ᠸᠴᠢᠷ
ᠨᠡᠶᠢᠲᠡᠯᠡᠭᠰᠡᠨ ᠴᠠᠭ᠄
2020/2/25
        ᠸᠴᠢᠷ ︵1897 —1965 ᠤᠨ︶᠂ ᠬᠢᠳᠡᠳ ᠨᠡᠷ᠎ᠡ ᠨᠢ ᠡᠤ ᠶᠢᠨ ᠮᠢᠩ᠂ ᠡᠷᠬᠦᠭᠰᠡᠨ ᠨᠡᠷ᠎ᠡ ᠵᠢᠶᠠᠨ ᠲᠢᠩ᠃         ᠴᠠᠬᠠᠷ ᠰᠢᠯᠤᠭᠤᠨ ᠬᠦᠬᠡ ᠬᠤᠰᠢᠭᠤᠨ ᠤ ᠬᠠᠮᠤᠭ ᠰᠡᠬᠦᠯᠴᠢ ᠶᠢᠨ ᠠᠮᠪᠠᠨ 1897 ᠤᠨ ︵ᠤᠯᠠᠭᠴᠢᠨ ᠲᠡᠬᠢᠶ᠎ᠠ ᠵᠢᠯ︶ ᠳᠤ ᠴᠠᠬᠠᠷ ᠲᠠᠪᠤᠳᠤᠭᠠᠷ ᠰᠤᠮᠤᠨ ᠤ ᠦᠵᠢᠶᠠᠳ ᠤᠪᠤᠭᠳᠠᠢ᠂ ᠠᠩᠴᠢᠨ ᠬᠤᠷᠰᠢᠶᠠᠩᠰᠧ ᠸᠴᠢᠷ᠂ ᠮᠠᠨᠵᠦ᠂ ᠮᠤᠩᠭᠤᠯ᠂ ᠬᠢᠳᠡᠳ ᠰᠤᠶᠤᠯ ᠲᠠᠢ ᠮᠦᠷᠳᠡᠬᠡᠨ ᠮᠠᠯ ᠮᠠᠯᠵᠢᠯ ᠳᠤ ᠴᠠᠭᠠᠷᠠᠭᠰᠠᠨ᠂ ᠮᠦᠩᠬᠦ᠂ ᠲᠡᠮᠦᠷ ᠤᠨ ᠲᠠᠷᠬᠠᠨ ᠤ ᠠᠵᠢᠯ ᠬᠢᠵᠦ ᠴᠢᠳᠠᠳᠠᠭ ᠭᠠᠷ ᠤᠷᠠᠨ᠂ ᠠᠵᠢᠯᠴᠢ ᠬᠦᠮᠦᠨ ᠪᠠᠶᠢᠵᠠᠢ᠃ ᠬᠡᠷ ᠤᠨ ᠠᠵᠢᠯ ᠪᠦᠷᠢ ᠳᠤ ᠤᠷᠤᠯᠴᠠᠵᠦ᠂ ᠠᠳᠤᠭᠤ ᠬᠠᠷᠢᠭᠤᠯᠬᠤ᠂ ᠰᠤᠷ ᠡᠳ᠋ᠯᠡᠯ ᠬᠢᠬᠦ ᠳᠤ ᠭᠠᠷᠮᠠᠭᠠᠢ᠂ ᠮᠦᠩᠬᠦᠨ ᠵᠢᠮᠰᠡᠭ᠂ ᠲᠡᠮᠤᠷ ᠡᠳ᠋ᠯᠠᠯ ᠬᠢᠳᠡᠭ ᠭᠠᠷ ᠤᠷᠠᠨ ᠲᠠᠢ᠂ ᠡᠳᠡᠨᠡᠶᠢᠬᠢᠨ ᠨᠡᠯᠢᠶᠡᠳ ᠪᠠᠶᠠᠯᠢᠭ ᠲᠤᠯᠠ ᠸᠴᠢᠷ ᠪᠠᠭ᠎ᠠ ᠨᠠᠰᠤᠨ ᠳᠠᠭᠠᠨ ᠬᠡᠷ ᠲᠡᠭᠡᠨ ᠮᠤᠩᠭᠤᠯ ᠰᠤᠶᠤᠯ ᠰᠤᠷᠴᠦ᠂ ᠰᠡᠬᠦᠯ ᠳᠤᠨᠢ ᠬᠤᠰᠢᠭᠤ ᠠᠯᠪᠠᠨ ᠤ ᠪᠠᠭ᠎ᠠ ᠰᠤᠷᠭᠠᠭᠤᠯᠢ᠂ ᠬᠦᠪᠡᠬᠡᠳᠦ ᠴᠠᠭᠠᠨ ᠬᠤᠰᠢᠭᠤᠨ ᠤ ᠶᠠᠮᠤᠨ ᠨᠠᠭᠤᠷ ᠤᠨ ᠪᠦᠷᠢᠨ ᠪᠠᠭ᠎ᠠ ᠰᠤᠷᠭᠠᠭᠤᠯᠢ ᠶᠢ ᠲᠡᠬᠦᠰᠦᠭᠰᠡᠨ ᠪᠠᠶᠢᠨ᠎ᠠ᠃ ᠸᠴᠢᠷ ᠬᠤᠷᠢᠨ ᠬᠡᠳᠦᠨ ᠨᠠᠰᠤᠨ ᠠᠴᠠ ᠬᠤᠰᠢᠭᠤ ᠵᠠᠬᠢᠷᠭᠠᠨ ᠤ ᠪᠢᠳᠬᠡᠰᠢ ᠪᠤᠯᠵᠦ᠂ ᠮᠦᠨ ᠵᠠᠯᠭᠠᠭᠠᠳ ᠬᠤᠨᠳᠤᠬᠤ ᠰᠤᠮᠤᠨ ᠤ ᠬᠦᠩᠳᠡ᠂ ᠲᠦᠪᠤ ᠰᠤᠮᠤᠨ ᠤ ᠵᠠᠩᠬᠢ ᠶᠢᠨ ᠲᠤᠰᠢᠶᠠᠯ ᠢ ᠬᠠᠷᠢᠭᠤᠴᠠᠵᠦ ᠪᠠᠶᠢᠭᠰᠠᠨ ᠢᠶᠠᠨ 1930 ᠤᠨ ᠤ ᠦᠶ᠎ᠠ  ᠪᠠᠷ ᠲᠡᠳ᠋ ᠵᠠᠯᠠᠨ ᠪᠤᠯᠵᠦ᠂ 1940 ᠤᠨ ᠤ ᠪᠠᠷᠤᠭ ᠲᠤ ᠶᠡᠭᠡ ᠵᠠᠯᠠᠨ ᠪᠤᠯᠵᠦ᠂ ᠮᠦᠨ ᠲᠦᠴᠢᠬᠡᠳ ᠤᠨ ᠤ ᠡᠬᠢ  ᠪᠠᠷ ᠤᠤᠯ ᠤᠨ ᠬᠤᠰᠢᠭᠤᠨ ᠠᠮᠪᠠᠨ ᠰᠤᠨᠤᠮᠯᠦ᠋ᠩᠳᠤᠪ ᠵᠡᠷᠬᠡ ᠪᠠᠨ ᠬᠤᠰᠤᠭᠤᠯᠤᠭᠰᠠᠨ ᠤ ᠲᠠᠷᠠᠭ᠎ᠠ ᠸᠴᠢᠷ ᠲᠡᠪᠰᠢᠵᠦ ᠬᠦᠯᠦ ᠬᠤᠰᠢᠭᠤᠨ ᠤ ᠲᠠᠶᠢᠴᠢᠯᠠᠬᠤ ᠠᠮᠪᠠᠨ ᠪᠤᠯᠵᠠᠢ᠃ ᠲᠠᠷᠠᠭ᠎ᠠ ᠨᠢ ᠵᠠᠯᠠᠨ ᠤ ᠲᠦᠷᠢᠮ ᠢ ᠦᠬᠡᠷᠡᠴᠢᠯᠡᠵᠦ ᠰᠠᠯᠠᠭ᠎ᠠ ᠬᠤᠪᠢᠶᠠᠷᠢ ᠶᠢᠨ ᠲᠦᠷᠢᠮ ᠢ ᠬᠡᠷᠡᠭᠵᠢᠬᠦᠯᠬᠦ ᠳᠤ ᠨᠠᠷᠢᠨ ᠪᠢᠴᠢᠭ ᠤᠨ ᠰᠠᠯᠠᠭᠠᠨ ᠲᠠᠷᠤᠭ᠎ᠠ ︵ᠵᠠᠯᠠᠨ ᠲᠠᠢ ᠲᠠᠩᠴᠡᠬᠦᠦ︶ ᠶᠢᠨ ᠲᠤᠰᠢᠶᠠᠯ ᠢ ᠬᠠᠷᠢᠭᠤᠴᠠᠵᠦ᠂ 1943 —1944 ᠤᠨ ᠤ ᠡᠴᠦᠰ ᠢᠶᠠᠷ ᠬᠤᠰᠢᠭᠤ ᠲᠠᠷᠤᠭ᠎ᠠ ᠶᠢ ᠲᠠᠶᠢᠴᠢᠯᠠᠵᠦ᠂ 1945 ᠤᠨ ᠤ ᠡᠬᠢᠨ ᠳᠤ ᠬᠤᠰᠢᠭᠤ ᠲᠠᠷᠤᠭ᠎ᠠ ᠪᠤᠯᠤᠭᠰᠠᠨ ᠪᠠᠶᠢᠨ᠎ᠠ᠃ ᠸᠴᠢᠷ ᠬᠡᠷ ᠲᠤ ᠪᠠᠨ ᠵᠠᠷᠤᠴᠠ ᠠᠯᠪᠠᠳᠤ ᠠᠪᠳᠠᠭ ᠦᠬᠡᠢ᠂ ᠵᠦᠪᠬᠡᠨ ᠬᠤᠨᠢᠨ ᠤ ᠬᠦᠮᠦᠨ ᠬᠦᠯᠦᠰᠦᠯᠡᠵᠦ ᠬᠤᠭᠤᠴᠠᠭ᠎ᠠ ᠲᠠᠢ ᠵᠠᠷᠤᠳᠠᠭ᠃ ᠬᠤᠭᠤᠴᠠᠭ᠎ᠠ ᠨᠢ ᠪᠤᠯᠤᠮᠠᠭᠴᠠ ᠬᠦᠯᠦᠰᠦ ᠶᠢ ᠨᠢ ᠪᠤᠳᠤᠵᠦ ᠦᠭᠬᠦᠬᠡᠳ ᠠᠶᠢᠯ ᠬᠡᠷ ᠲᠤᠨᠢ ᠶᠠᠪᠤᠭᠤᠯᠳᠠᠭ ᠪᠠᠶᠢᠵᠠᠢ᠃ ᠸᠴᠢᠷ ᠠᠮᠪᠠᠨ ᠤᠯᠠᠨ ᠲᠦᠮᠡᠨ ᠤ ᠬᠡᠷᠡᠭ ᠵᠠᠷᠭᠤ ᠶᠢ ᠭᠤᠤᠯᠴᠢ ᠪᠠᠷ ᠰᠢᠢᠳᠬᠡᠵᠦ ᠶᠡᠷᠦ ᠠᠴᠠ ᠴᠤᠬᠢᠵᠦ ᠵᠠᠩᠴᠢᠳᠠᠭ ᠦᠬᠡᠢ ᠡᠶᠡᠯᠳᠡᠭ ᠨᠠᠶᠢᠷᠰᠠᠭ ᠵᠠᠩ ᠲᠠᠢ᠂ ᠸᠴᠢᠷ ᠵᠠᠯᠠᠭᠤᠴᠤᠳ ᠤᠨ ᠲᠦᠯᠦᠬᠡᠯᠡᠭᠴᠢ ᠶᠢᠨ ᠬᠤᠪᠢ ᠪᠠᠷ ᠴᠢᠭᠤᠯᠤᠯᠳᠤ ᠬᠠᠭᠠᠯᠭ᠎ᠠ ᠳᠤ ᠪᠤᠯᠤᠭᠰᠠᠨ ᠦᠪᠦᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ ᠲᠦᠯᠦᠬᠡᠯᠡᠭᠴᠢᠳ ᠤᠨ ᠶᠡᠭᠡ ᠬᠤᠷᠠᠯ ᠳᠤ ᠤᠷᠤᠯᠴᠠᠵᠦ ᠦᠩᠬᠡᠷᠡᠵᠠᠢ᠃ ᠲᠡᠷᠡ ᠰᠦᠩ ᠵᠦᠩ ᠱᠠᠨ ᠤ ᠭᠤᠷᠪᠠᠨ ᠠᠷᠠᠳᠴᠢᠯᠠᠭᠰᠠᠨ ︵ᠰᠠᠨ ᠮᠢᠨ ᠦᠵᠡᠯ︶ ᠦᠵᠡᠯ ᠢ ᠢᠳᠡᠬᠡᠳᠡᠭ ᠪᠤᠯᠬᠤᠷ 1928 ᠤᠨ ᠳᠤ ᠭᠤᠮᠢᠨᠳᠠᠩ ᠨᠠᠮ ᠤᠨ ᠴᠠᠬᠠᠷ ᠮᠤᠵᠢ ᠶᠢᠨ ᠳ᠋ᠠᠩᠪᠦ᠋ ᠶᠢᠨ ᠬᠡᠰᠢᠬᠦᠨ ᠪᠤᠯᠵᠠᠢ᠃1936 ᠤᠨ ᠳᠤ ᠵᠠᠩᠪᠸᠢ ᠳᠤ ᠴᠠᠬᠠᠷ ᠴᠢᠭᠤᠯᠭᠠᠨ ᠤ ᠵᠠᠬᠢᠷᠭ᠎ᠠ ᠶᠢ ᠪᠠᠶᠢᠭᠤᠯᠬᠤ ᠶᠡᠭᠡ ᠬᠤᠷᠠᠯ ᠲᠡᠭᠡᠷ᠎ᠡ ᠨᠢᠮᠬᠤᠳᠰᠠᠷ ᠤᠨ ᠲᠠᠯ᠎ᠠ ᠳᠤ ᠵᠤᠭᠰᠤᠵᠦ᠂ ᠶᠠᠫᠦᠨ ᠳᠤ ᠪᠠᠭᠤᠨ ᠦᠭᠴᠦ᠂ ᠤᠯᠤᠰ ᠢᠶᠠᠨ ᠮᠦᠬᠦᠬᠡᠬᠦ ᠪᠤᠭᠤᠯ ᠪᠤᠯᠬᠤ  ᠶᠢ ᠡᠰᠡᠷᠬᠦᠴᠡᠭᠰᠡᠨ ᠠᠴᠠ ᠲᠤᠷᠤᠮᠵᠢᠯᠠᠭᠳᠠᠨ ᠲᠠᠷᠤᠯᠳᠠ ᠤᠯᠪᠠ᠃ ᠰᠡᠬᠦᠯᠡᠷ ᠨᠢ ᠴᠢᠭᠤᠯᠤᠯᠳᠤ ᠬᠠᠭᠠᠯᠭ᠎ᠠ ᠳᠤ ᠰᠠᠭᠤᠵᠦ ᠨᠢᠬᠡ ᠲᠠᠯ᠎ᠠ ᠪᠠᠷ ᠤᠷᠴᠢᠭᠤᠯᠭ᠎ᠠ ᠶᠢᠨ ᠠᠵᠢᠯ ᠬᠢᠵᠦ᠂ ᠨᠦᠬᠦᠬᠡ ᠲᠠᠯ᠎ᠠ ᠪᠠᠷ ᠬᠤᠵᠢᠷ ᠤᠨ ᠭᠠᠵᠠᠷ ᠭᠠᠷᠭᠠᠨ ᠡᠷᠬᠢᠯᠡᠵᠦ᠂ ᠰᠠᠶᠢᠬᠠᠨ ᠨᠠᠭᠤᠷ ᠤᠨ ᠬᠤᠵᠢᠷ ᠪᠤᠯᠤᠨ ᠦᠬᠡᠷᠴᠢᠨ ᠬᠤᠨᠢᠴᠢᠨ ᠤ ᠰᠦᠷᠦᠭ ᠤᠨ ᠬᠤᠵᠢᠷ ᠢ ᠭᠠᠳᠠᠭᠰᠢ ᠵᠦᠬᠡᠬᠡᠪᠤᠷᠢᠯᠡᠨ ᠬᠤᠳᠠᠯᠳᠤᠵᠦ ᠡᠳ᠋ ᠪᠤᠳᠠᠰ ᠰᠤᠯᠢᠨ ᠠᠪᠴᠢᠷᠠᠬᠤ ᠠᠵᠢᠯ ᠢ ᠬᠢᠵᠠᠢ᠃         1945 ᠤᠨ ᠤ 8 ᠰᠠᠷ᠎ᠠ ᠳᠤ ᠵᠦᠪᠯᠡᠯᠳᠦ ᠮᠤᠩᠭᠤᠯ ᠤᠨ ᠬᠤᠯᠪᠤᠭᠠᠳᠤ ᠴᠡᠷᠢᠭ᠂ ᠰᠢᠯᠢ ᠶᠢᠨ ᠭᠤᠤᠯ ᠴᠠᠬᠠᠷ ᠢᠶᠠᠷ ᠤᠷᠤᠵᠦ ᠢᠷᠡᠬᠦ ᠳᠤ ᠸᠴᠢᠷ ᠨᠢ ᠮᠠᠭᠠᠳᠪᠦ᠋ᠷᠢᠨ᠂ ᠪᠠᠳᠤᠪᠤᠶᠠᠨ᠂ ᠰᠠᠶᠢᠨᠵᠢᠶᠠᠭ᠎ᠠ ᠶᠢ ᠲᠤᠮᠢᠯᠠᠨ᠂ ᠠᠪᠠᠭ᠎ᠠ ᠪᠤᠯᠤᠨ ᠰᠢᠯᠤᠭᠤᠨ ᠬᠦᠬᠡ ᠶᠢᠨ ᠵᠠᠭᠠᠭ ᠲᠡᠭᠡᠷ᠎ᠡ ᠬᠠᠮᠪᠤ ᠶᠢᠨ ᠰᠦᠮ᠎ᠠ ᠶᠢᠨ ᠲᠡᠨᠳᠡ ᠤᠴᠢᠭᠤᠯᠤᠨ ᠤᠭᠳᠤᠨ ᠠᠪᠴᠤ ᠵᠠᠮᠴᠢᠯᠠᠭᠤᠯᠵᠠᠢ᠃         1945 ᠤᠨ ᠤ 8 ᠰᠠᠷ᠎ᠠ ᠳᠤ ᠴᠠᠬᠠᠷ ᠴᠢᠭᠤᠯᠭᠠᠨ ᠤ ᠬᠠᠷᠢᠭᠤᠴᠠᠯᠭᠠᠳᠠᠨ ᠪᠤᠯᠤᠨ ᠡᠯ᠎ᠠ ᠬᠤᠰᠢᠭᠤᠨ ᠤ ᠲᠠᠷᠤᠭ᠎ᠠ ᠶᠢ ᠲᠤᠯᠤᠨᠠᠭᠤᠷ ᠲᠤ ᠲᠠᠭᠤᠳᠠᠨ ᠠᠪᠴᠢᠷᠠᠵᠦ᠂ ᠮᠤᠩᠭᠤᠯ ᠤᠯᠤᠰ ᠤᠨ ᠡᠯᠴᠢᠨ ᠯᠠᠮᠠᠵᠠᠪ ᠰᠠᠶᠢᠳ ᠠᠴᠠ ᠴᠠᠬᠠᠷ ᠴᠢᠭᠤᠯᠭᠠᠨ ᠤ ᠲᠦᠷ ᠴᠠᠭ ᠤᠨ ᠵᠠᠬᠢᠷᠭ᠎ᠠ ᠶᠢ ᠪᠠᠶᠢᠭᠤᠯᠬᠤ ᠳᠤ ᠰᠠᠶᠢᠴᠤᠩᠭ᠎ᠠ ︵ᠨᠡ᠊ ᠰᠠᠶᠢᠨᠴᠤᠭᠳᠤ︶ ᠶᠢ ᠴᠠᠬᠠᠷ ᠴᠢᠭᠤᠯᠭᠠᠨ ᠤ ᠲᠠᠷᠤᠭ᠎ᠠ ᠪᠠᠷ᠂ ᠸᠴᠢᠷ ᠢ ᠰᠢᠯᠤᠭᠤᠨ ᠬᠦᠬᠡ ᠬᠤᠰᠢᠭᠤᠨ ᠤ ᠲᠠᠷᠤᠭ᠎ᠠ ᠪᠠᠷ ᠲᠤᠮᠢᠯᠠᠭᠰᠠᠨ ᠪᠠᠶᠢᠨ᠎ᠠ᠃ ᠡᠨᠡ ᠬᠦ ᠲᠦᠷ ᠴᠠᠭ ᠤᠨ ᠵᠠᠬᠢᠷᠭ᠎ᠠ ᠶᠢᠨ ᠭᠤᠤᠯ ᠡᠬᠦᠷᠬᠡ ᠶᠢᠨ ᠨᠢᠬᠡ ᠨᠢ ᠵᠦᠪᠯᠡᠯᠳᠦ ᠮᠤᠩᠭᠤᠯ ᠤᠨ ᠴᠡᠷᠢᠭ ᠲᠤ ᠠᠷᠠᠤ ᠲᠠᠯ᠎ᠠ ᠶᠢᠨ ᠲᠡᠮᠵᠢᠯᠬᠡ ᠦᠵᠡᠬᠦᠯᠬᠦ ᠶᠠᠪᠤᠳᠠᠯ ᠪᠠᠶᠢᠵᠠᠢ᠃ ᠸᠴᠢᠷ ᠲᠤᠯᠤᠨᠠᠭᠤᠷ ᠠᠴᠠ ᠪᠤᠴᠠᠵᠦ ᠢᠷᠡᠭᠰᠡᠨ ᠤ ᠲᠠᠷᠠᠭ᠎ᠠ ᠵᠦᠪᠯᠡᠯᠳᠦ ᠮᠤᠩᠭᠤᠯ ᠤᠨ ᠴᠡᠷᠢᠭ ᠤᠨ ᠲᠠᠯ᠎ᠠ ᠠᠴᠠ ᠨᠦᠬᠦᠪᠦᠷᠢᠯᠡᠭᠰᠡᠨ ᠤ ᠶᠤᠰᠤᠭᠠᠷ ᠰᠢᠯᠤᠭᠤᠨ ᠬᠦᠬᠡ ᠬᠤᠰᠢᠭᠤᠨ ᠤ ᠴᠡᠷᠢᠭ ᠤᠨ ᠠᠭᠳᠠ ᠮᠤᠷᠢ ᠪᠠ ᠢᠳᠡᠰᠢᠨ ᠤ ᠦᠬᠡᠷ ᠬᠤᠨᠢ ᠵᠡᠷᠬᠡ ᠶᠢ ᠴᠠᠭ ᠲᠤᠬᠠᠢ ᠳᠤᠨᠢ ᠤᠯᠠᠨ ᠲᠤᠭ᠎ᠠ ᠪᠠᠷ ᠬᠦᠷᠬᠡᠪᠡ᠃ ᠪᠦᠷᠢᠨ ᠪᠤᠰᠤ ᠪᠦᠷᠢᠳᠬᠡᠯ ᠢᠶᠠᠷ 1945 ᠤᠨ ᠤ 8 —9 ᠰᠠᠷ᠎ᠠ  