ᠰᠢᠯᠤᠭᠤᠨ ᠬᠥᠭᠡ ᠶᠢᠨ ᠰᠤᠶᠤᠯ ᠵᠤᠭᠠᠴᠠᠯ —— ᠲᠡᠯᠡᠭᠡᠢ ᠶᠢᠨ ᠰᠤᠶᠤᠯ ᠤᠨ ᠥᠪ ᠶᠤᠸᠠᠨ ᠤ ᠲᠡᠭᠡᠳᠤ ᠨᠡᠶᠢᠰᠯᠠᠯ ᠤᠨ ᠪᠠᠭᠤᠷᠢ ᠶᠢ ᠤᠶᠢᠯᠠᠭᠠᠬᠤᠢ
ᠨᠡᠶᠢᠲᠡᠯᠡᠭᠰᠡᠨ ᠴᠠᠭ᠄
2019/7/31
                       ᠬᠠᠮ ᠵᠠᠭᠤᠴᠢᠯᠠᠭᠤᠷ ᠤᠨ ᠰᠤᠷᠪᠤᠯᠵᠢᠯᠬᠠᠴᠢ ᠰᠡᠴᠠᠩᠭᠤᠸ᠎ᠠ            ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠥᠭᠡ ᠬᠤᠰᠢᠭᠤᠨ ᠤ ᠵᠡᠬᠦᠨ ᠭᠡᠰᠡᠭ ᠤᠨ ᠠᠯᠳᠠᠩᠬᠸ᠎ᠠ ᠶᠢᠨ ᠲᠠᠯ᠎ᠠ ᠨᠤᠳᠤᠭ ᠲᠤ ᠨᠢᠭᠡᠨ ᠠᠤᠭ᠎ᠠ ᠰᠥᠷᠯᠢᠭ ᠡᠷᠳᠡᠨ ᠤ ᠬᠤᠳᠠ ᠶᠢᠨ ᠪᠠᠭᠤᠷᠢ ᠪᠠᠶᠢᠳᠠᠭ᠃ ᠡᠨᠡ ᠪᠤᠯ ᠲᠤᠯᠤᠭᠠᠨ ᠵᠠᠭᠤ ᠭᠠᠷᠤᠢ ᠵᠢᠯ ᠤᠨ ᠲᠡᠥᠭᠡ ᠲᠠᠢ ᠲᠠᠯ᠎ᠠ ᠨᠤᠳᠤᠭ ᠤᠨ ᠠᠯᠳᠠᠷᠳᠤ ᠬᠤᠳᠠ ᠶᠤᠸᠠᠨ ᠤᠯᠤᠰ ᠤᠨ ᠲᠡᠭᠡᠳᠤ ᠨᠡᠶᠢᠰᠯᠡᠯ ᠪᠤᠯᠥᠨ᠎ᠠ᠃ ᠶᠤᠸᠠᠨ ᠤ ᠲᠡᠭᠡᠳᠤ ᠨᠡᠶᠢᠰᠯᠡᠯ ᠤᠨ ᠪᠠᠭᠤᠷᠢ ᠨᠢ ᠰᠢᠯᠤᠭᠤᠨ ᠬᠥᠭᠡ ᠬᠤᠰᠢᠭᠤᠨ ᠤ ᠱᠠᠩᠳᠤ ᠪᠠᠯᠭᠠᠰᠤᠨ ᠠᠴᠠ ᠵᠡᠬᠦᠨᠰᠢ 17 ᠺᠢᠯᠤᠮᠧᠲᠷ ᠎ ᠤᠨ ᠵᠠᠢ ᠳᠤ ᠪᠠᠶᠢᠷᠢᠯᠠᠵᠤ᠂ ᠵᠢᠯ ᠪᠤᠯᠭᠠᠨ ᠤ ᠵᠤᠨ ᠤ ᠰᠠᠶᠢᠬᠠᠨ ᠤᠯᠠᠷᠢᠯ ᠪᠤᠯᠬᠤ ᠪᠠᠷ ᠱᠠᠩᠳᠤ ᠶᠢᠨ ᠭᠤᠤᠯ ᠤᠭᠠᠯᠵᠠᠯᠠᠨ ᠤᠷᠤᠰᠴᠤ ᠠᠯᠳᠠᠩᠬᠸ᠎ᠠ ᠴᠡᠴᠡᠭ ᠥᠪᠴᠢ ᠲᠡᠯᠭᠡᠷᠡᠨ ᠪᠠᠶᠢᠭᠠᠯᠢ ᠶᠢᠨ ᠥᠵᠡᠮᠵᠢ ᠰᠡᠥᠠᠬᠢᠯ ᠰᠡᠷᠬᠦᠭᠡᠮ᠎ᠠ ᠬᠤᠪᠢ ᠶᠢᠨ ᠭᠠᠳᠠᠨ᠎ᠠ ᠭᠤᠶᠤᠮᠰᠤᠭ ᠪᠠᠶᠢᠳᠠᠭ᠃            1256 ᠤᠨ ᠳᠤ ᠶᠤᠸᠠᠨ ᠱᠢᠽᠤ ᠬᠤᠪᠢᠯᠠᠢ ᠬᠠᠭᠠᠨ ᠠᠳᠠ ᠰᠠᠭᠤᠷᠢᠨ ᠳᠤ ᠰᠠᠭᠤᠵᠤ ᠶᠤᠸᠠᠨ ᠬᠥᠷᠥᠨ ᠢ ᠪᠠᠶᠢᠭᠤᠯᠥᠨ᠂ ᠡᠨᠡ ᠨᠢ ᠲᠤᠬᠠᠢ ᠶᠢᠨ ᠥᠶ᠎ᠠ ᠶᠢᠨ ᠤᠯᠤᠰ ᠲᠥᠷᠤ ᠠᠵᠤ ᠠᠬᠤᠢ ᠴᠡᠷᠢᠭ ᠤᠨ ᠶᠠᠪᠤᠳᠠᠯ᠂ ᠰᠤᠶᠤᠯ ᠤᠨ ᠲᠥᠪ ᠪᠤᠯᠵᠤ᠂ ᠲᠤᠮᠳᠠᠳᠤ ᠤᠯᠤᠰ ᠤᠨ ᠡᠷᠳᠡᠨ ᠤ ᠲᠡᠥᠭᠡ ᠪᠤᠯᠥᠨ ᠲᠡᠯᠡᠭᠡᠢ ᠶᠢᠨ ᠨᠡᠬᠦᠳᠡᠯᠴᠢᠨ ᠥᠨᠳᠥᠰᠥᠳᠡᠨ ᠤ ᠲᠡᠥᠭᠡ ᠶᠢᠨ ᠰᠢᠨ᠎ᠠ ᠤᠨ ᠲᠤᠭᠠᠯᠠᠯ ᠢ ᠡᠬᠦᠥᠠᠴᠤ ᠮᠤᠩᠭᠤᠯ ᠶᠤᠸᠠᠨ ᠤ ᠰᠤᠶᠤᠯ᠂ ᠶᠤᠸᠠᠨ ᠤ ᠤᠯᠠᠨ ᠥᠨᠳᠥᠰᠥᠳᠡᠨ ᠤ ᠰᠤᠶᠤᠯ ᠪᠤᠯᠪᠠᠰᠤᠨ ᠢ ᠠᠭᠤᠰᠤᠯᠴᠠᠭᠤᠯᠥᠨ ᠦᠷᠤᠨᠡᠳᠠᠬᠢᠨ ᠪᠠ ᠲᠤᠷᠤᠨᠠᠳᠠᠬᠢᠨ ᠤ ᠰᠤᠶᠤᠯ ᠎ ᠤᠨ ᠰᠤᠯᠢᠯᠴᠠᠭ᠎ᠠ ᠶᠢ ᠠᠬᠢᠭᠤᠯᠵᠤ᠂ ᠬᠥᠮᠥᠨ ᠲᠥᠷᠥᠯᠬᠢᠳᠠᠠ ᠤ ᠲᠡᠥᠭᠡᠨ ᠲᠡᠭᠡᠷᠡᠬᠢ ᠴᠢᠬᠤᠯᠠ ᠪᠤᠯᠪᠠᠰᠤᠨ ᠤ ᠲᠡᠥᠭᠡ ᠎ ᠶᠢ ᠲᠡᠮᠳᠡᠭᠯᠡᠭᠰᠠᠠ ᠪᠠᠶᠢᠨ᠎ᠠ᠃1988 ᠤᠨ ᠳᠤ ᠶᠤᠸᠠᠨ ᠤ ᠲᠡᠭᠡᠳᠤ ᠨᠡᠶᠢᠰᠯᠡᠯ ᠤᠨ ᠪᠠᠭᠤᠷᠢ ᠨᠢ ᠭᠤᠷᠪᠠᠳᠤᠭᠠᠷ ᠪᠥᠯᠥᠭ ᠪᠥᠬᠦ ᠤᠯᠤᠰ ᠤᠨ ᠭᠤᠤᠯᠳᠠᠯᠭ᠎ᠠ ᠲᠠᠢ ᠲᠡᠥᠭᠡ ᠶᠢᠨ ᠲᠤᠷᠠᠰᠬᠠᠯᠳᠤ ᠵᠥᠢᠯᠡᠰ ᠤᠨ ᠬᠠᠮᠠᠭᠠᠯᠠᠯᠳᠠ ᠶᠢᠨ ᠨᠢᠭᠡᠴᠠ ᠪᠠᠷ ᠵᠢᠬᠰᠠᠭᠠᠭᠳᠠᠵᠤ᠂ 2012 ᠤᠨ ᠶᠤᠸᠠᠨ ᠤ ᠲᠡᠭᠡᠳᠤ ᠨᠡᠶᠢᠰᠯᠡᠯ ᠤᠨ ᠪᠠᠭᠤᠷᠢ ᠲᠡᠯᠡᠭᠡᠢ ᠶᠢᠨ ᠰᠤᠶᠤᠯ ᠎ ᠤᠨ ᠥᠪ ᠤᠨ ᠨᠡᠷᠡᠰ ᠤᠨ ᠲᠡᠮᠳᠡᠭᠯᠡᠯ ᠳᠤ ᠪᠦᠷᠢᠳᠭᠡᠭᠦᠯᠤᠨ᠂ ᠲᠡᠯᠡᠭᠡᠢ ᠶᠢᠨ ᠬᠠᠮᠤᠭ ᠲᠥᠯᠥᠭᠡᠯᠡᠬᠦ ᠴᠢᠨᠠᠷᠳᠠᠢ ᠨᠡᠬᠦᠳᠡᠯᠴᠢᠨ ᠥᠨᠳᠥᠰᠥᠳᠡᠨ ᠤ ᠰᠤᠶᠤᠯ ᠤᠨ ᠥᠪ ᠪᠤᠯᠤᠠᠠᠰᠠᠠ ᠪᠠᠶᠢᠨ᠎ᠠ᠃            ᠶᠤᠸᠠᠨ ᠤ ᠲᠡᠭᠡᠳᠤ ᠨᠡᠶᠢᠰᠯᠡᠯ ᠨᠢ ᠭᠠᠳᠠᠷ ᠬᠤᠳᠠ᠂ ᠲᠤᠳᠤᠷ᠎ᠠ ᠬᠤᠳᠠ᠂ ᠤᠷᠳᠤᠨ ᠬᠤᠳᠠ ᠭᠡᠮᠡᠬᠦ ᠭᠤᠷᠪᠠᠨ ᠭᠦᠷᠢᠶ᠎ᠡ ᠪᠠᠷ ᠪᠥᠷᠢᠯᠳᠥᠵᠠᠢ᠃ ᠭᠠᠳᠠᠷ ᠬᠤᠳᠠ ᠨᠢ ᠵᠡᠬᠦᠨ ᠪᠠᠷᠠᠭᠤᠨ ᠡᠮᠥᠨ᠎ᠠ ᠪᠠᠨ ᠲᠤᠰ ᠪᠥᠷᠢ ᠬᠠᠭᠠᠯᠭ᠎ᠠ ᠲᠠᠢ ᠪᠠᠶᠢᠵᠤ᠂ ᠡᠮᠥᠨ᠎ᠠ ᠭᠡᠷᠡᠮ ᠳᠡᠭᠡᠨ ᠮᠠᠨᠳᠤ ᠶᠢᠨ ᠬᠠᠭᠠᠯᠭ᠎ᠠ ᠲᠠᠢ᠂ ᠲᠤᠳᠤᠷ᠎ᠠ ᠬᠤᠳᠠ ᠲᠠᠢ ᠨᠡᠪᠳᠡᠷᠡᠳᠡᠭ᠃ ᠭᠠᠳᠠᠷ ᠬᠤᠳᠠ ᠶᠢᠨ ᠪᠠᠷᠠᠭᠤᠨ ᠵᠠᠬ᠎ᠠ ᠪᠠᠷ ᠵᠡᠭᠡᠯᠢ ᠭᠤᠳᠤᠮᠵᠢ ᠥᠷᠬᠦᠯᠵᠢᠯᠡᠵᠤ᠂ ᠠᠷᠠᠯᠵᠢᠶ᠎ᠠ ᠮᠠᠶᠢᠮᠠᠢ ᠎ ᠶᠢᠨ ᠵᠠᠬ᠎ᠠ ᠵᠠᠯᠭᠠᠯᠳᠤᠵᠠᠢ᠃ ᠲᠤᠳᠤᠷ᠎ᠠ ᠬᠤᠳᠠ ᠶᠢᠨ ᠵᠡᠬᠦᠨ ᠪᠠᠷᠠᠭᠤᠨ ᠭᠡᠷᠡᠮ ᠳᠡᠭᠡᠨ ᠲᠤᠰ ᠪᠥᠷᠢ ᠬᠤᠶᠠᠷ ᠬᠠᠭᠠᠯᠭ᠎ᠠ ᠲᠠᠢ᠂ ᠡᠮᠥᠨ᠎ᠠ ᠭᠡᠷᠡᠮ ᠳᠡᠭᠡᠨ ᠬᠠᠭᠠᠨ ᠤ ᠬᠠᠭᠠᠯᠭ᠎ᠠ ᠲᠠᠢ᠂ ᠤᠷᠳᠤᠨ ᠬᠤᠳᠠ ᠶᠢᠨ ᠠᠰ ᠬᠤᠶᠢᠨ᠎ᠠ ᠲᠠᠯ᠎ᠠ ᠎ ᠳᠤ ᠬᠠᠭᠠᠨ ᠤᠷᠳᠤᠨ ᠰᠥᠨᠳᠡᠷᠯᠡᠵᠤ᠂ ᠵᠡᠬᠦᠨ ᠬᠤᠶᠢᠳᠤ ᠥᠨᠴᠥᠭ ᠲᠤᠨᠢ ᠬᠤᠸᠠ ᠶᠠᠠ ᠰᠧ ᠭᠡᠶᠢᠥᠨ᠂ ᠪᠠᠷᠠᠭᠤᠨ ᠬᠤᠶᠢᠳᠤ ᠥᠨᠴᠥᠭ ᠲᠤᠨᠢ ᠴᠢᠶᠠᠨ ᠶᠤᠸᠠᠨ ᠰᠧ ᠬᠡᠶᠢᠥᠨ ᠪᠠᠶᠢᠷᠢᠯᠠᠵᠤ᠂ ᠬᠠᠭᠠᠨ ᠤᠷᠳᠤᠨ ᠤ ᠡᠮᠥᠨ᠎ᠠ ᠮᠤᠩᠭᠤᠯ ᠎ ᠤᠨ ᠤᠯᠠᠮᠵᠢᠯᠠᠯᠳᠤ ᠵᠠᠩᠰᠢᠯ ᠢᠶᠠᠷ ᠡᠷ᠎ᠠ ᠶᠢᠨ ᠭᠤᠷᠪᠠᠨ ᠨᠠᠭᠠᠳᠤᠮ ᠮᠤᠷᠥᠶᠢᠴᠡᠬᠦ ᠠᠭᠤᠵᠢᠮ ᠰᠠᠶᠢᠬᠠᠨ ᠨᠠᠶᠢᠷ ᠤᠨ ᠲᠠᠯᠠᠪᠠᠢ ᠲᠠᠢ ᠶᠤᠮ᠃ ᠬᠠᠭᠠᠨ ᠬᠤᠳᠠ ᠶᠢᠨ ᠭᠤᠤᠯ ᠪᠠᠷᠢᠯᠭ᠎ᠠ ᠶᠢᠨ ᠨᠢᠭᠡ ᠪᠤᠯ ᠶᠡᠭᠡ ᠠᠮᠤᠭᠤᠯᠠᠩ ᠬᠠᠷᠰᠢ ᠪᠤᠯᠥᠨ᠎ᠠ ᠃ ᠶᠤᠸᠠᠨ ᠤᠯᠤᠰ ᠤᠨ ᠬᠠᠭᠠᠨ ᠰᠠᠭᠤᠷᠢᠨ ᠳᠤ ᠰᠠᠭᠤᠬᠤ ᠲᠥᠷᠤ ᠶᠢᠨ ᠶᠡᠭᠡ ᠶᠤᠰᠤᠯᠠᠯ᠂ ᠡᠵᠡᠨ ᠲᠥᠰᠢᠮᠡᠯ᠂ ᠡᠯᠴᠢ ᠵᠤᠴᠢᠥᠨ ᠤᠨ ᠶᠡᠭᠡ ᠵᠤᠯᠭᠠᠯᠳᠠ᠂ ᠨᠠᠶᠢᠷ ᠬᠤᠷᠢᠮ ᠢ ᠪᠥᠷ ᠶᠡᠭᠡ ᠠᠮᠤᠭᠤᠯᠠᠩ ᠬᠠᠷᠰᠢ ᠳᠤ ᠬᠢᠳᠡᠭ᠃ ᠮᠤᠩᠭᠤᠯ ᠭᠡᠷ ᠮᠡᠳᠤ ᠲᠥᠬᠦᠷᠢᠭ ᠬᠤᠶᠠᠷ ᠪᠤᠯᠤᠷ ᠤᠷᠳᠤᠨ ᠢ ᠤᠰᠤᠨ ᠲᠤᠮᠳᠠ ᠪᠠᠶᠢᠭᠤᠯᠵᠤ᠂ ᠭᠠᠯ ᠰᠢᠯ ᠢᠶᠠᠷ ᠭᠠᠳᠠᠷᠯᠠᠨ ᠴᠢᠮᠡᠭᠰᠠᠠ ᠨᠢ ᠨᠠᠷᠠᠨ ᠤ ᠭᠡᠷᠡᠯ ᠳᠤ ᠲᠥᠷᠪᠡᠨ ᠵᠥᠭ ᠲᠤᠶᠠᠭ᠎ᠠ ᠰᠠᠴᠤᠷᠠᠭᠠᠥᠨ ᠭᠤᠶᠤ ᠥᠵᠡᠰᠬᠦᠯᠡᠩ ᠬᠠᠷᠠᠭᠳᠠᠨ᠎ᠠ᠃ ᠪᠤᠯᠤᠷ ᠤᠷᠳᠤᠨ ᠪᠤᠯ ᠬᠠᠭᠠᠨ ᠡᠵᠡᠨ ᠤ ᠰᠡᠷᠢᠬᠦᠴᠡᠬᠦ ᠵᠤᠰᠠᠯᠠᠩ ᠤᠨ ᠤᠷᠳᠤᠨ ᠤ ᠨᠢᠭᠡ ᠪᠢᠯᠡ᠃            ᠤᠷᠴᠢᠮ ᠤᠨ ᠵᠢᠯ ᠤᠨ ᠲᠤᠷᠰᠢᠳᠠ᠂ ᠰᠢᠯᠤᠭᠤᠨ ᠬᠥᠭᠡ ᠬᠤᠰᠢᠭᠤ ᠨᠢ ᠪᠥᠬᠦ ᠬᠤᠰᠢᠭᠤᠨ ᠤ ᠠᠵᠤ ᠥᠢᠯᠡᠰ ᠤᠨ ᠬᠥᠭᠵᠢᠯᠳᠠ ᠶᠢᠨ ᠰᠡᠥᠠᠬᠢᠴᠠ ᠳᠤ ᠲᠤᠬᠢᠷᠠᠭᠤᠯᠥᠯᠳᠠ ᠬᠢᠵᠤ᠂ ᠰᠤᠶᠤᠯ ᠵᠢᠭᠤᠯᠴᠢᠯᠠᠯ ᠤᠨ ᠥᠢᠯᠡᠰ ᠎ ᠢᠶᠠᠷ ᠠᠷᠠᠥᠨ ᠢᠶᠠᠨ ᠪᠠᠶᠠᠵᠢᠭᠤᠯᠬᠤ ᠭᠤᠤᠯ ᠲᠤᠯᠭᠠᠭᠤᠷᠢᠯᠠᠭᠤᠯᠬᠤ ᠠᠵᠤ ᠥᠢᠯᠡᠰ ᠤᠨ ᠨᠢᠭᠡ ᠪᠤᠯᠭᠠᠵᠤ᠂ ︽ᠲᠥᠷᠪᠡᠨ ᠶᠡᠭᠡ ᠲᠠᠪᠠᠭᠤᠯᠢᠭ ᠲᠤ ᠲᠥᠰᠢᠭᠯᠡᠨ᠂ ᠨᠢᠭᠡ ᠭᠤᠤᠯ ᠴᠢᠮᠥᠭᠡ ᠶᠢᠨ ᠲᠤᠭᠤᠷᠢᠨ ᠳᠤ᠂ ᠬᠤᠶᠠᠷ ᠶᠡᠭᠡ ᠨᠡᠷᠡᠳᠤ ᠲᠡᠮᠳᠡᠭ ᠢ ᠪᠤᠢ ᠪᠤᠯᠭᠠᠨ᠂ ᠨᠢᠭᠡ ᠬᠠᠷᠠᠯᠳᠠ ᠶᠢ ᠪᠠᠶᠡᠯᠡᠬᠦᠯᠬᠦ︾᠎ ᠪᠠᠷ ᠬᠥᠭᠵᠢᠯᠳᠠ ᠶᠢᠨ ᠰᠡᠥᠠᠬᠢᠴᠠ ᠪᠤᠯᠭᠠᠨ ᠲᠤᠠᠠᠳᠠᠭᠠᠵᠤ ᠰᠢᠯᠤᠭᠤᠨ ᠬᠥᠭᠡ ᠨᠤᠳᠤᠭ ᠤᠨ ᠢᠶᠠᠨ ᠨᠡᠷ᠎ᠠ ᠠᠯᠳᠠᠷᠰᠢᠯ ᠢ ᠤᠯᠠᠮ ᠨᠢᠭᠡ ᠠᠯᠬᠤᠮ ᠥᠷᠭᠡᠥᠠᠭᠡᠵᠤ ᠪᠠᠶᠢᠨ᠎ᠠ᠃        
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号