨᠠᠮ ᠤᠨ ᠡᠬᠦᠷ ᠤᠨ ᠱᠦᠵᠢ ᠶᠢᠨ ᠲᠤᠰᠢᠶᠠᠯ ᠢ ᠠᠷᠪᠠᠭᠠᠳ ᠵᠢᠯ ᠬᠠᠷᠢᠭᠤᠴᠠᠭᠰᠠᠨ ᠢᠶᠠᠷ ᠪᠠᠷᠠᠬᠤ ᠦᠬᠡᠢ  ᠨᠠᠷᠠᠩᠬᠤᠸᠠᠷ ᠴᠤ ᠭᠠᠴᠠᠭᠠᠨ ᠤ ᠡᠬᠡ ᠪᠠᠷᠢᠶᠠᠴᠢ᠂ ᠬᠦᠯ ᠨᠢᠴᠤᠬᠦᠨ ᠡᠮᠴᠢ᠂ ᠭᠠᠴᠠᠭᠠᠨ ᠤ ᠡᠮᠡᠭᠳᠠᠶᠢᠴᠤᠳ ᠤᠨ  ᠬᠤᠯᠪᠤᠭᠠᠳᠤ ᠬᠤᠷᠠᠯ ᠤᠨ ᠲᠡᠷᠢᠬᠦᠯᠡᠭᠴᠢ ᠵᠠᠷᠬᠡ ᠠᠵᠢᠯ ᠡᠬᠦᠷᠭᠡ ᠶᠢ ᠬᠤᠷᠢᠭᠠᠳ ᠵᠢᠯ ᠬᠢᠵᠥ᠂ ᠬᠢᠯᠠᠯᠵᠠᠳᠠᠯ᠎ᠠ  ᠪᠠᠶᠠᠯᠠᠬᠦᠯᠵᠥ ᠶᠠᠪᠤᠵᠠᠢ᠃     ᠠᠯᠪᠠᠨ ᠤ ᠠᠵᠢᠯ ᠢ ᠪᠡᠶᠡᠯᠡᠬᠦᠯᠬᠦ ᠶᠢᠨ ᠲᠠᠭᠠᠥ ᠥᠪᠡᠷ ᠤᠨ ᠥᠷ᠎ᠠ ᠬᠡᠥᠭᠡᠳ ᠢᠶᠠᠨ ᠥᠰᠭᠡᠨ ᠬᠥᠮᠥᠵᠢᠬᠦᠯᠬᠦ  ᠠᠵᠢᠯ ᠢ ᠠᠩᠬᠠᠷᠴᠥ᠂ ᠭᠤᠷᠪᠠᠨ ᠬᠥᠥ ᠪᠠᠨ ᠪᠢᠴᠢᠭ ᠰᠤᠶᠤᠯ ᠲᠠᠢ᠂ ᠨᠠᠶᠢᠬᠡᠮ ᠨᠠᠶᠢᠳᠠ ᠳᠤ ᠬᠡᠷᠡᠭᠴᠡᠭᠡ ᠲᠠᠢ ᠬᠦᠮᠤᠨ  ᠪᠤᠯᠭᠠᠨ ᠬᠦᠮᠤᠵᠢᠬᠦᠯᠬᠦ ᠶᠢ ᠬᠢᠴᠢᠶᠡᠵᠡᠢ᠃ ᠰᠠᠨᠠᠭ᠎ᠠ ᠵᠥᠪ ᠪᠤᠯ ᠵᠠᠶᠠᠭ᠎ᠠ ᠵᠥᠪ ᠬᠡᠲᠡᠭ ᠢᠶᠠᠷ ᠭᠤᠷᠪᠠᠨ ᠬᠥᠥ ᠨᠢ ᠴᠥ  ᠲᠠᠲᠠᠨᠠᠷ ᠤᠨ ᠬᠦᠰᠠᠯ ᠢ ᠬᠦᠰᠡᠷᠳᠡᠬᠦᠯᠥᠭᠰᠠᠨ ᠦᠬᠡᠢ᠂ ᠶᠡᠭᠡ ᠬᠥᠥ ᠨᠢ ᠰᠢᠯᠢ ᠶᠢᠨ ᠬᠤᠳᠠ ᠶᠢᠨ ᠮᠤᠩᠭᠤᠯ ᠲᠤᠮᠳᠠᠳᠤ  ᠰᠤᠷᠭᠠᠭᠤᠯᠢ ᠠᠴᠠ ᠲᠠᠬᠦᠰᠦᠭᠰᠡᠨ ᠤ ᠲᠠᠷᠠᠭ᠎ᠠ ᠨᠤᠳᠤᠭ ᠲᠠᠭᠠᠨ ᠪᠤᠴᠠᠵᠥ᠂ 2009 — 2018 ᠤᠨ ᠪᠤᠯᠳᠠᠯ᠎ᠠ  ᠭᠠᠴᠠᠭᠠᠨ ᠤ ᠪᠠᠨ ᠨᠠᠮ ᠤᠨ ᠡᠬᠦᠷ ᠤᠨ ᠱᠦᠵᠢ ᠶᠢᠨ ᠲᠤᠰᠢᠶᠠᠯ ᠢ ᠬᠠᠷᠢᠭᠤᠴᠠᠵᠥ᠂ ᠤᠳᠤ ᠠᠶᠢᠯ ᠡᠷᠤᠬᠡ ᠪᠤᠰᠬᠠᠨ  ᠵᠤᠯ ᠵᠢᠷᠭᠠᠯᠲᠠᠢ ᠪᠠᠶᠠᠨ ᠴᠢᠨᠠᠬᠡᠯᠢᠭ ᠠᠮᠢᠳᠤᠷᠠᠵᠥ ᠪᠤᠢ᠃ ᠬᠤᠶᠠᠳᠤᠭᠠᠷ ᠬᠥᠥ ᠨᠢ ᠬᠦᠬᠡᠬᠤᠳᠠ ᠶᠢᠨ  ᠦᠨᠳᠤᠰᠤᠳᠠᠨ ᠤ ᠲᠠᠬᠡᠳᠤ ᠰᠤᠷᠭᠠᠭᠤᠯᠢ ᠠᠴᠠ ᠲᠡᠬᠦᠰᠴᠦ᠂ ᠤᠳᠤ ᠰᠢᠯᠢ ᠶᠢᠨ ᠬᠤᠳᠠ ᠳᠤ ᠪᠠᠭᠰᠢᠯᠠᠵᠥ ᠪᠠᠶᠢᠬᠤ  ᠪᠦᠬᠡᠳ ᠮᠦᠨ ᠠᠶᠢᠯ ᠡᠷᠤᠬᠡ ᠪᠤᠰᠬᠠᠨ ᠡᠶ᠎ᠡ ᠨᠠᠶᠢᠷᠰᠠᠭ ᠠᠮᠢᠳᠤᠷᠠᠵᠥ ᠪᠤᠢ᠃ ᠭᠤᠷᠪᠠᠳᠤᠭᠠᠷ ᠬᠥᠥ ᠨᠢ  ᠬᠦᠬᠡᠬᠤᠳᠠ ᠶᠢᠨ ᠲᠠᠮᠢᠷ ᠤᠨ ᠰᠤᠷᠭᠠᠭᠤᠯᠢ ᠠᠴᠠ ᠲᠠᠬᠦᠰᠥᠭᠰᠡᠨ ᠤ ᠲᠠᠷᠠᠭ᠎ᠠ ᠨᠤᠳᠤᠭ ᠲᠠᠭᠠᠨ ᠪᠤᠴᠠᠨ ᠰᠢᠯᠢᠳᠡᠭ  ᠮᠠᠯᠴᠢᠨ ᠪᠤᠯᠵᠥ᠂ ᠡᠬᠡᠨᠠᠷ ᠬᠡᠤᠬᠡᠳ ᠠᠪᠤ ᠡᠵᠢ ᠲᠠᠢ ᠪᠠᠨ ᠬᠠᠮᠳᠤ ᠡᠶ᠎ᠡ ᠨᠠᠶᠢᠷᠰᠠᠭ ᠵᠤᠯ ᠵᠢᠷᠭᠠᠯᠳᠠᠢ ᠠᠮᠢᠳᠤᠷᠠᠵᠥ  ᠪᠠᠶᠢᠭ᠎ᠠ ᠪᠢᠯᠡ᠃     ᠪᠠᠭᠠᠳᠤᠷ ᠨᠠᠷᠠᠩᠬᠤᠸᠠᠷ ᠬᠤᠶᠠᠭᠤᠯᠠ ᠬᠡᠤᠬᠡᠳ ᠢᠶᠠᠨ ᠵᠥᠪ ᠰᠠᠶᠢᠬᠠᠨ ᠬᠥᠮᠥᠵᠢᠬᠦᠯᠥᠭᠰᠡᠨ ᠲᠤᠷᠰᠢᠯᠭ᠎ᠠ ᠪᠠᠨ  ᠶᠠᠷᠢᠬᠤ ᠳᠠᠭᠠᠨ᠄ ︽ᠪᠢᠳᠠ ᠡᠲᠥᠷ ᠲᠤᠲᠤᠮ ᠤᠨ ᠠᠮᠢᠲᠤᠷᠠᠯ ᠳᠠᠭᠠᠨ ᠦᠬᠡ ᠬᠡᠯᠨ ᠪᠠ ᠤᠶᠢᠯᠨ  ᠠᠵᠢᠯᠯᠠᠭ᠎ᠠ ᠪᠠᠷ ᠢᠶᠠᠨ ᠦᠷ᠎ᠠ ᠬᠡᠤᠬᠡᠳ ᠲᠡᠭᠡᠨ ᠬᠡᠪ ᠲᠦᠷᠢᠮ ᠪᠤᠯᠬᠤ ᠶᠢ ᠪᠠᠷᠢᠮᠳᠠᠯᠠᠵᠥ᠂ ᠨᠦᠬᠦᠬᠡ ᠲᠠᠯ᠎ᠠ ᠪᠠᠷ  ᠬᠦᠮᠦᠨ ᠪᠤᠯᠬᠤ ᠶᠤᠰᠤ ᠤᠴᠢᠷ ᠢ ᠪᠠᠶᠢᠩᠭᠤ ᠶᠠᠷᠢᠵᠥ ᠰᠤᠷᠭᠠᠵᠥ ᠪᠠᠶᠢᠳᠠᠭ︾ ᠬᠡᠵᠥ ᠲᠦᠬᠦᠮᠬᠡᠨ ᠤᠴᠢᠷᠯᠠᠨ᠎ᠠ᠃  ᠲᠠᠶᠢᠮᠥ ᠡ᠂ ᠨᠢᠬᠡ ᠬᠡᠷ ᠪᠦᠯᠢ ᠳᠤ ᠠᠪᠴᠤ ᠬᠡᠯᠠᠪᠠᠯ ᠡᠴᠢᠬᠡ ᠡᠬᠡ ᠪᠤᠯᠤᠭᠰᠠᠳ ᠤᠨ ᠠᠯᠢᠪᠠ ᠥᠭᠡ ᠶᠠᠷᠢᠶ᠎ᠠ ᠤᠶᠢᠯᠨ  ᠠᠵᠢᠯᠯᠠᠭ᠎ᠠ ᠨᠢ ᠬᠡᠤᠬᠡᠳ ᠤᠨ ᠦᠰᠤᠨ ᠪᠤᠶᠢᠵᠢᠯᠳᠠ ᠶᠢ ᠰᠢᠭᠤᠳ ᠨᠦᠯᠤᠬᠡᠯᠠᠵᠥ᠂ ᠬᠡᠷ ᠪᠦᠯᠢ ᠶᠢᠨ ᠰᠤᠷᠭᠠᠨ  ᠬᠦᠮᠤᠵᠢᠯ ᠨᠢ ᠬᠡᠥᠭᠡᠳ ᠤᠨ ᠬᠦᠮᠤᠨ ᠪᠤᠯᠬᠤ ᠰᠠᠭᠤᠷᠢ ᠶᠢ ᠲᠠᠯᠪᠢᠵᠥ ᠦᠭᠲᠡᠭ ᠤᠴᠢᠷᠲᠠᠢ ᠶᠤᠮ᠃ ᠪᠠᠭᠠᠳᠤᠷ  ᠨᠠᠷᠠᠩᠬᠤᠸᠠᠷ ᠬᠤᠶᠠᠭᠤᠯᠨ ᠮᠠᠯᠴᠢᠨ ᠬᠥᠮᠥᠨ ᠪᠤᠯᠪᠠᠴᠤ ᠦᠷ᠎ᠠ ᠬᠡᠤᠬᠡᠳ ᠢᠶᠠᠨ ᠰᠤᠷᠭᠠᠨ ᠬᠦᠮᠤᠵᠢᠬᠦᠯᠬᠦ ᠲᠠᠯ᠎ᠠ ᠪᠠᠷ  ᠮᠠᠰᠢ ᠤᠯᠠᠨ ᠬᠡᠷ ᠪᠦᠯᠢ ᠳᠤ ᠰᠤᠷᠤᠯᠴᠠᠬᠤ ᠲᠠᠭᠤᠷᠢᠶᠠᠯ ᠪᠤᠯᠵᠠᠢ᠃      
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号