ᠳᠤ ᠵᠦᠪᠯᠡᠯᠳᠦ ᠮᠤᠩᠭᠤᠯ ᠤᠨ ᠴᠡᠷᠢᠭ ᠲᠤ ᠬᠦᠷᠭᠡᠭᠰᠡᠨ ᠠᠭᠳᠠ 2450᠂ ᠦᠬᠡᠷ1224᠂ ᠬᠤᠨᠢ 615᠂ ᠨᠠᠶᠢᠳᠠ4289 ᠮᠠᠯ᠃ ᠡᠬᠦᠨ ᠤ ᠲᠤᠳᠤᠷ᠎ᠠ ᠭᠠᠭᠴᠠᠭᠠᠨ ᠵᠢᠭᠠᠰᠤᠳᠠᠢ ᠰᠦᠮ᠎ᠠ1000 ᠦᠬᠡᠷ ᠬᠦᠷᠬᠡᠭᠰᠡᠨ ᠪᠠᠶᠢᠨ᠎ᠠ᠃         ᠸᠴᠢᠷ ᠠᠮᠪᠠᠨ ᠬᠤᠪᠢᠰᠬᠠᠯ ᠢ ᠤᠭᠳᠤᠵᠦ ᠴᠢᠯᠦᠬᠡᠯᠡᠯᠳᠡ ᠶᠢ ᠲᠡᠮᠵᠢᠵᠦ ᠴᠡᠷᠢᠭ ᠤᠨ ᠠᠭᠳᠠ ᠵᠢᠴᠢ ᠫᠤᠤ ᠰᠤᠮᠤ ᠪᠠᠷ ᠲᠤᠰᠠᠯᠠᠵᠦ᠂ ᠰᠢᠷᠬᠠᠳᠠᠨ ᠢ ᠵᠦᠬᠡᠬᠡᠬᠦ ᠠᠷᠤ ᠲᠠᠯ᠎ᠠ ᠶᠢᠨ ᠠᠵᠢᠯ ᠳᠤ ᠲᠤᠰᠠᠯᠠᠵᠦ ᠤᠷᠤᠨ ᠨᠤᠳᠤᠭ ᠤᠨ ᠵᠡᠪᠰᠡᠭᠳᠦ ᠬᠦᠴᠦᠨ ᠪᠠᠶᠢᠭᠤᠯᠬᠤ ᠶᠢ ᠬᠦᠴᠦᠳᠡᠢ ᠲᠡᠮᠵᠢᠵᠡᠢ᠃         1946 ᠤᠨ ᠤ ᠬᠠᠪᠤᠷ᠂ ᠬᠤᠰᠢᠭᠤᠨ ᠤ ᠠᠷᠠᠳᠴᠢᠯᠠᠭᠰᠠᠨ ᠵᠠᠰᠠᠭ ᠤᠨ ᠭᠠᠵᠠᠷ ᠪᠠᠶᠢᠭᠤᠯᠬᠤ ᠳᠤ ᠸᠴᠢᠷ ᠢ ᠬᠤᠰᠢᠭᠤ ᠲᠠᠷᠤᠭ᠎ᠠ ᠪᠠᠷ ᠰᠤᠩᠭᠤᠵᠠᠢ᠃ 1946 ᠤᠨ ᠤ 10 ᠰᠠᠷ᠎ᠠ ᠳᠤ ᠠᠶᠢᠮᠠᠭ ᠠᠴᠠ ᠠᠵᠢᠯᠯᠠᠬᠤ ᠲᠤᠭᠤᠶᠢᠯᠠᠩ ᠢᠷᠡᠵᠦ᠂ ᠬᠤᠰᠢᠭᠤᠨ ᠤ ᠴᠡᠷᠢᠭ ᠵᠠᠰᠠᠭ ᠢ ᠴᠡᠭᠴᠡᠯᠡᠬᠦ ᠳᠤ ᠸᠴᠢᠷ ᠢ ᠬᠤᠰᠢᠭᠤ ᠲᠠᠷᠤᠭ᠎ᠠ ᠶᠢᠨ ᠠᠵᠢᠯ  ᠠᠴᠠ ᠨᠢ ᠪᠠᠭᠤᠯᠭᠠᠵᠠᠢ᠃          ᠸᠴᠢᠷ ᠲᠡᠭᠡᠷ᠎ᠡ ᠵᠠᠭᠤᠨ ᠤ ᠭᠤᠴᠢᠨ ᠬᠡᠳᠦᠨ ᠤᠨ ᠳᠤ ᠶᠠᠫᠦᠨ ᠳᠤ ᠰᠤᠷᠤᠯᠴᠠᠬᠤ ᠪᠠᠷ ᠶᠠᠪᠤᠬᠤ ᠬᠦᠮᠦᠰ  ᠢ ᠬᠠᠯᠭᠤᠨ ᠰᠡᠳᠬᠢᠯ ᠢᠶᠠᠷ ᠵᠤᠷᠢᠭᠵᠢᠭᠤᠯᠤᠨ᠂ ᠠᠵᠦ ᠠᠬᠤᠢ ᠶᠢᠨ ᠲᠠᠯ᠎ᠠ ᠪᠠᠷ ᠲᠡᠮᠵᠢᠯᠬᠡ ᠦᠵᠡᠬᠦᠯᠦᠭᠰᠡᠨ ᠪᠠᠶᠢᠨ᠎ᠠ᠃ ᠰᠠᠶᠢᠴᠤᠩᠭ᠎ᠠ ᠶᠢ ᠮᠤᠩᠭᠤᠯ ᠤᠯᠤᠰ ᠲᠤ ᠰᠤᠷᠤᠯᠴᠠᠬᠤ ᠪᠠᠷ ᠶᠠᠪᠤᠬᠤ ᠳᠤ ᠲᠡᠬᠦᠨ ᠢ ᠲᠡᠮᠵᠢᠵᠦ᠂ ᠡᠷᠢᠨᠴᠢᠨ ᠬᠦᠩᠳᠡ ᠲᠠᠢ ᠬᠤᠶᠠᠭᠤᠯᠠ᠂ ᠰᠠᠶᠢᠴᠤᠩᠭ᠎ᠠ ᠶᠢ ᠬᠠᠩᠬᠠᠯ ᠰᠤᠮᠤᠨ ᠤ ᠰᠢᠪᠠᠭᠤ ᠴᠠᠭᠠᠨ ᠬᠡᠰᠡᠨ ᠭᠠᠵᠠᠷ ᠪᠠᠶᠢᠭᠰᠠᠨ ᠮᠤᠩᠭᠤᠯ ᠤᠯᠤᠰ ᠤᠨ ᠴᠡᠷᠢᠭ ᠠᠩᠬᠢ ᠳᠤ ᠬᠦᠷᠬᠡᠨ ᠤᠴᠢᠵᠦ ᠶᠠᠪᠤᠭᠤᠯᠵᠠᠢ᠃         ᠸᠴᠢᠷ 1947 ᠤᠨ ᠤ ᠡᠪᠤᠯ 16 ᠳ᠋ᠤᠭᠠᠷ᠂ 11 ᠳ᠋ᠤᠭᠡᠷ ᠳ᠋ᠢᠸᠢᠽᠢ ᠳᠤ ᠬᠡᠳᠦᠨ ᠵᠠᠭᠤᠨ ᠠᠭᠳᠠ ᠦᠭᠬᠦᠭᠰᠡᠨ ᠪᠦᠬᠡᠳ ᠲᠡᠬᠦᠨ ᠤ ᠬᠡᠷ ᠲᠤ ᠪᠠᠶᠢᠭᠰᠠᠨ 5 ᠫᠤᠤ ᠪᠠᠨ ᠬᠦᠷᠬᠡᠵᠦ ᠦᠭᠬᠦᠭᠰᠡᠨ ᠪᠠᠶᠢᠨ᠎ᠠ᠃ ᠸᠴᠢᠷ ᠪᠤᠯ ᠬᠠᠭᠤᠴᠢᠨ ᠨᠡᠶᠢᠬᠡᠮ ᠳᠤ ᠬᠤᠰᠢᠭᠤᠨ ᠤ ᠶᠡᠭᠡ ᠪᠠᠭ᠎ᠠ ᠨᠤᠶᠠᠨ ᠤᠯᠠᠨ ᠵᠢᠯ ᠰᠠᠭᠤᠭᠰᠠᠨ ᠬᠦᠮᠦᠨ ᠶᠤᠮ᠃ ᠬᠡᠪᠡᠴᠦ ᠲᠡᠷᠡ ᠬᠡᠷᠬᠡᠮ ᠲᠡᠪᠰᠢᠬᠦ ᠲᠤᠳᠤᠮ᠂ ᠵᠠᠩ ᠠᠭᠠᠯᠢ ᠨᠢ ᠤᠯᠠᠮ ᠵᠦᠬᠡᠯᠡᠨ ᠪᠤᠯᠵᠦ᠂ ᠤᠯᠠᠨ ᠲᠦᠮᠡᠨ ᠳᠤ ᠬᠠᠳᠠᠭᠤ ᠰᠢᠷᠦᠬᠦᠨ ᠬᠠᠨᠳᠤᠭᠰᠠᠨ ᠦᠬᠡᠢ ᠪᠠᠶᠢᠨ᠎ᠠ᠃ ᠡᠶᠢᠮᠦ ᠳᠡᠭᠡᠨ 1948 ᠤᠨ ᠤ ᠮᠠᠯᠴᠢᠨ ᠠᠷᠠᠳ ᠤᠨ ᠬᠦᠳᠡᠯᠬᠡᠬᠡᠨ ᠤ ᠲᠤᠮᠳᠠ ᠤᠯᠠᠨ ᠲᠦᠮᠡᠨ ᠠᠴᠠ ᠲᠡᠬᠦᠨ ᠢ ᠵᠠᠭᠠᠯᠳᠤᠭᠰᠠᠨ ᠵᠠᠭᠠᠯᠳᠤᠯᠭ᠎ᠠ ᠦᠬᠡᠢ ᠶᠤᠮ᠃ ᠲᠤᠬᠠᠢ ᠶᠢᠨ ᠦᠶ᠎ᠠ ᠳᠤ ᠸᠴᠢᠷ ᠦᠪᠡᠷ ᠤᠨ ᠮᠠᠯ ᠪᠠ ᠡᠳ᠋ ᠬᠦᠷᠦᠩᠬᠡ ᠠᠴᠠ ᠪᠠᠨ ᠶᠡᠭᠡ ᠬᠡᠮᠵᠢᠶ᠎ᠠ ᠪᠠᠷ ᠮᠠᠯᠴᠢᠨ ᠠᠷᠠᠳ ᠤᠨ ᠬᠤᠷᠠᠯ ᠳᠤ ᠦᠭᠴᠡᠢ᠃         1949 ᠤᠨ ᠳᠤ ᠴᠠᠬᠠᠷ ᠠᠶᠢᠮᠠᠭ ᠤᠨ ᠤᠯᠤᠰ ᠲᠦᠷᠦ ᠶᠢᠨ ᠵᠦᠪᠯᠡᠯᠬᠡᠨ ᠤ ᠬᠤᠷᠠᠯ ᠤᠨ ᠬᠡᠰᠢᠬᠦᠳ  ᠢᠶᠠᠷ ᠤᠷᠢᠭᠳᠠᠭᠰᠠᠨ ᠠᠴᠠ ᠨᠠᠭᠠᠰᠢ᠂ ᠭᠤᠷᠪᠠᠳᠤᠭᠠᠷ᠂ ᠲᠦᠷᠪᠡᠳᠦᠬᠡᠷ ᠬᠤᠭᠤᠴᠠᠭᠠᠨ ᠤ ᠤᠯᠤᠰ ᠲᠦᠷᠦ ᠶᠢᠨ ᠵᠦᠪᠯᠡᠯᠬᠡᠨ ᠤ ᠬᠡᠰᠢᠬᠦᠨ ᠪᠠᠶᠢᠪᠠ᠃ 1965 ᠤᠨ ᠳᠤ ᠬᠡᠷ ᠲᠡᠭᠡᠨ ᠡᠪᠡᠳᠴᠢᠨ ᠢᠶᠠᠷ ᠨᠠᠰᠤᠨ ᠡᠴᠦᠰ ᠪᠤᠯᠪᠠ᠃         ᠸᠴᠢᠷ᠂ 2004 ᠤᠨ ᠳᠤ ︽ᠰᠢᠯᠤᠭᠤᠨ ᠬᠦᠬᠡ ᠬᠤᠰᠢᠭᠤᠨ ᠤ ᠤᠶᠢᠯᠠᠯᠭ᠎ᠠ ︵ᠲᠤᠤᠷᠡᠳᠦ︶︾᠂ ︽ᠴᠠᠬᠠᠷ ᠰᠢᠯᠤᠭᠤᠨ ᠬᠦᠬᠡ ᠬᠤᠰᠢᠭᠤ︾ ᠬᠡᠮᠡᠬᠦ ᠨᠤᠮ ᠳᠤ ᠲᠡᠮᠳᠡᠭᠯᠡᠭᠳᠡᠵᠡᠢ᠃                   —— ︽ᠰᠢᠯᠤᠭᠤᠨ ᠬᠦᠬᠡ ᠬᠤᠰᠢᠭᠤᠨ ᠤ ᠴᠤᠤᠳᠤ ᠬᠦᠮᠦᠰ︾ ᠬᠡᠬᠦ ᠨᠤᠮ ᠠᠴᠠ ᠮᠦᠳᠡᠭ ᠰᠠᠶᠢᠷᠠᠬᠦᠯᠪᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号