ᠵᠠᠭᠳᠠᠷ
ᠨᠡᠶᠢᠲᠡᠯᠡᠭᠰᠡᠨ ᠴᠠᠭ᠄
2020/1/3
          ᠵᠠᠭᠳᠠᠷ᠂ ᠭᠦᠯᠦ ᠴᠠᠭᠠᠨ ᠬᠤᠨᠢᠨ ᠰᠦᠷᠦᠭ ᠤᠨ ᠴᠠᠭᠠᠨ ᠬᠤᠭᠤᠯᠠᠢ ᠬᠡᠮᠡᠬᠦ ᠭᠠᠵᠠᠷ ᠨᠣᠲᠤᠭ ᠲᠠᠢ ︵ᠣᠳᠣᠬᠢ ᠰᠢᠯᠣᠭᠤᠨ ᠬᠥᠬᠡ ᠬᠤᠰᠢᠭᠤᠨ ᠤ ᠶᠡᠬᠡᠬᠠᠶᠢᠷᠬᠠᠨ ᠰᠣᠮᠣ︶ ᠵᠠᠭᠳᠠᠷ ᠭᠡᠳᠡᠭ ᠨᠡᠷ᠎ᠡ ᠲᠠᠢ ᠠᠮᠪᠠᠨ ᠪᠠᠶᠢᠵᠠᠢ᠃ ᠲᠡᠭᠦᠨ ᠤ ᠳᠣᠬᠠᠢ ᠠᠷᠠᠳ ᠲᠥᠮᠡᠨ ᠤ ᠳᠣᠮᠳᠠ ︽ᠵᠠ᠊ ᠠᠮᠪᠠᠨ ᠳᠣᠯᠣᠭᠠᠨ ᠦᠶ᠎ᠡ ᠨᠣᠶᠠᠨ ᠰᠠᠭᠤᠭᠰᠠᠨ︾ ᠵᠡᠷᠭᠡ ᠠᠯᠢ ᠣᠯᠠᠨ ᠣᠯᠠᠮᠵᠢᠯᠠᠯ ᠶᠠᠷᠢᠶ᠎ᠠ ᠪᠠᠶᠢᠳᠠᠭ ᠪᠣᠯᠪᠠᠴᠤ ᠴᠣᠬᠤᠮ ᠠᠯᠢ ᠣᠨ ᠳᠤ ᠶᠠᠮᠠᠷ ᠨᠣᠶᠠᠨ ᠤ ᠭᠡᠷ ᠲᠤ ᠲᠥᠷᠦᠭᠰᠡᠨ ᠨᠢ ᠲᠣᠳᠣᠷᠬᠠᠢ ᠦᠭᠡᠢ ᠪᠠᠶᠢᠨ᠎ᠠ᠃ ᠵᠠ᠊ ᠠᠮᠪᠠᠨ ᠢ ᠵᠠᠷᠢᠮ ᠬᠦᠮᠦᠨ ︽ᠵᠠᠭᠳᠣᠷᠵᠢ︾ ᠭᠡᠰᠡᠨ ᠨᠡᠷ᠎ᠡ ᠲᠠᠢ ᠭᠡᠵᠦ ᠬᠡᠯᠡᠳᠡᠭ᠃ ᠭᠡᠪᠡᠴᠦ ᠴᠢᠩ ᠣᠯᠣᠰ ᠤᠨ ᠦᠶ᠎ᠡ ᠳᠠᠬᠢ ︽ᠮᠣᠩᠭᠤᠯ ᠤᠨ ᠳᠣᠬᠠᠢ ᠮᠠᠭᠠᠳ ᠬᠠᠣᠯᠢ ︵清季蒙古实录︶︾ ᠭᠡᠬᠦ ᠪᠢᠴᠢᠭ ᠲᠤ ︽扎格多尔︾ ᠭᠡᠵᠦ ᠲᠡᠮᠳᠡᠭᠯᠡᠵᠦ ᠪᠠᠶᠢᠬᠤ ᠲᠣᠯᠠ ᠠᠳᠡ ᠮᠣᠩᠭᠤᠯ ᠢᠶᠠᠷ ᠵᠠᠭᠳᠠᠷ ᠭᠡᠵᠦ ᠲᠡᠮᠳᠡᠭᠯᠡᠪᠡ᠃           ᠵᠠᠭᠳᠠᠷ ᠠᠮᠪᠠᠨ ᠰᠠᠭᠤᠬᠤ ᠠᠴᠠ ᠡᠮᠦᠨ᠎ᠡ ᠬᠠᠷ᠎ᠠ ᠲᠠᠮᠠᠬᠢ ᠶᠢᠨ ᠳᠠᠶᠢᠨ ᠤ ᠦᠶ᠎ᠡ ᠳᠤ ᠴᠡᠷᠢᠭ ᠳᠠᠶᠢᠨ ᠶᠣᠮ ᠦᠦ᠂ ᠥᠭᠡᠷ᠎ᠡ ᠶᠠᠮᠠᠷ ᠨᠢᠭᠡᠨ ᠭᠦᠷᠦᠨ ᠲᠥᠷᠦ ᠳᠤ ᠭᠠᠪᠢᠶ᠎ᠠ ᠲᠠᠢ ᠠᠵᠢᠯ ᠬᠢᠵᠦ ᠡᠵᠡᠨ ᠬᠠᠭᠠᠨ ᠲᠠᠢ ᠪᠠᠷᠠᠳᠠᠭᠰᠠᠨ ᠪᠠᠶᠢᠵᠠᠢ᠃ ᠬᠠᠭᠠᠨ ᠡᠵᠡᠨ ᠲᠡᠭᠦᠨ ᠠᠴᠠ ︽ᠴᠢᠨᠤ ᠨᠣᠲᠤᠭ ᠲᠤ ᠶᠠᠮᠠᠷ ᠭᠠᠷᠣᠯᠲᠠ ᠪᠠᠶᠢᠳᠠᠭ ᠪᠣᠢ︖ ︾ ᠭᠡᠵᠦ ᠠᠰᠠᠭᠤᠵᠠᠢ᠃ ᠵᠠᠭᠳᠠᠷ ︽ᠮᠢᠨᠤ ᠨᠣᠲᠤᠭ ᠲᠤ ᠶᠡᠭᠡ ᠳᠠᠭ᠎ᠠ ᠬᠡᠮᠡᠬᠦ ᠬᠤᠵᠢᠷ ᠭᠠᠷᠳᠠᠭ ᠨᠢᠭᠡ ᠨᠠᠭᠤᠷ ᠪᠠᠶᠢᠳᠠᠭ︾ ᠭᠡᠵᠦ ᠬᠠᠷᠢᠭᠤᠯᠵᠠᠢ᠃ ᠬᠠᠭᠠᠨ ᠡᠵᠡᠨ ︽ᠵᠠ᠂ ᠴᠢᠩᠭᠢᠪᠡᠯ ᠴᠢᠮᠠᠢᠢ ᠭᠤᠷᠪᠠᠨ ᠬᠤᠰᠢᠭᠤ ᠳᠠᠷᠢᠭᠠᠩᠭ᠎ᠠ ᠦᠬᠡᠷ ᠬᠤᠨᠢᠨ ᠰᠦᠷᠦᠭ ᠤᠨ ᠠᠮᠪᠠᠨ ᠳᠡᠪᠰᠢᠭᠦᠯᠵᠦ᠂ ᠲᠡᠷᠡ ᠨᠠᠭᠤᠷ ᠢ ᠴᠢᠮ᠎ᠠ ᠳᠤ ᠱᠠᠩᠨᠠᠵᠤ ᠥᠭᠭᠦᠶ᠎ᠡ︾ ᠭᠡᠰᠡᠨ ᠭᠡᠨ᠎ᠡ᠃ ᠵᠠᠭᠳᠠᠷ ᠬᠠᠭᠠᠨ ᠤ ᠬᠦᠨᠳᠦ ᠭᠡᠰᠢᠭ ᠢ ᠬᠦᠷᠲᠡᠵᠦ ᠢᠷᠡᠭᠡᠳ ᠶᠡᠭᠡ ᠨᠠᠶᠢᠷ ᠬᠢᠵᠦ ᠶᠡᠭᠡ ᠳᠠᠭ᠎ᠠ ᠨᠠᠭᠤᠷ ᠢ ︽ᠱᠠᠩ ᠤᠨ ᠳᠠᠯᠠᠢ︾ ᠬᠡᠮᠡᠨ ᠨᠡᠷᠡᠶᠢᠳᠦᠭᠰᠡᠨ ᠠᠴᠠ ᠡᠨᠡ ᠨᠡᠷ᠎ᠡ ᠶᠠᠪᠣᠭᠠᠨ ᠳᠠᠭᠠᠨ ᠠᠪᠢᠶ᠎ᠠ ᠬᠤᠪᠢᠷᠠᠨ ︽ᠰᠠᠩ ᠤᠨ ᠳᠠᠯᠠᠢ︾ ᠪᠣᠯᠣᠭᠰᠨ ᠭᠡᠳᠡᠭ ᠳᠣᠮᠤᠭ ᠲᠠᠢ᠃           ᠳᠣᠬᠠᠢ ᠶᠢᠨ ᠦᠶ᠎ᠡ ᠳᠤ ᠠᠮᠪᠠᠨ ᠭᠤᠳᠠᠭᠠᠷ ᠵᠡᠷᠭᠡ ᠳᠦᠰᠢᠮᠡᠯ᠂ ᠬᠥᠬᠡ ᠪᠢᠳᠣᠷᠶ᠎ᠠ ᠵᠢᠩᠰᠡ ᠲᠠᠢ᠂ ᠵᠢᠯ ᠎ ᠤᠨ ᠹᠦᠩᠯᠦ 240 ᠯᠠᠩ ᠴᠠᠭᠠᠨ ᠮᠥᠩᠭᠦ ᠪᠠᠶᠢᠳᠠᠭ ᠪᠠᠶᠢᠵᠠᠢ᠃ ᠵᠠᠭᠳᠠᠷ ᠠᠮᠪᠠᠨ ᠰᠠᠩ ᠤᠨ ᠳᠠᠯᠠᠢ ᠶᠢᠨ ᠬᠤᠵᠢᠷ ᠤᠨ ᠭᠠᠷᠣᠯᠲᠠ ᠶᠢ ᠡᠵᠡᠮᠰᠢᠨ ᠴᠠᠭᠠᠨ ᠬᠤᠭᠤᠯᠠᠢ ᠳᠤ ᠨᠠᠢᠮᠠᠨ ᠲᠠᠯ᠎ᠠ ᠲᠠᠢ ᠣᠷᠳᠣᠨ ᠪᠠᠶᠢᠭᠤᠯᠣᠭᠰᠠᠨ ᠪᠥᠭᠡᠳ ᠪᠠᠰᠠ ᠨᠢᠭᠡ ᠰᠠᠭᠤᠷᠢ ᠰᠦᠮ᠎ᠡ ᠪᠠᠷᠢᠵᠤ᠂ ᠳᠣᠲᠣᠷ᠎ᠠ ᠨᠢ ᠳᠣᠬᠤᠢ ᠥᠨᠳᠦᠷ ᠠᠯᠳᠠᠳᠠᠮᠠᠯ ᠮᠢᠩᠭᠠᠨ ᠳ᠋ᠠᠷ᠎ᠠ ᠡᠬᠡ ᠪᠣᠷᠬᠠᠨ ᠤ ᠬᠥᠷᠦᠭ ᠢ ᠪᠥᠲᠦᠭᠡᠵᠦ ᠳᠠᠬᠢᠵᠠᠢ᠃ ᠲᠡᠷᠡ ᠰᠠᠩ ᠤᠨ ᠳᠠᠯᠠᠢ ᠎ ᠶᠢᠨ ᠬᠤᠵᠢᠷ ᠤᠨ ᠭᠠᠷᠣᠯᠲᠠ ᠶᠢ ᠡᠵᠡᠮᠰᠢᠨ ᠢᠳᠡᠬᠦ ᠳᠡᠭᠡᠨ ᠡᠷᠦᠬᠡ ᠪᠦᠷᠢ ᠠᠴᠠ ᠭᠠᠷᠭᠠᠭᠰᠠᠨ ᠬᠤᠵᠢᠷ ᠤᠨ ᠬᠢᠨᠢ ᠬᠡᠮᠵᠢᠶ᠎ᠡ ᠪᠠᠷ ᠳᠣᠭᠳᠠᠮᠠᠯ ᠮᠥᠩᠭᠦ ᠳᠠᠲᠠᠵᠤ ᠠᠪᠳᠠᠭ ᠪᠠᠶᠢᠵᠠᠢ᠃ ᠬᠤᠵᠢᠷ ᠤᠨ ᠳ᠋ᠢᠶᠠᠨ ᠤ ᠯᠣᠣᠭᠠᠷ ᠨᠣᠶᠠᠳ ᠪᠠᠶᠠᠳ ᠎ ᠤᠨ ᠭᠠᠷᠭᠠᠭᠰᠠᠨ ᠬᠤᠵᠢᠷ ᠢ ᠣᠷᠢᠳᠴᠢᠯᠠᠵᠤ ᠠᠪᠬᠤ ᠠᠴᠠ ᠪᠢᠰᠢ᠂ ᠬᠠᠷᠢᠨ ᠴᠢᠳᠠᠯ ᠦᠭᠡᠢ ᠬᠠᠷᠠᠴᠤ ᠠᠷᠠᠳ ᠤᠨ ᠭᠠᠷᠭᠠᠭᠰᠠᠨ ᠬᠤᠵᠢᠷ ᠢ ᠠᠪᠬᠤ ᠦᠭᠡᠢ ᠬᠤᠶᠢᠰᠢᠯᠠᠭᠤᠯᠳᠠᠭ ᠪᠣᠯᠬᠤᠷ ᠠᠮᠪᠠᠨ ᠳᠤ ᠬᠤᠵᠢᠷ ᠤᠨ ᠮᠥᠩᠭᠦ ᠶᠢ ᠬᠡᠷᠬᠢᠨ ᠴᠠᠭ ᠳᠣᠬᠠᠢ ᠳᠤᠨᠢ ᠳᠣᠰᠢᠶᠠᠵᠤ ᠴᠢᠳᠠᠬᠤ ᠠᠵᠠᠢ︕ ᠠᠮᠪᠠᠨ ᠲᠡᠭᠦᠨ ᠢ ᠥᠯᠦ ᠬᠠᠶᠢᠬᠤᠷᠣᠨ ᠠᠷᠠᠳ ᠠᠴᠠ ᠠᠯᠪᠠᠳᠠᠨ ᠠᠪᠴᠤ ᠣᠯᠠᠨ ᠤ ᠳᠣᠷ᠎ᠠ ᠦᠭᠡᠶᠢᠴᠡᠯ ᠢ ᠬᠦᠷᠭᠡᠭᠰᠡᠨ ᠪᠥᠭᠡᠳ ᠰᠦᠷᠦᠭ ᠤᠨ ᠨᠣᠶᠠᠳ ᠵᠢᠴᠢ ᠰᠦᠷᠦᠭ ᠎ ᠤᠨ ᠳ᠋ᠠ ᠮᠠᠶᠢᠷᠠᠨ ᠤ ᠴᠠᠯᠢᠩ᠂ ᠰᠦᠷᠦᠭ ᠤᠨ ᠬᠦᠮᠦᠨ ᠳᠤ ᠥᠭᠳᠡᠭ ᠳᠠᠬ᠎ᠠ ᠳᠠᠪᠬᠤᠴᠠᠭᠠᠨ ᠤ ᠮᠥᠩᠭᠦ ᠶᠢ ᠵᠠᠮ ᠎ ᠠᠴᠠ ᠨᠢ ᠱᠠᠮᠰᠢᠭᠰᠠᠨ ᠠᠴᠠ ᠬᠤᠨᠢᠨ ᠰᠦᠷᠦᠭ ᠤᠨ ︽ᠨᠠᠢᠮᠠᠨ ᠰᠠᠷᠠᠯ︾ ᠬᠡᠮᠡᠨ ᠠᠯᠳᠠᠷᠰᠢᠭᠰᠠᠨ ᠳᠠᠸᠠ ᠪᠠᠨᠳᠢ᠂ ᠳᠠᠩᠰᠠᠨ ᠤ ᠳᠠᠶᠢᠳᠣᠨ᠂ ᠰᠠᠬᠠᠯᠲᠤ ᠲᠥᠮᠡᠨ᠋ᠦ᠋ᠯᠵᠡᠢ᠂ ᠮᠠᠨᠳᠣᠤ ᠮᠣᠯᠠᠨ ᠵᠡᠷᠭᠡ ᠬᠦᠮᠦᠰ ᠠᠷᠠᠳ ᠣᠯᠠᠨ ᠤ ᠰᠠᠨᠠᠯ ᠢ ᠲᠥᠯᠦᠭᠡᠯᠡᠨ᠂ ᠴᠠᠬᠠᠷ ᠳ᠋ᠦᠲ᠋ᠦ᠋ᠩ ᠤᠨ ᠶᠠᠮᠣᠨ ᠤ ᠬᠤᠩᠬ᠎ᠠ ᠶᠢ ᠰᠦᠨᠢ ᠪᠠᠷ ᠴᠣᠬᠢᠵᠤ᠂ ᠵᠠᠭᠳᠠᠷ ᠵᠡᠷᠭᠡ ᠰᠦᠷᠦᠭ ᠎ ᠤᠨ ᠨᠣᠶᠠᠳ ᠢ ᠵᠠᠭᠠᠯᠳᠣᠵᠤ ᠵᠡᠷᠭᠡ ᠶᠢ ᠨᠢ ᠠᠪᠣᠭᠤᠯᠵᠤ᠂ ᠮᠣᠷᠢᠨ ᠫᠣᠯᠣ ᠪᠠᠷ ᠵᠢᠩᠰᠡ ᠶᠢ ᠨᠢ ᠬᠤᠷᠢᠶᠠᠭᠰᠠᠨ ᠭᠡᠳᠡᠭ ᠤᠯᠠᠮᠵᠢᠯᠠᠯ ᠶᠡᠷᠢᠶ᠎ᠡ ᠪᠠᠶᠢᠳᠠᠭ᠃           ᠴᠢᠩ ᠣᠯᠣᠰ ᠤᠨ ᠦᠶ᠎ᠡ ᠶᠢᠨ ︽ᠮᠣᠩᠭᠤᠯ ᠤᠨ ᠳᠣᠬᠠᠢ ᠮᠠᠭᠠᠳ ᠬᠠᠣᠯᠢ︾᠎ ᠳᠤ ︽ᠲᠥᠷᠦ ᠭᠡᠷᠡᠯᠲᠦ ᠶᠢᠨ ᠨᠠᠢᠮᠠᠳᠣᠭᠠᠷ ᠣᠨ ︵1858 ᠣᠨ︶᠎ ᠳᠤ ᠴᠠᠬᠠᠷ ᠤᠨ ᠦᠭᠡᠷ ᠬᠤᠨᠢᠨ ᠰᠦᠷᠦᠭ ᠤᠨ ᠠᠷᠠᠬᠤ ᠬᠤᠰᠠᠢ ᠭᠡᠰᠢᠭᠵᠢᠷᠭᠠᠯ ᠵᠡᠷᠭᠡ ᠠᠮᠪᠠᠨ᠂ ᠢᠯᠡᠬᠢ ᠠᠮᠪᠠᠨ ᠢᠶᠠᠨ ᠵᠠᠭᠠᠯᠳᠣᠵᠤ ᠠᠮᠪᠠᠨ ᠵᠠᠭᠳᠠᠷ᠂ ᠢᠯᠡᠬᠢ ᠠᠮᠪᠠᠨ ᠭᠦᠩᠭᠠᠨᠢᠮ᠎ᠠ ᠶᠢᠨ ᠵᠡᠷᠭᠡ ᠳᠣᠰᠢᠶᠠᠯ ᠢ ᠣᠭᠴᠠᠷᠠᠭᠤᠯᠣᠭᠰᠠᠨ ᠪᠥᠭᠡᠳ ᠢᠯᠡᠬᠢ ᠠᠮᠪᠠᠨ ᠰᠠᠮᠳᠠᠢ᠂ ᠬᠤᠰᠠᠢ ᠳ᠋ᠠ ᠭᠠᠯᠰᠠᠩᠳᠠᠷᠵᠠ᠂ ᠨᠠᠮᠵᠢᠯᠳᠣᠷᠵᠢ᠂ ᠵᠠᠪᠵᠢᠯᠢᠭ᠌᠂ ᠵᠠᠩᠰᠠᠩᠭᠠᠯᠰᠠᠩ᠂ ᠭᠠᠷ ᠤᠨ ᠳᠠᠷᠤᠭ᠎ᠠ ᠪᠠᠲᠣᠨᠠᠰᠣᠨ ᠨᠠᠷ ᠤᠨ ᠳᠣᠰᠢᠶᠠᠯ ᠢ ᠨᠢ ᠤᠭᠴᠠᠷᠠᠭᠤᠯᠵᠠᠢ᠃ ᠭᠡᠰᠢᠭᠵᠢᠷᠭᠠᠯ ᠨᠠᠷ ᠤᠨ ᠵᠠᠭᠠᠯᠳᠣᠯᠭ᠎ᠠ ᠦᠨᠡᠨ ᠣᠴᠢᠷ ᠤᠳ ᠲᠠᠢ ᠨᠡᠶᠢᠴᠡᠵᠦ ᠪᠠᠶᠢᠭ᠎ᠠ ᠪᠣᠯᠪᠠᠴᠤ ᠳᠣᠣᠷᠠᠬᠢ ᠬᠠᠷᠢᠶᠠᠲᠤ ᠨᠠᠷ ᠳᠡᠭᠡᠷᠡᠬᠢ ᠨᠣᠶᠠᠳ ᠳᠦᠰᠢᠮᠡᠯ ᠢᠶᠠᠨ ᠵᠠᠭᠠᠯᠳᠣᠬᠤ ᠰᠣᠷᠲᠠᠯ ᠢ ᠨᠡᠬᠡᠵᠦ ᠪᠣᠯᠬᠤ ᠦᠭᠡᠢ ᠲᠣᠯᠠ ᠬᠤᠰᠠᠢ ᠳ᠋ᠠ ᠭᠡᠰᠢᠭᠵᠢᠷᠭᠠᠯ᠂ ᠹᠦᠯᠦ ᠪᠠᠶᠢᠯᠲᠤ᠂ ᠪᠣᠨᠢᠶ᠎ᠠ᠂ ᠠᠷᠢᠶᠠᠨᠣᠮᠤᠳᠤ᠂ ᠵᠣᠸᠠᠩᠳᠠ ᠦᠨᠡᠨ᠂ ᠨᠠᠮᠵᠢᠯᠰᠡᠷᠡᠩ᠂ ᠳᠠᠮᠷᠢᠨ᠂ ᠪᠥᠲᠦᠮᠵᠢ᠂ ᠰᠦᠷᠦᠭ ᠤᠨ ᠳ᠋ᠠ ᠰᠠᠮᠫᠢᠯ᠂ ᠲᠥᠮᠡᠨᠷᠠᠰᠢ᠂ ᠴᠢᠳᠠᠨᠷᠠᠰᠢ᠂ ᠷᠠᠰᠢᠨᠣᠷᠪᠤ᠂ ᠫᠣᠩᠰᠣᠭᠳᠣᠷᠵᠢ᠂ ᠴᠡᠪᠡᠭᠵᠠᠪ᠂ ᠳᠠᠸᠠᠵᠢᠮᠪᠠ᠂ ᠪᠣᠶᠠᠨ᠂ ᠵᠠᠩᠰᠡᠩᠵᠢᠭᠵᠢᠳ᠂ ᠭᠡᠰᠡᠷᠮᠠᠩᠯᠠᠢ᠂ ᠫᠣᠩᠰᠤᠭ ᠂ ᠪᠠᠯᠵᠣᠣᠷ᠂ ᠣᠳᠽᠠᠷᠷᠠᠰᠢ᠂ ᠷᠠᠰᠢᠵᠠᠮᠪᠠ᠂ ᠳᠠᠲᠠᠳᠧᠴᠢᠨ᠂ ᠵᠠᠮᠪᠠᠯ᠂ ᠴᠡᠷᠢᠨᠴᠢᠮᠡᠳ᠂ ᠰᠡᠷᠡᠩ᠂ ᠦᠨᠡᠨᠪᠠᠲᠤ ᠶᠢᠨ ᠴᠠᠯᠢᠩ ᠢ ᠨᠢ ᠴᠦᠮ ᠪᠣᠴᠠᠭᠠᠵᠤ ᠮᠠᠯ ᠮᠠᠯᠵᠢᠭᠤᠯᠣᠨ᠂ ᠨᠢᠭᠡ ᠵᠢᠯ ᠤᠨ ᠳᠣᠲᠣᠷ᠎ᠠ ᠳᠡᠪᠰᠢᠭᠦᠯᠦᠨ ᠬᠡᠷᠡᠭᠯᠡᠵᠦ ᠪᠣᠯᠬᠤ ᠦᠭᠡᠢ ᠭᠡᠵᠦ ᠬᠥᠩᠭᠡᠨ ᠰᠢᠢᠳᠬᠡᠯ ᠦᠵᠡᠭᠦᠯᠪᠡ᠃ ᠲᠡᠷᠡᠴᠢᠯᠡᠨ ᠬᠠᠷᠢᠶᠠᠲᠤ ᠬᠦᠮᠦᠰ ᠤᠨ ᠴᠠᠯᠢᠩ ᠢ ᠬᠤᠪᠢᠨ ᠳᠠᠭᠠᠨ ᠦᠯᠡᠳᠡᠭᠡᠨ ᠠᠪᠣᠭᠰᠠᠨ ᠬᠦᠮᠦᠰ ᠪᠠ ᠬᠠᠭ᠋ᠣᠣᠯᠢ ᠢᠳᠡᠭᠰᠡᠨ ᠣᠷᠢᠳ ᠤᠨ ᠳ᠋ᠦᠲ᠋ᠦ᠋ᠩ ᠮᠦᠷᠢᠩᠭ᠎ᠠ᠂ ᠳᠣᠰᠢᠶᠠᠯ ᠳᠤ ᠪᠠᠶᠢᠬᠤ ᠳ᠋ᠦᠲ᠋ᠦ᠋ᠩ ᠰᠢᠯᠢᠩᠭ᠎ᠠ ᠮᠡᠶᠢᠷᠠᠨ ᠵᠠᠩᠭᠢ ᠴᠢᠩ ᠶᠦᠩ ᠨᠠᠷ ᠢ ᠵᠣᠷᠭᠠᠨ ᠶᠠᠮᠣᠨ ᠳᠤ ᠳᠣᠰᠢᠶᠠᠨ ᠥᠭᠴᠦ ᠰᠢᠢᠳᠪᠦᠷᠢᠯᠡᠭᠦᠯᠦᠨ᠎ᠡ᠃ 〈 ᠮᠦᠷᠢᠩᠭ᠎ᠠ ᠳᠠᠬ᠎ᠠ ᠳᠠᠪᠬᠤᠴᠠᠭᠠᠨ ᠤ ᠮᠥᠩᠭᠦ ᠠᠴᠠ ᠢᠳᠡᠭᠰᠡᠨ ᠪᠣᠯᠬᠤᠷ ᠰᠢᠢᠳᠬᠡᠯ ᠣᠯᠬᠤ ᠬᠡᠷᠡᠭᠲᠡᠢ 〉︾ ᠭᠡᠵᠡᠢ᠃           ᠵᠠ᠊ ᠠᠮᠪᠠᠨ ᠢ ᠦᠬᠦᠭᠰᠡᠨ ᠤ ᠳᠣᠬᠠᠢ ᠪᠠᠰᠠ ᠳᠣᠣᠷᠠᠬᠢ ᠮᠡᠲᠦ ᠤᠯᠠᠮᠵᠢᠯᠠᠯ ᠶᠠᠷᠢᠶ᠎ᠠ ᠪᠠᠶᠢᠳᠠᠭ᠃ ᠵᠠ᠊ ᠠᠮᠪᠠᠨ ᠵᠡᠷᠭᠡ ᠪᠠᠨ ᠠᠪᠲᠠᠭᠳᠠᠵᠤ᠂ ᠭᠦᠷᠦᠨ ᠲᠥᠷᠦ ᠳᠤ ᠬᠤᠷᠣᠰᠬᠤ ᠳᠠᠭᠠᠨ ᠠᠭᠮᠢᠨᠢ ᠭᠦᠷᠳᠠᠮᠪᠠ ᠶᠢ ᠵᠠᠯᠠᠵᠤ ᠮᠠᠨᠵᠤ ᠬᠠᠭᠠᠨ ᠳᠤ ᠬᠠᠷᠢᠶᠠᠯ ᠬᠢᠯᠭᠡᠵᠦ ᠭᠡᠨ᠎ᠡ᠃ ᠡᠨᠡ ᠣᠴᠢᠷ ᠢ ᠨᠢ ᠶᠠᠮᠠᠷ ᠨᠢᠭᠡᠨ ᠬᠦᠮᠦᠨ ᠳᠡᠭᠡᠭᠰᠢ ᠪᠠᠨ ᠬᠤᠩᠰᠢᠶᠠᠷ ᠬᠦᠷᠭᠡᠭᠰᠡᠨ ᠠᠴᠠ ᠬᠠᠷᠢᠶᠠᠯ ᠬᠢᠭᠰᠡᠨ ᠠᠭᠮᠢᠨᠢ ᠭᠦᠷᠳᠠᠮᠪᠠ ᠶᠢ ᠴᠠᠭᠠᠵᠠ ᠪᠠᠷ ᠠᠪᠠᠴᠢᠨ᠂ ᠵᠡᠷᠭᠡ ᠪᠠᠨ ᠠᠪᠲᠠᠭᠳᠠᠵᠤ᠂ ᠬᠠᠶᠢᠷᠶᠠᠯ ᠬᠢᠯᠭᠡᠭᠰᠡᠨ ᠵᠠᠭᠳᠠᠷ ᠢ ᠴᠠᠬᠠᠷ ᠳ᠋ᠦᠲ᠋ᠦ᠋ᠩ ᠳᠤ ᠳᠠᠭᠤᠳᠠᠵᠤ ᠠᠪᠠᠴᠢᠭᠠᠳ ᠰᠡᠭᠦᠯ ᠳᠤᠨᠢ ᠨᠢᠭᠡ ᠡᠳᠦᠷ ᠵᠠᠭᠳᠠᠷ ᠦᠬᠦᠪᠡ ᠭᠡᠵᠦ ᠠᠪᠰᠠᠯᠠᠵᠤ ᠲᠡᠭᠡᠭᠡᠭᠡᠳ ᠬᠡᠳᠦᠨ ᠬᠢᠲᠠᠳ ᠢᠶᠠᠷ ᠭᠡᠷ ᠲᠤᠨᠢ ᠬᠦᠷᠭᠡᠵᠦ ᠢᠷᠡᠵᠡᠢ ᠃ ᠭᠡᠷ ᠪᠦᠯᠢ ᠨᠢ ᠨᠣᠮ ᠪᠣᠶᠠᠨ ᠦᠢᠯᠡᠳᠴᠦ᠂ ᠨᠥᠩᠨᠡᠢ ᠶᠢᠨ ᠷᠠᠰᠢᠶᠠᠨ ᠳᠣᠰᠣᠭᠠᠨ᠎ᠠ ᠭᠡᠵᠦ ᠠᠪᠰᠠᠨ ᠤ ᠠᠮᠠᠰᠠᠷ ᠢ ᠨᠡᠭᠡᠭᠡᠭᠰᠡᠨ ᠳᠤ ᠲᠣᠯᠣᠭᠠᠢ ᠨᠢ ᠦᠭᠡᠢ᠂ ᠣᠷᠣᠨ ᠳᠤᠨᠢ ᠲᠠᠣᠯᠠᠢ ᠶᠢᠨ ᠲᠣᠯᠣᠭᠠᠢ ᠲᠠᠯᠪᠢᠭᠰᠠᠨ ᠪᠠᠶᠢᠵᠤ ᠭᠡᠨ᠎ᠡ᠃           ᠥᠭᠡᠷ᠎ᠡ ᠨᠢᠭᠡ ᠵᠦᠢᠯ ᠤᠨ ᠶᠠᠷᠢᠶ᠎ᠠ ᠪᠣᠯ ᠵᠠᠭᠳᠠᠷ ᠵᠡᠷᠭᠡ ᠪᠠᠨ ᠠᠪᠲᠠᠭᠳᠠᠵᠤ ᠰᠳᠬᠢᠯ ᠨᠢ ᠦᠭᠦᠭᠰᠡᠨ ᠦᠭᠡᠢ᠂ ᠳᠡᠭᠡᠭᠰᠢ ᠵᠠᠭᠠᠯᠳᠣᠨ᠎ᠠ ᠭᠡᠵᠦ ᠶᠠᠪᠣᠭᠠᠳ ᠰᠢᠯᠣᠭᠤᠨ ᠴᠠᠭᠠᠨ ᠬᠤᠰᠢᠭᠤ ᠬᠠᠪᠢ ᠳᠤ ᠥᠰ ᠲᠠᠢ ᠬᠦᠮᠦᠨ ᠎ ᠲᠠᠢ ᠪᠠᠨ ᠣᠴᠠᠷᠠᠵᠤ᠂ ᠲᠡᠷᠡ ᠬᠦᠮᠦᠨ ᠨᠢ ᠵᠠᠭᠳᠠᠷ ᠠᠮᠪᠠᠨ ᠢ ᠠᠯᠠᠵᠤ ᠲᠣᠯᠣᠭᠠᠢ ᠶᠢ ᠨᠢ ᠠᠪᠣᠭᠠᠳ ᠳᠣᠲᠠᠭᠠᠭᠰᠠᠨ ᠭᠡᠳᠡᠭ᠃           ᠴᠢᠩ ᠣᠯᠣᠰ ᠤᠨ ᠦᠶ᠎ᠡ ᠶᠢᠨ ︽ᠮᠣᠩᠭᠤᠯ ᠤᠨ ᠳᠣᠬᠠᠢ ᠮᠠᠭᠠᠳ ᠬᠠᠣᠯᠢ︾᠎ ᠳᠤ ᠲᠥᠷᠦ ᠭᠡᠷᠡᠯᠲᠦ ᠎ ᠶᠢᠨ ᠶᠢᠰᠦᠳᠦᠭᠡᠷ ᠣᠨ ᠳᠤ ᠠᠭᠮᠢᠨᠢ ᠭᠦᠷᠳᠠᠮᠪᠠ ᠶᠢ ᠳᠣᠯᠣᠨᠨᠠᠭᠤᠷ ᠬᠠᠪᠢ ᠠᠴᠠ ᠪᠠᠷᠢᠵᠤ ᠴᠠᠭᠠᠵᠠ ᠪᠠᠷ ᠠᠪᠠᠴᠢᠭᠰᠠᠨ ᠣᠴᠢᠷ ᠭᠠᠷᠴᠠᠢ᠃ ᠡᠨᠡ ᠨᠢ ᠵᠠᠭᠳᠠᠷ ᠠᠮᠪᠠᠨ ᠤ ᠵᠠᠯᠠᠯᠭ᠎ᠠ ᠪᠠᠷ ᠬᠠᠭᠠᠨ ᠳᠤ ᠬᠠᠷᠢᠶᠠᠯ ᠬᠢᠭᠰᠡᠨ ᠣᠴᠢᠷ ᠎ ᠠᠴᠠ ᠪᠢᠰᠢ᠂ ᠬᠠᠷᠢᠨ ᠵᠠᠮᠰᠤ ᠯᠠᠮᠠ ᠨᠠᠮᠠᠬᠠᠢ ᠬᠤᠳᠣᠭᠲᠤ ᠬᠡᠷᠡᠭᠦᠯ ᠬᠢᠭᠰᠡᠨ ᠣᠴᠢᠷ ᠠᠴᠠ ᠳᠠᠯᠠᠢ ᠭᠡᠳᠡᠭ ᠬᠦᠮᠦᠨ ᠪᠡᠶ᠎ᠡ ᠪᠠᠨ ᠬᠤᠣᠷᠯᠠᠵᠤ ᠦᠬᠦᠭᠰᠡᠨ ᠲᠠᠢ ᠬᠤᠯᠪᠣᠭᠳᠠᠵᠤ ᠪᠠᠷᠢᠭᠳᠠᠭᠰᠠᠨ ᠪᠠᠶᠢᠨ᠎ᠠ᠃           ᠵᠠᠭᠳᠠᠷ ᠠᠮᠪᠠᠨ ᠤ ᠣᠩᠭᠤᠨ ᠣᠳᠣᠬᠢ ᠰᠢᠯᠣᠭᠤᠨ ᠬᠥᠬᠡ ᠬᠤᠰᠢᠭᠤᠨ ᠤ ᠶᠡᠬᠡᠬᠠᠶᠢᠷᠬᠠᠨ ᠰᠣᠮᠣᠨ ᠤ ᠴᠠᠭᠠᠨᠨᠠᠭᠤᠷ ᠤᠨ ᠬᠥᠯ ᠳᠤ ︽ᠰᠢᠷᠡᠭᠡᠲᠦ︾ ᠭᠡᠬᠦ ᠵᠢᠶᠠᠽᠠ ᠲᠠᠢ ᠮᠠᠩᠬᠠᠨ ᠤ ᠡᠩᠭᠡᠷ ᠲᠤ ᠪᠣᠢ᠃           ᠵᠠᠭᠳᠠᠷ ᠠᠮᠪᠠᠨ ᠢ ᠦᠬᠦᠭᠰᠡᠨ ᠠᠴᠠ ᠬᠤᠶᠢᠰᠢ ᠰᠦᠮ᠎ᠡ ᠶᠢ ᠨᠢ ᠲᠦᠭᠤᠸᠠᠨ ᠭᠡᠭᠡᠨ ᠳᠤ ᠡᠷᠭᠦᠵᠡᠢ᠃ ᠲᠦᠭᠤᠸᠠᠨ ᠭᠡᠭᠡᠨ ᠲᠡᠷᠡ ᠰᠦᠮ᠎ᠡ ᠶᠢ ᠨᠣᠷᠠᠭᠠᠵᠤ ᠬᠠᠳᠠᠨᠬᠤᠰᠢᠭᠤ ᠰᠦᠮ᠎ᠡ ᠶᠢᠨ ᠬᠤᠣᠳᠳᠤᠭ ᠤᠨ ᠪᠠᠷᠠᠭᠤᠨ ᠳᠤ ᠨᠡᠭᠦᠯᠭᠡᠨ ᠪᠠᠷᠢᠭᠰᠠᠨ ᠪᠠᠶᠢᠪᠠ᠃ ᠲᠡᠭᠦᠨ ᠢ ︽ᠲᠦᠭᠤᠸᠠᠨ ᠭᠡᠭᠡᠨ ᠤ ᠯᠠᠪᠷᠣᠩ︾ ᠭᠡᠵᠦ ᠳᠠᠭᠤᠳᠠᠵᠤ ᠪᠠᠶᠢᠯ᠎ᠠ᠃           ᠵᠠᠭᠳᠠᠷ᠂ 2004 ᠣᠨ ᠳᠤ ︽ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ︾ ᠬᠡᠮᠡᠬᠦ ᠨᠣᠮ ᠳᠤ ᠲᠡᠮᠳᠡᠭᠯᠡᠭᠳᠡᠵᠡᠢ᠃            ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠣ ᠰᠡᠶᠢᠷᠡᠭᠦᠯᠪᠡ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号