ᠰᠦᠯᠵᠢᠶᠡᠨ ᠬᠢᠴᠢᠶᠡᠯ ᠤᠷᠤᠬᠤ ᠳᠤ ᠡᠯᠧᠺᠲᠷᠣᠨ ᠦᠢᠯᠡᠳᠬᠦᠨ ᠢ ᠬᠡᠷᠬᠢᠨ  ᠰᠣᠩᠭᠤᠬᠤ ᠪᠣᠶ︖ ᠲᠣᠬᠢᠷᠠᠮᠵᠢᠲᠠᠶ ᠨᠢᠳᠦᠨ ᠰᠢᠯ ᠢ ᠬᠡᠷᠬᠢᠨ ᠰᠣᠩᠭᠤᠬᠤ ᠪᠤᠢ︖
ᠨᠡᠶᠢᠲᠡᠯᠡᠭᠰᠡᠨ ᠴᠠᠭ᠄
2020/10/26
         ᠠᠰᠠᠭᠤᠯᠲᠠ᠄ ᠰᠦᠯᠵᠢᠶᠡᠨ ᠳᠡᠭᠡᠷ᠎ᠡ ᠰᠤᠷᠤᠯᠴᠠᠬᠤ ᠦᠶ᠎ᠡ ᠳᠤ ᠡᠯᠧᠺᠲᠷᠣᠨ  ᠦᠢᠯᠡᠳᠬᠦᠨ ᠢ  ᠬᠡᠷᠬᠢᠨ  ᠰᠣᠩᠭᠤᠪᠠᠯ ᠵᠣᠬᠢᠬᠤ ᠪᠣᠶ︖             ᠸᠧᠨᠵᠸᠦ  ᠬᠤᠳᠠ ᠶᠢᠨ  ᠠᠨᠠᠭᠠᠬᠤ  ᠤᠬᠠᠭᠠᠨ ᠤ  ᠶᠡᠭᠡ  ᠰᠤᠷᠭᠠᠭᠤᠯᠢ ᠶᠢᠨ  ᠬᠠᠷᠠᠭᠠᠨ  ᠎ ᠤ  ᠬᠡᠷᠡᠯ ᠤᠨ  ᠠᠨᠠᠭᠠᠬᠤ ᠤᠬᠠᠭᠠᠨ ᠤ ᠬᠡᠯᠲᠡᠰ ᠤᠨ ᠡᠷᠬᠢᠯᠡᠭᠴᠢ᠂ ᠪᠦᠬᠦ ᠤᠯᠤᠰ ᠤᠨ ᠬᠡᠤᠬᠡᠳ ᠪᠠ ᠵᠠᠯᠠᠭᠤᠴᠤᠳ ᠪᠠᠭᠠᠴᠤᠳ ᠤᠨ ᠣᠶᠢᠷ᠎ᠠ  ᠬᠠᠷᠠᠭ᠎ᠠ ᠶᠢ ᠶᠡᠷᠦᠩᠬᠡᠶᠢᠯᠡᠨ ᠰᠡᠷᠭᠡᠶᠢᠯᠡᠭᠦ ᠲᠤᠰᠬᠠᠶ ᠮᠡᠷᠭᠡᠵᠢᠯᠲᠡᠨ ᠤ ᠤᠬᠠᠭᠤᠯᠤᠨ ᠲᠠᠶᠢᠯᠪᠤᠷᠢᠯᠠᠬᠤ  ᠪᠦᠯᠬᠦᠮ ᠤᠨ  ᠳᠠᠷᠤᠭ᠎ᠠ  ᠴᠢᠦᠢ  ᠵᠢᠶᠠ᠄ ᠲᠣᠮᠣ ᠳᠡᠯᠭᠡᠴᠡ ᠶᠢ ᠰᠣᠩᠭᠤᠬᠤ ᠨᠢ ᠬᠠᠮᠤᠬ ᠠᠴᠠ ᠴᠢᠬᠤᠯᠠ ᠶᠤᠮ᠃ ᠵᠢᠱᠢᠶᠡᠯᠡᠪᠡᠯ ᠲᠣᠮᠣ  ᠲᠤᠰᠬᠠᠯᠳᠠᠳᠤ  ᠲᠧᠯᠸᠢᠰ᠂  ᠲᠣᠮᠣ ᠲᠧᠯᠸᠢᠰ ᠤᠨ ᠳᠡᠯᠭᠡᠴᠡ ᠵᠡᠷᠭᠡ ᠪᠤᠯᠤᠨ᠎ᠠ᠃ ᠤᠴᠢᠷ ᠨᠢ  ᠲᠡᠭᠦᠨ ᠢ  ᠬᠠᠷᠠᠬᠤ  ᠎ ᠳᠤ  ᠵᠠᠶ ᠨᠢ  ᠨᠡᠯᠢᠶᠡᠳ  ᠬᠤᠯᠠ  ᠪᠠᠶᠢᠳᠠᠭ᠃ ᠺᠣᠮᠫᠢᠦ᠋ᠲ᠋ᠧᠷ ᠨᠢ IPAD᠎ ᠠᠴᠠ ᠲᠡᠭᠡᠷ᠎ᠠ᠂ IPAD᠎ ᠨᠢ ᠭᠠᠷ ᠤᠲᠠᠰᠤ ᠠᠴᠠ ᠲᠡᠭᠡᠷ᠎ᠠ  ᠶᠤᠮ᠃  ᠡᠭᠦᠨ ᠠᠴᠠ  ᠭᠠᠳᠠᠨ᠎ᠠ ᠪᠠᠰᠠ ᠢᠯᠭᠠᠮᠵᠢ ᠨᠢ ᠥᠨᠳᠥᠷ ᠪᠠ ᠬᠢᠯᠪᠠᠯᠵᠠᠬᠤ ᠴᠠᠬ ᠨᠢ ᠣᠬᠤᠷ ᠡᠯᠧᠺᠲᠷᠣᠨ ᠦᠢᠯᠡᠳᠬᠦᠨ ᠢ ᠰᠣᠩᠭᠤᠬᠤ ᠶᠢ ᠴᠢᠬᠤᠯᠠᠴᠢᠯᠠᠬᠤ ᠬᠡᠷᠡᠭᠲᠡᠢ᠃          ᠰᠤᠷᠤᠭᠴᠢᠳ ᠺᠣᠮᠫᠢᠦ᠋ᠲ᠋ᠧᠷ ᠬᠠᠷᠠᠬᠤ ᠳᠠᠭᠠᠨ ᠨᠢᠳᠤ ᠪᠠᠨ ᠺᠣᠮᠫᠢᠦ᠋ᠲ᠋ᠧᠷ ᠤᠨ ᠳᠡᠯᠭᠡᠴᠡ ᠠᠴᠠ  ᠨᠠᠭᠠᠳᠤ  ᠵᠠᠬ᠎ᠠ ᠳᠠᠭᠠᠨ 50cm ᠵᠠᠶᠢᠳᠠᠢ ᠪᠠᠶᠢᠯᠭᠠᠵᠤ᠂ ᠵᠢᠭᠠᠬᠠᠨ ᠳᠣᠷᠣᠭᠰᠢ ᠬᠠᠷᠠᠬᠤ ᠬᠡᠷᠡᠭᠲᠡᠢ᠂ ᠲᠤᠬᠠᠢᠢᠯᠠᠪᠠᠯ  ᠺᠣᠮᠫᠢᠦ᠋ᠲ᠋ᠧᠷ  ᠬᠠᠷᠠᠬᠤ  ᠬᠠᠷᠠᠭᠠᠨ ᠱᠤᠭᠤᠮ ᠨᠢ ᠵᠢᠭᠠᠬᠠᠨ ᠳᠣᠷᠣᠭᠰᠢ ᠬᠡᠯᠪᠠᠶᠢᠵᠦ᠂ ᠺᠣᠮᠫᠢᠦ᠋ᠲ᠋ᠧᠷ ᠤᠨ ᠳᠡᠯᠭᠡᠴᠡ ᠶᠢᠨ ᠲᠥᠪ ᠪᠠᠶᠢᠷᠢ ᠨᠢ  ᠬᠠᠷᠠᠭᠠᠨ  ᠱᠤᠭᠤᠮ ᠤᠨ ᠳᠣᠤᠷ᠎ᠠ ᠲᠠᠯ᠎ᠠ ᠶᠢᠨ 10cm ᠣᠷᠴᠢᠮ ᠳᠤ ᠪᠠᠶᠢᠪᠠᠯ  ᠵᠣᠬᠢᠨ᠎ᠠ᠂  ᠡᠨᠡ  ᠦᠶ᠎ᠡ ᠳᠤ  ᠬᠠᠷᠠᠭᠠᠨ  ᠥᠨᠴᠥᠭ ᠨᠢ  ᠨᠢᠳᠦᠨ ᠤ ᠬᠡᠪᠲᠡᠭᠡ ᠱᠤᠭᠤᠮ ᠠᠴᠠ ᠪᠠᠷᠤᠭ 15 ᠭᠷᠠᠳᠦ᠋ᠰ ᠳᠣᠣᠷ᠎ᠠ ᠪᠠᠶᠢᠳᠠᠭ᠃          ᠪᠠᠰᠠ  ᠡᠳᠦᠷ  ᠪᠦᠷᠢ ᠶᠢᠨ  ᠡᠯᠧᠺᠲᠷᠣᠨ  ᠦᠢᠯᠡᠳᠬᠦᠨ  ᠬᠡᠷᠡᠭᠯᠡᠬᠦ  ᠴᠠᠭ ᠢ  ᠬᠢᠵᠠᠭᠠᠷᠯᠠᠬᠤ   ᠬᠡᠷᠡᠭᠲᠡᠶ᠂   ᠪᠠᠭ᠎ᠠ ᠰᠤᠷᠭᠠᠭᠤᠯᠢ ᠶᠢᠨ ᠱᠠᠲᠤᠨ ᠳᠤ ᠡᠳᠦᠷ ᠪᠦᠷᠢ 2 ᠴᠠᠭ᠂ ᠳᠤᠮᠳᠠᠳᠤ ᠰᠤᠷᠭᠠᠭᠤᠯᠢ ᠶᠢᠨ  ᠱᠠᠲᠤᠨ ᠳᠤ  4  ᠴᠠᠭ ᠤᠨ  ᠳᠣᠲᠣᠷ᠎ᠠ ᠪᠠᠶᠢᠯᠭᠠᠬᠤ ᠶᠢ ᠪᠠᠲᠤᠯᠠᠬᠤ ᠬᠡᠷᠡᠭᠲᠡᠶ᠃  ᠪᠠᠭ᠎ᠠ  ᠰᠤᠷᠭᠠᠭᠤᠯᠢ ᠶᠢᠨ  ᠱᠠᠳᠤᠨ ᠳᠤ  ᠬᠢᠴᠢᠶᠡᠯ  ᠪᠦᠷᠢ ᠶᠢ  20  ᠮᠢᠨᠦ᠋ᠲ ᠢᠶᠠᠷ ᠬᠢᠵᠠᠭᠠᠷᠯᠠᠵᠤ᠂ ᠳᠤᠮᠳᠠᠳᠤ ᠰᠤᠷᠭᠠᠭᠤᠯᠢ ᠶᠢᠨ ᠱᠠᠲᠤᠨ ᠳᠤ ᠬᠢᠴᠢᠶᠡᠯ ᠪᠦᠷᠢ ᠶᠢ 30 ᠮᠢᠨᠦ᠋ᠲ ᠢᠶᠠᠷ  ᠬᠢᠵᠠᠭᠠᠷᠯᠠᠬᠤ  ᠬᠡᠷᠡᠭᠲᠡᠢ᠂ ᠡᠯᠧᠺᠲᠷᠣᠨ ᠦᠢᠯᠡᠳᠬᠦᠨ ᠢ ᠨᠡᠯᠢᠶᠡᠳ ᠠᠷᠪᠢᠨ ᠬᠡᠷᠡᠭᠯᠡᠬᠦ  ᠦᠶ᠎ᠡ  ᠲᠠᠭᠠᠷᠠᠯᠳᠤᠪᠠᠯ  ᠲᠧᠯᠸᠢᠰ  ᠦᠵᠡᠬᠦ  ᠪᠤᠶᠤ  ᠡᠯᠧᠺᠲᠷᠤᠨ ᠲᠣᠭᠯᠠᠭᠠᠮ ᠨᠠᠭᠠᠳᠬᠤ ᠠᠴᠠ ᠠᠯᠢ ᠴᠢᠳᠠᠬᠤ ᠪᠠᠷ ᠵᠠᠶᠢᠯᠠᠰᠬᠢᠭᠦ ᠬᠡᠷᠡᠭᠲᠡᠢ᠃         ᠠᠰᠠᠭᠤᠯᠲᠠ᠄ ᠨᠢᠳᠦᠨ ᠰᠢᠯ ᠢ ᠴᠢᠬᠤᠯᠠᠲᠠᠶ ᠦᠶ᠎ᠠ ᠳᠤ ᠵᠡᠭᠦᠪᠡᠯ ᠨᠡᠯᠢᠶᠠᠳ ᠰᠠᠶᠢᠨ ᠤᠤ᠂ ᠨᠡᠶᠢᠳᠡᠮ ᠵᠡᠭᠦᠪᠡᠯ ᠨᠡᠯᠢᠶᠠᠳ ᠰᠠᠶᠢᠨ ᠤᠤ︖          ᠴᠢᠦᠶ ᠵᠢᠶᠠ᠄ ᠬᠡᠤᠬᠡᠳ ᠤᠨ ᠣᠶᠢᠷ᠎ᠠ ᠬᠠᠷᠠᠭᠠᠨ ᠤ ᠭᠷᠠᠳᠦ᠋ᠰ ᠤᠨ ᠬᠡᠮᠵᠢᠶ᠎ᠡ ᠨᠢ ᠨᠡᠯᠢᠶᠡᠳ ᠳᠣᠤᠷ᠎ᠠ ᠪᠣᠯ ᠨᠢᠳᠦᠨ ᠰᠢᠯ ᠵᠡᠭᠦᠬᠦ ᠬᠡᠷᠡᠭ ᠥᠬᠡᠶ ᠭᠡᠵᠦ ᠮᠠᠰᠢ ᠣᠯᠠᠨ ᠬᠡᠷ ᠤᠨ ᠠᠬᠠᠮᠠᠳ ᠦᠵᠡᠳᠡᠭ ᠪᠦᠭᠡᠳ ᠨᠢᠳᠦᠨ ᠰᠢᠯ ᠵᠡᠭᠦᠯᠭᠡᠭᠦ ᠠᠴᠠ  ᠠᠶᠤᠳᠠᠬ᠃ ᠦᠨᠡᠨ ᠳᠡᠭᠡᠨ ᠣᠶᠢᠷ᠎ᠠ ᠬᠠᠷᠠᠭ᠎ᠠ ᠲᠠᠢ ᠪᠤᠯᠤᠬᠰᠠᠨ ᠤ ᠳᠠᠷᠠᠭ᠎ᠠ᠂ ᠬᠤᠯᠠ ᠶᠢᠨ ᠶᠠᠭᠤᠮ᠎ᠠ ᠶᠢ  ᠲᠣᠳᠣᠷᠬᠠᠶ  ᠣᠯᠵᠤ  ᠦᠵᠡᠬᠦ ᠶᠢᠨ ᠲᠥᠯᠥᠭᠡ ᠨᠢᠳᠦᠨ ᠰᠢᠯ ᠢ ᠡᠷᠬᠡᠪᠰᠢ ᠲᠠᠭᠠᠷᠠᠭᠤᠯᠵᠤ ᠵᠡᠭᠦᠬᠦ  ᠬᠡᠷᠡᠭᠲᠡᠶ  ᠶᠤᠮ᠃  ᠭᠡᠪᠡᠴᠦ  ᠨᠢᠳᠦᠨ  ᠰᠢᠯ  ᠲᠠᠭᠠᠷᠠᠭᠤᠯᠬᠤ ᠳᠤ ᠬᠠᠰᠢᠯᠠ ᠲᠤᠰᠬᠠᠶ ᠮᠡᠷᠭᠡᠵᠢᠯ ᠤᠨ  ᠡᠮᠨᠡᠯᠭᠡ ᠶᠢᠨ  ᠬᠤᠷᠢᠶᠠᠨ ᠤ  ᠬᠠᠷᠠᠭᠠᠨ  ᠎ ᠤ  ᠭᠡᠷᠡᠯ ᠤᠨ  ᠡᠭᠦᠳᠡᠨ  ᠡᠮᠨᠡᠯᠭᠡ ᠳᠤ  ᠣᠴᠢᠵᠤ ᠲᠠᠭᠠᠷᠠᠭᠤᠯᠬᠤ ᠶᠢ ᠰᠠᠨᠠᠭᠤᠯᠤᠶ᠎ᠠ᠃          ᠨᠢᠳᠦᠨ ᠰᠢᠯ ᠲᠠᠭᠠᠷᠠᠭᠤᠯᠬᠤ ᠳᠤ ᠭᠷᠠᠳᠦ᠋ᠰ ᠤᠨ ᠲᠤᠭ᠎ᠠ ᠶᠢ ᠥᠨᠳᠥᠷ ᠰᠢᠭ ᠲᠠᠭᠠᠷᠠᠭᠤᠯᠬᠤ ᠤᠤ  ᠡᠰᠡᠬᠦᠯ᠎ᠡ  ᠳᠣᠣᠷ᠎ᠠ ᠰᠢᠬ ᠲᠠᠭᠠᠷᠠᠭᠤᠯᠬᠤ ᠤᠤ︖ ᠨᠢᠳᠤᠨ ᠰᠢᠯ ᠲᠠᠭᠠᠷᠠᠭᠤᠯᠬᠤ ᠳᠤ ᠵᠠᠷᠴᠢᠮ ᠲᠠᠢ  ᠪᠠᠶᠢᠳᠠᠭ᠃  ᠡᠩ ᠤᠨ  ᠪᠠᠶᠢᠳᠠᠯ ᠠᠴᠠ  ᠠᠪᠴᠤ ᠬᠡᠯᠡᠪᠡᠯ᠂ ᠬᠠᠷᠠᠭ᠎ᠠ ᠶᠢ 1.0 ᠭᠷᠠᠳᠦ᠋ᠰ ᠲᠤ ᠬᠦᠷᠦᠭᠦᠯᠬᠦ ᠨᠢᠳᠦᠨ ᠰᠢᠯ ᠢ ᠲᠠᠭᠠᠷᠠᠭᠤᠯᠬᠤ ᠬᠡᠷᠡᠭᠲᠡᠢ᠂ ᠬᠠᠷᠢᠨ ᠬᠡᠲᠦᠷᠬᠡᠢ ᠳᠣᠣᠷ᠎ᠠ ᠪᠠᠶᠢᠯᠭᠠᠵᠤ ᠪᠣᠯᠬᠤ ᠦᠭᠡᠢ᠃ ᠳᠣᠣᠷ᠎ᠠ ᠰᠢᠭ᠋ ᠭᠷᠠᠳᠦ᠋ᠰ ᠲᠠᠢ ᠨᠢᠳᠤᠨ  ᠰᠢᠯ  ᠲᠠᠭᠠᠷᠠᠭᠤᠯᠪᠠᠯ  ᠤᠢᠢᠷ᠎ᠠ  ᠬᠠᠷᠠᠭ᠎ᠠ ᠲᠠᠢ  ᠪᠤᠯᠬᠤ ᠠᠬᠢᠴᠠ ᠶᠢ ᠤᠳᠠᠭᠠᠰᠢᠷᠠᠭᠤᠯᠵᠤ ᠴᠢᠳᠠᠨ᠎ᠠ ᠭᠡᠰᠡᠨ ᠶᠠᠪᠤᠳᠠᠯ ᠪᠢᠰᠢ ᠶᠤᠮ᠂ ᠦᠨᠡᠨ ᠳᠡᠭᠡᠨ ᠤᠢᠢᠷ᠎ᠠ ᠬᠠᠷᠠᠭ᠎ᠠ ᠶᠢᠨ  ᠭᠷᠠᠳᠦ᠋ᠰ ᠤᠨ ᠲᠤᠭ᠎ᠠ ᠶᠢ ᠨᠡᠩ ᠠᠮᠠᠷᠬᠠᠨ ᠶᠡᠭᠡᠰᠭᠡᠳᠡᠭ᠃ ᠡᠭᠦᠨ ᠠᠴᠠ ᠭᠠᠳᠠᠨ᠎ᠠ᠂ ᠨᠢᠳᠦᠨ ᠰᠢᠯ  ᠲᠠᠭᠠᠷᠠᠭᠤᠯᠤᠬᠰᠠᠨ ᠤ  ᠳᠠᠷᠠᠭ᠎ᠠ  ᠲᠣᠭᠲᠠᠮᠠᠯ ᠬᠤᠭᠤᠴᠠᠭ᠎ᠠ ᠲᠠᠢ ᠪᠠᠷ ᠣᠴᠢᠵᠤ ᠪᠠᠶᠢᠴᠠᠭᠠᠯᠭᠠᠬᠤ ᠬᠡᠷᠡᠭᠲᠡᠶ᠃ ᠣᠶᠢᠷ᠎ᠠ ᠬᠠᠷᠠᠭ᠎ᠠ ᠶᠢᠨ  ᠭᠷᠠᠳᠦ᠋ᠰ ᠤᠨ  ᠲᠤᠭ᠎ᠠ ᠨᠢ  ᠮᠦᠨ  ᠯᠡ ᠶᠡᠭᠡᠰᠴᠦ ᠪᠠᠶᠢᠭ᠎ᠠ ᠪᠠᠶᠢᠳᠠᠯ ᠳᠣᠣᠷ᠎ᠠ᠂ ᠲᠣᠬᠢᠷᠠᠮᠵᠢ ᠦᠭᠡᠶ ᠨᠢᠳᠦᠨ  ᠰᠢᠯ  ᠵᠡᠭᠦᠭᠦ ᠨᠢ  ᠬᠠᠷᠠᠭ᠎ᠠ ᠶᠢ  ᠮᠠᠭᠤᠳᠠᠭᠤᠯᠬᠤ  ᠶᠤᠮ᠃ ᠡᠶᠢᠮᠦ ᠠᠴᠠ ᠲᠣᠭᠲᠠᠭᠰᠠᠨ ᠬᠤᠭᠤᠴᠠᠭ᠎ᠠ ᠲᠠᠢ ᠪᠠᠷ ᠡᠮᠨᠡᠯᠭᠡ ᠶᠢᠨ  ᠬᠤᠷᠢᠶᠠᠨ ᠳᠤ  ᠣᠴᠢᠵᠤ  ᠪᠠᠶᠢᠴᠠᠭᠠᠯᠲᠠ  ᠬᠢᠯᠭᠡᠵᠦ᠂  ᠴᠠᠭ ᠲᠤᠬᠠᠢ ᠳᠤᠨᠢ ᠨᠢᠳᠦᠨ ᠰᠢᠯ ᠢ ᠨᠢ ᠰᠣᠯᠢᠬᠤ ᠶᠢ ᠰᠠᠨᠠᠭᠤᠯᠤᠶ᠎ᠠ᠃           ᠠᠰᠠᠭᠤᠯᠲᠠ᠄ ᠣᠳᠣᠬᠠᠨ ᠳᠤ ᠣᠶᠢᠷ᠎ᠠ ᠬᠠᠷᠠᠭ᠎ᠠ ᠶᠢ ᠵᠠᠯᠠᠷᠠᠭᠤᠯᠬᠤ ᠪᠠ ᠰᠡᠷᠭᠡᠶᠢᠯᠡᠭᠦ ᠳᠤ ᠶᠠᠮᠠᠷ  ᠶᠠᠮᠠᠷ  ᠶᠠᠮᠠᠷ  ᠠᠷᠭ᠎ᠠ ᠪᠠᠶᠢᠬᠤ ᠪᠤᠢ︖            ᠴᠢᠦᠶ ᠵᠢᠶᠠ᠄ ᠣᠳᠣᠬᠠᠨ ᠳᠤ ᠬᠡᠤᠬᠡᠳ  ᠪᠠ  ᠵᠠᠯᠠᠭᠤᠴᠤᠳ  ᠪᠠᠭᠠᠴᠤᠳ ᠲᠤ  ᠦᠷᠭᠦᠯᠵᠢ  ᠬᠡᠷᠡᠭᠯᠡᠳᠡᠭ  ᠣᠶᠢᠷ᠎ᠠ ᠬᠠᠷᠠᠭ᠎ᠠ ᠶᠢ ᠵᠠᠯᠠᠷᠠᠭᠤᠯᠬᠤ ᠠᠷᠭ᠎ᠠ ᠨᠢ ᠬᠠᠰᠢ ᠯᠠ ᠬᠠᠪᠢᠰᠤᠨ ᠨᠢᠳᠦᠨ ᠰᠢᠯ ᠵᠡᠭᠦᠭᠦ ᠶᠠᠪᠤᠳᠠᠯ ᠪᠤᠯᠬᠤ ᠪᠦᠭᠡᠳ ᠡ᠊ᠨᠡ ᠨᠢ  ᠪᠠᠷᠤᠭ 99%᠎ ᠶᠢ ᠡᠵᠡᠯᠡᠵᠤ  ᠪᠤᠢ᠃  ᠲᠦᠢᠯ ᠤᠨ  ᠴᠦᠭᠡᠨ  