ᠦᠭᠡᠯᠦᠨ ᠬᠡᠤᠬᠡᠳ ᠤᠨ ᠴᠡᠴᠡᠷᠯᠢᠭ  ︽ᠠᠯᠲᠠᠩᠬᠸ᠎ᠠ ᠴᠡᠴᠡᠭ ᠢ ᠲᠠᠨᠢᠶ᠎ᠠ︾  ᠭᠤᠤᠯ ᠰᠡᠲᠦᠪᠲᠦ ᠭᠦᠲᠡᠯᠪᠦᠷᠢ ᠦᠷᠨᠢᠭᠦᠯᠪᠡ
ᠨᠡᠶᠢᠲᠡᠯᠡᠭᠰᠡᠨ ᠴᠠᠭ᠄
2019/5/10
            ᠠᠯᠲᠠᠩᠬᠸ᠎ᠠ ᠴᠡᠴᠡᠭ ᠡᠶᠡᠯᠲᠡᠭ ᠨᠠᠮᠤᠭᠤᠨ ᠪᠦᠭᠡᠳ ᠠᠰᠪᠤᠷᠢ ᠰᠢᠭᠤᠷᠬᠠᠢ ᠭᠠᠩ ᠳᠤ ᠲᠡᠰᠪᠦᠷᠢᠲᠡᠢ ᠬᠦᠢᠲᠡᠨ ᠳᠤ ᠲᠠᠭᠠᠭᠠᠴᠢᠲᠠᠢ ᠤᠨᠴᠠᠯᠢᠭ ᠨᠢ ᠶᠠᠭ ᠰᠢᠯᠤᠭᠤᠨ ᠬᠦᠬᠡᠴᠦᠦᠯ ᠤᠨ ᠠᠰᠪᠤᠷᠢ ᠴᠠᠶᠢᠯᠭᠠᠨ᠂ ᠡᠭᠡᠯ ᠪᠤᠷᠤᠬᠵᠢᠭᠤᠨ ᠂ ᠠᠵᠢᠯᠴᠢ ᠭᠦᠲᠡᠯᠮᠦᠷᠢᠴᠢ᠂ ᠡᠷᠡᠯᠬᠡᠭ ᠪᠠᠭᠠᠲᠤᠷᠯᠢᠭ ᠰᠢᠨᠲᠠᠷᠠᠰᠢ ᠦᠬᠡᠢ ᠵᠠᠩ ᠠᠷᠠᠨᠰᠢᠨ ᠤ ᠪᠡᠯᠭᠡᠲᠡᠯ ᠪᠠᠶᠢᠵᠦ᠂ ᠰᠢᠯᠤᠭᠤᠨ ᠭᠥᠬᠡ ᠬᠤᠰᠢᠭᠤᠨ ᠤ ᠭᠦᠨ ᠵᠤᠵᠠᠭᠠᠨ ᠮᠤᠩᠭᠤᠯ ᠶᠤᠸᠠᠨ ᠤ ᠲᠡᠤᠭᠡ ᠰᠤᠶᠤᠯ ᠤᠨ ᠠᠭᠤᠯᠤᠬᠲᠠᠭᠤᠨ ᠪᠠ ᠦᠪᠡᠷᠮᠢᠴᠠ ᠤᠨᠴᠠᠯᠢᠬᠲᠦ ᠲᠠᠯ᠎ᠠ ᠨᠤᠲᠤᠭ ᠤᠨ ᠴᠡᠴᠡᠭᠲᠦ ᠤᠯᠠᠷᠢᠯ ᠤᠨ ᠦᠩᠭᠡ ᠦᠵᠡᠮᠵᠢ ᠶᠢ ᠢᠯᠡᠳᠬᠡᠵᠦ ᠴᠢᠲᠠᠲᠠᠭ ᠪᠤᠯᠬᠤᠷ 2019 ᠤᠨ ᠤ 4 ᠰᠠᠷ᠎ᠠ ᠶᠢᠨ 12᠎ ᠤ ᠡᠲᠦᠷ ᠰᠢᠯᠤᠭᠤᠨ ᠬᠥᠬᠡ ᠬᠤᠰᠢᠭᠤᠨ ᠤ 15 ᠳ᠋ᠤᠭᠠᠷ ᠤᠲᠠᠭᠠᠨ ᠤ ᠠᠷᠠᠳ ᠤᠨ ᠲᠦᠯᠦᠭᠡᠯᠡᠭᠴᠢᠳ ᠤᠨ ᠬᠤᠷᠠᠯ ᠤᠨ 12 ᠳ᠋ᠤᠭᠠᠷ ᠤᠲᠠᠭᠠᠨ ᠤ ᠪᠠᠶᠢᠩᠭᠤ ᠶᠢᠨ ᠬᠤᠷᠢᠶᠠᠨ ᠤ ᠬᠤᠷᠠᠯᠲᠤᠭᠠᠨ ᠢᠶᠠᠷ ᠠᠯᠲᠠᠩᠬᠸ᠎ᠠ ᠴᠡᠴᠡᠭ ᠎ ᠨᠢ ᠰᠢᠯᠤᠭᠤᠨ ᠬᠥᠬᠡ ᠬᠤᠰᠢᠭᠤᠨ ᠤ ᠬᠤᠰᠢᠭᠤ ᠴᠡᠴᠡᠭ ᠢᠶᠠᠷ ᠨᠡᠷᠡᠯᠡᠭᠲᠡᠭᠰᠡᠨ ᠪᠠᠶᠢᠨ᠎ᠠ᠃
               ᠬᠤᠰᠢᠭᠤ ᠴᠡᠴᠡᠭ ᠬᠤᠰᠢᠭᠤ ᠮᠤᠲᠤᠨ ᠤ ᠲᠤᠬᠠᠢ ᠤᠬᠠᠭᠤᠯᠭ᠎ᠠ ᠶᠢ ᠴᠢᠩᠭᠠᠳᠬᠠᠵᠦ᠂ ᠬᠡᠤᠬᠡᠳ ᠤᠨ ᠠᠯᠲᠠᠩᠬᠸ᠎ᠠ ᠴᠡᠴᠡᠭ ᠤᠨ ᠲᠤᠬᠠᠢ ᠤᠶᠢᠯᠠᠭᠠᠯᠲᠠ ᠲᠠᠨᠢᠯᠲᠠ ᠶᠢ ᠲᠡᠭᠡᠭᠰᠢᠯᠡᠭᠦᠯᠦᠨ᠂ ᠭᠦᠮᠦᠨ ᠪᠦᠭᠦᠨ ᠬᠤᠰᠢᠭᠤ ᠴᠡᠴᠡᠭ ᠬᠤᠰᠢᠭᠤ ᠮᠤᠲᠦ ᠶᠢ ᠬᠠᠶᠢᠷᠠᠯᠠᠨ ᠬᠠᠮᠠᠭᠠᠯᠠᠵᠦ ᠠᠮᠢ ᠠᠬᠤᠢ ᠶᠢᠨ ᠤᠷᠴᠢᠨ ᠲᠤᠭᠤᠷᠢᠨ ᠢ ᠬᠠᠮᠠᠭᠠᠯᠠᠵᠦ᠂ ᠨᠤᠲᠤᠭ ᠤᠰᠤᠨ ᠤ ᠪᠠᠨ ᠪᠠᠶᠢᠭᠠᠯᠢ ᠤᠷᠴᠢᠨ ᠢ ᠲᠠᠨᠢᠵᠦ ᠬᠠᠶᠢᠷᠠᠯᠠᠨ ᠬᠠᠮᠠᠭᠠᠯᠠᠬᠤ ᠦᠵᠡᠯ ᠤᠬᠠᠮᠰᠠᠷ ᠢ ᠬᠡᠤᠬᠡᠳ ᠤᠳ ᠲᠤ ᠬᠠᠷᠠᠬᠠᠨ ᠪᠠᠭ᠎ᠠ ᠠᠴᠠ ᠨᠢ ᠭᠦᠮᠦᠵᠢᠭᠦᠯᠭᠦ ᠡᠭᠦᠲᠡᠨ ᠠᠴᠠ ᠮᠠᠨ ᠤ ᠦᠭᠡᠯᠦᠨ ᠬᠡᠤᠬᠡᠳ ᠤᠨ ᠴᠡᠴᠡᠷᠯᠢᠭ ᠤᠨ ᠲᠤᠮᠲᠠ ᠠᠩᠭᠢ ᠶᠢᠨ ᠲᠤᠭᠤᠶᠢᠯᠠᠩ ᠠᠴᠠ2019 ᠤᠨ ᠤ 5 ᠰᠠᠷ᠎ᠠ ᠶᠢᠨ 8᠎ ᠤ ᠡᠲᠦᠷ ︽ᠠᠯᠲᠠᠩᠬᠸ᠎ᠠ ᠴᠡᠴᠡᠭ ᠢ ᠲᠠᠨᠢᠶ᠎ᠠ︾ ᠬᠡᠭᠦ ᠠᠭᠤᠯᠭ᠎ᠠ ᠪᠠᠷ ᠭᠤᠤᠯ ᠰᠡᠲᠦᠪᠲᠦ ᠭᠦᠲᠡᠯᠪᠦᠷᠢ ᠦᠷᠨᠢᠭᠦᠯᠪᠡ᠃               ᠲᠤᠰ ᠤᠲᠠᠭᠠᠨ ᠤ ᠭᠦᠲᠡᠯᠪᠦᠷᠢ ᠳᠤ ᠪᠠᠭᠰᠢ ᠠᠴᠠ ᠬᠡᠤᠬᠡᠳ ᠤᠳ ᠲᠤ ᠠᠯᠲᠠᠩᠬᠸ᠎ᠠ ᠴᠡᠴᠡᠭ ᠤᠨ ᠦᠩᠭᠡ ᠬᠡᠯᠪᠡᠷᠢ᠂ ᠤᠷᠭᠤᠴᠠ᠂ ᠦᠢᠯᠡᠲᠦᠯ ᠬᠡᠷᠡᠭᠴᠡᠭᠡ ᠶᠢᠨ ᠲᠠᠯ᠎ᠠ ᠠᠴᠠ ᠨᠠᠷᠢᠨ ᠲᠠᠶᠢᠯᠪᠤᠷᠢᠯᠠᠬᠤ ᠶᠢᠨ ᠬᠠᠮᠲᠦ ᠬᠡᠤᠬᠡᠳ ᠤᠳ ᠢ ᠵᠢᠯᠤᠭᠤᠲᠤᠨ ᠦᠵᠡᠰᠭᠦᠯᠡᠩᠲᠦ ᠰᠠᠶᠢᠬᠠᠨ ᠠᠯᠲᠠᠩᠬᠸ᠎ᠠ ᠴᠡᠴᠡᠭ ᠤᠨ ᠤᠷᠠᠯᠠᠯ ᠤᠨ ᠪᠦᠲᠦᠭᠡᠯ ᠬᠢᠵᠦ᠂ ᠡᠨᠡᠬᠦ ᠭᠦᠲᠡᠯᠪᠦᠷᠢ ᠨᠢ ᠬᠡᠤᠬᠡᠳ ᠤᠨ ᠤᠷᠮᠠᠰᠢᠯ ᠪᠠ ᠢᠲᠡᠪᠬᠢᠵᠢᠯ ᠢ ᠬᠦᠭᠵᠢᠭᠡᠭᠰᠡᠨ ᠮᠦᠷᠲᠡᠭᠡᠨ ᠲᠡᠲᠡᠨ ᠤ ᠨᠢᠯᠬ᠎ᠠ ᠪᠠᠭ᠎ᠠ ᠤᠶᠤᠨ ᠳᠤ ᠨᠤᠲᠤᠭ ᠤᠰᠤ ᠪᠠᠨ ᠤᠶᠢᠯᠠᠭᠠᠨ ᠲᠠᠨᠢᠵᠦ᠂ ᠪᠠᠶᠠᠨ ᠲᠠᠩᠰᠤᠭ ᠪᠠᠶᠢᠭᠠᠯᠢ ᠠᠬᠤᠢ ᠪᠠᠷ ᠢᠶᠠᠨ ᠪᠠᠭ᠋ᠠᠷᠬᠠᠬᠤ ᠰᠡᠳᠬᠢᠯ ᠢ ᠲᠦᠷᠦᠭᠲᠡᠭᠦᠯᠦᠭᠰᠡᠨ ᠤᠳᠬ᠎ᠠ ᠲᠡᠭᠦᠯᠲᠡᠷ ᠭᠦᠲᠡᠯᠪᠦᠷᠢ ᠪᠤᠯᠤᠯ᠎ᠠ᠃     ︵  ᠢᠷᠡᠯᠳᠡ᠄ ᠦᠭᠡᠯᠥᠨ ᠬᠡᠣᠬᠡᠳ ᠤᠨ ᠴᠡᠴᠡᠷᠯᠢᠭ ᠤᠨ ᠰᠠᠷᠠᠩᠳᠣᠩᠭᠠᠯᠠᠭ︶
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号