ᠲᠤᠭᠠᠨ ᠤ ᠬᠢ ᠨᠢ  ᠨᠢᠭᠤᠴᠠᠭᠠᠢ  ᠨᠢᠳᠤᠨ  ᠰᠢᠯ  ᠵᠡᠭᠦᠯᠭᠡᠵᠦ  ᠪᠤᠢ᠂ ᠵᠢᠱᠢᠶᠡᠯᠡᠪᠡᠯ ᠤᠯᠡᠠ ᠢᠶᠠᠷ ᠢᠶᠠᠨ ᠨᠡᠯᠢᠶᠡᠳ ᠰᠡᠶᠢᠠ ᠮᠡᠳᠡᠳᠡᠭ OK ᠰᠢᠯ ᠨᠢ ᠤᠢᠢᠷ᠎ᠠ ᠬᠠᠷᠠᠭᠠᠨ ᠤ  ᠶᠡᠭᠡᠰᠭᠦ ᠶᠢ  ᠬᠢᠵᠠᠭᠠᠷᠯᠠᠵᠤ ᠴᠢᠳᠠᠨ᠎ᠠ᠂ ᠭᠡᠪᠡᠴᠦ ᠲᠡᠭᠦᠨ ᠤ ᠠᠮᠤᠷ ᠲᠦᠪᠰᠢᠨ  ᠴᠢᠨᠠᠷ ᠢ  ᠪᠠᠲᠤᠯᠠᠬᠤ  ᠬᠡᠷᠡᠭᠲᠡᠶ᠃  ᠵᠠᠪᠠᠯ  ᠡᠮᠴᠢ ᠶᠢᠨ  ᠵᠢᠯᠤᠭᠤᠳᠤᠯᠭ᠎ᠠ ᠶᠢ ᠵᠢᠷᠤᠮᠯᠠᠵᠤ᠂ ᠲᠤᠰᠬᠠᠶ ᠮᠡᠷᠭᠡᠵᠢᠯ ᠤᠨ ᠬᠢᠷᠢ ᠲᠡᠩᠴᠡᠭᠰᠡᠨ ᠡᠮᠨᠡᠯᠭᠡ ᠶᠢᠨ ᠬᠤᠷᠢᠶ᠎ᠠ ᠪᠠ ᠬᠢᠷᠢ ᠲᠡᠩᠴᠡᠭᠰᠡᠨ  ᠡᠮᠴᠢ ᠪᠠᠷ  ᠬᠢᠯᠭᠡᠵᠦ ᠠᠪᠬᠤ ᠬᠡᠷᠡᠭᠲᠡᠢ᠃ ᠡᠭᠦᠨ ᠠᠴᠠ ᠭᠠᠳᠠᠨ᠎ᠠ ᠪᠠᠰᠠ ᠳᠣᠣᠷ᠎ᠠ ᠥᠳᠬᠡᠴᠡᠲᠦ ᠠᠲᠷᠤᠫᠢᠨ ᠪᠠᠶᠢᠬᠤ ᠪᠦᠭᠡᠳ ᠣᠳᠣᠬᠠᠨ ᠳᠤ  ᠪᠠᠰᠠ ᠨᠡᠯᠢᠶᠡᠳ ᠦᠢᠯᠡᠳᠦᠯ ᠲᠠᠢ ᠭᠡᠵᠦ ᠦᠵᠡᠵᠡᠭᠡᠵᠦ ᠪᠤᠢ᠂ ᠭᠡᠪᠡᠴᠦ ᠣᠳᠣᠬᠠᠨ ᠳᠤ  ᠤᠯᠤᠰ ᠤᠨ  ᠳᠣᠲᠣᠭᠠᠳᠤ ᠳᠤ  ᠵᠢᠩᠬᠢᠨᠢ ᠪᠠᠷ ᠡᠮᠴᠢᠯᠡᠭᠡᠨ ᠳᠤ ᠣᠷᠤᠭ᠎ᠠ ᠦᠭᠡᠶ ᠪᠠᠶᠢᠨ᠎ᠠ᠃    
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号