ᠫᠣᠩᠰᠤᠭ
ᠨᠡᠶᠢᠲᠡᠯᠡᠭᠰᠡᠨ ᠴᠠᠭ᠄
2020/3/12
             ᠫᠣᠩᠰᠤᠭ ︵1903~1968 ᠣᠨ︶᠂ ᠳᠥᠭᠦᠮ ᠨᠡᠷ᠎ᠡ ᠨᠢ ᠫᠣᠩᠭ᠎ᠠ᠂ ᠦᠵᠢᠶᠠᠳ ᠣᠪᠣᠭ ᠲᠠᠢ᠂ ᠰᠢᠯᠣᠭᠤᠨ ᠬᠥᠬᠡ ᠬᠤᠰᠢᠭᠤᠨ ᠤ ᠴᠠᠬᠠᠷ ᠲᠡᠷᠢᠭᠦᠨ ᠰᠣᠮᠣᠨ ᠤ ᠬᠦᠮᠦᠨ᠂ ᠳᠣᠷᠵᠢ ︵ᠳᠣᠵᠢ︶᠎ ᠶᠢᠨ ᠬᠥᠪᠡᠭᠦᠨ ᠪᠣᠯᠣᠨ ᠲᠥᠷᠦᠵᠡᠢ᠃          ᠡᠴᠢᠭᠡ ᠶᠢᠨ ᠬᠢᠨᠢ ᠠᠩᠬᠠᠨ ᠳᠠᠭᠠᠨ ᠳᠥᠭᠦᠮᠬᠡᠨ ᠠᠮᠢᠳᠣᠷᠠᠯ ᠲᠠᠢ ᠠᠶᠢᠯ ᠯᠡ ᠪᠠᠶᠢᠭᠰᠠᠨ ᠢᠶᠠᠨ ᠬᠤᠵᠢᠮ ᠎ ᠨᠢ ᠰᠢᠯᠣᠭᠤᠨ ᠬᠥᠬᠡ ᠬᠤᠰᠢᠭᠤ ᠪᠣᠯᠣᠨ ᠣᠶᠢᠷ᠎ᠠ ᠵᠡᠷᠭᠡᠯᠡᠳᠡᠭᠡ ᠬᠤᠰᠢᠭᠤᠨ ᠤ ᠬᠢᠨ ᠳᠤ ︽ᠪᠠᠶᠠᠨ ᠳᠣᠵᠢ︾ ᠭᠡᠵᠦ ᠮᠢᠩᠭᠠᠨ ᠠᠳᠣᠭᠤ ᠲᠠᠢ ᠪᠠᠶᠠᠨ ᠠᠶᠢᠯ ᠪᠣᠯᠣᠭᠰᠠᠨ ᠪᠠᠶᠢᠨ᠎ᠠ᠃ ᠫᠣᠩᠰᠤᠭ ᠬᠠᠷᠠᠬᠠᠨ ᠪᠠᠭ᠎ᠠ ᠠᠴᠠ ᠪᠠᠨ ᠡᠴᠢᠭᠡ ᠪᠠᠨ ᠳᠠᠭᠠᠵᠤ ᠠᠳᠣᠭᠤ ᠪᠠᠨ ᠮᠠᠯᠵᠢᠨ ᠠᠷᠠᠴᠢᠯᠠᠵᠤ᠂ ᠠᠵᠢᠯᠴᠢ ᠪᠣᠷᠣᠭᠵᠢᠭᠤᠨ᠂ ᠨᠣᠮᠣᠬᠠᠨ ᠳᠠᠷᠣᠤ ᠵᠠᠩ ᠲᠠᠢ ᠪᠠᠶᠢᠵᠠᠢ᠃ ᠲᠡᠷᠡ ᠡᠴᠢᠭᠡ ᠠᠴᠠ ᠪᠠᠨ ᠬᠤᠶᠢᠰᠢ ᠭᠠᠯ ᠭᠤᠯᠣᠮᠲᠠ ᠎ ᠪᠠᠨ ᠵᠠᠯᠭᠠᠮᠵᠢᠯᠠᠨ ᠠᠶᠢᠯ ᠭᠡᠷ ᠢᠶᠠᠨ ᠡᠵᠡᠩᠨᠡᠵᠦ ᠶᠠᠪᠣᠭᠰᠠᠨ ᠠᠴᠠ ᠪᠠᠰᠠ ︽ᠪᠠᠶᠠᠨ ᠫᠣᠩᠰᠤᠭ︾ ᠭᠡᠵᠦ ᠨᠡᠷᠡᠰᠢᠭᠰᠡᠨ ᠪᠠᠶᠢᠨ᠎ᠠ᠃ ᠮᠠᠩᠬᠠᠨ ᠳᠤ ᠠᠳᠣᠭᠤ ᠨᠢ ᠮᠢᠩᠭ᠎ᠠ ᠪᠠᠶᠢᠵᠤ᠂ ᠵᠠᠭᠤ ᠰᠢᠬᠠᠮ ᠦᠬᠡᠷ ᠲᠠᠢ᠂ ᠬᠤᠶᠠᠷ ᠭᠤᠷᠪᠠᠨ ᠵᠠᠭᠤᠨ ᠬᠤᠨᠢ ᠢᠮᠠᠭ᠎ᠠ ᠲᠠᠢ ᠯᠡ ᠪᠠᠶᠢᠵᠠᠢ᠃           ︽ᠪᠠᠶᠠᠨ ᠫᠣᠩᠰᠤᠭ︾ ᠬᠤᠪᠢᠰᠬᠠᠯ ᠤᠨ ᠳᠣᠬᠠᠢ ᠰᠠᠶᠢᠨ ᠮᠡᠳᠡᠭᠡᠳᠦᠢ ᠪᠠᠶᠢᠭᠰᠠᠨ ᠪᠣᠯᠪᠣᠴᠤ ᠡᠪ ᠬᠠᠮᠲᠤ ᠨᠠᠮ᠂ ᠠᠷᠠᠳ ᠤᠨ ᠵᠠᠰᠠᠭ ᠤᠨ ᠣᠷᠳᠣᠨ᠂ ᠴᠢᠯᠦᠭᠡᠯᠡᠬᠦ ᠴᠡᠷᠢᠭ ᠨᠢ ᠠᠷᠠᠳ ᠲᠥᠮᠡᠨ ᠤ ᠲᠥᠯᠦᠭᠡ ᠦᠢᠯᠡᠴᠢᠯᠡᠳᠡᠭ ᠭᠡᠰᠡᠨ ᠳᠥᠭᠦᠮᠬᠡᠨ ᠲᠠᠨᠢᠯᠲᠠ ᠪᠠᠷ ᠢᠶᠠᠨ ᠬᠤᠪᠢᠰᠬᠠᠯ ᠤᠨ ᠠᠵᠢᠯ ᠢ ᠢᠳᠡᠪᠬᠢᠲᠡᠢ ᠳᠡᠮᠵᠢᠭᠰᠡᠨ ᠪᠠᠶᠢᠨ᠎ᠠ᠃ ᠥᠪᠦᠷ ᠮᠣᠩᠭᠤᠯ ᠤᠨ ᠬᠤᠪᠢᠰᠬᠠᠯᠲᠤ ᠴᠡᠷᠢᠭ ᠤᠨ ᠳᠣᠰᠠᠭᠠᠷ ᠪᠠᠲ᠋ᠠᠯᠢᠶᠣᠨ ︵ᠰᠡᠭᠦᠯ ᠤᠨ 16 ᠳ᠋ᠣᠭᠠᠷ ᠳ᠋ᠢᠸᠢᠽᠢ︶᠂ ᠴᠠᠭᠠᠨ ᠪᠣᠭᠲᠠ ᠶᠢᠨ ᠴᠡᠷᠢᠭ ︵ᠰᠡᠭᠦᠯ ᠤᠨ 11 ᠳ᠋ᠣᠭᠡᠷ ᠳ᠋ᠢᠸᠢᠽᠢ︶᠎ ᠢ ᠣᠯᠠᠨ ᠲᠣᠭᠠᠨ ᠤ ᠠᠭᠲᠠ ᠮᠣᠷᠢ ᠪᠠᠷ ᠳᠡᠮᠵᠢᠵᠡᠢ᠃          16 ᠳ᠋ᠣᠭᠠᠷ ᠳ᠋ᠢᠸᠢᠽᠢ ᠳᠤ ᠨᠢᠭᠡ ᠣᠳᠠᠭ᠎ᠠ ᠳᠤ ᠬᠤᠶᠠᠷ ᠵᠠᠭᠤᠨ ᠠᠭᠲᠠ ᠥᠭᠴᠦ ᠪᠠᠶᠢᠪᠠ᠃ ᠪᠠᠰᠠ ᠬᠤᠰᠢᠭᠤ ᠴᠡᠷᠢᠭ ᠲᠤ ᠠᠷᠪᠠᠨ ᠠᠭᠲᠠ ᠳᠣᠰᠠᠯᠠᠭᠰᠠᠨ ᠪᠠᠶᠢᠨ᠎ᠠ᠃ ︽ᠪᠠᠶᠠᠨ ᠫᠣᠩᠰᠤᠭ︾᠎ ᠤᠨ ᠬᠤᠪᠢᠰᠬᠠᠯᠲᠤ ᠴᠡᠷᠢᠭ ᠲᠤ ᠣᠯᠠᠨ ᠣᠳᠠᠭ᠎ᠠ ᠳᠣᠰᠠᠯᠠᠵᠤ ᠥᠭᠭᠦᠭᠰᠡᠨ ᠠᠭᠲᠠ ᠨᠡᠶᠢᠲᠡ ᠲᠠᠪᠣᠨ ᠵᠠᠭᠤᠨ ᠪᠣᠯᠵᠠᠢ᠃          1946 ᠣᠨ ᠤ ᠨᠠᠮᠣᠷ᠂ ᠭᠤᠮᠢᠨᠳᠠᠩ ᠴᠢᠯᠦᠭᠡᠯᠡᠭᠳᠡᠭᠰᠡᠨ ᠣᠷᠣᠨ ᠵᠦᠭ ᠪᠥᠬᠦ ᠲᠠᠯ᠎ᠠ ᠶᠢᠨ ᠳᠠᠭᠠᠷᠢᠯᠲᠠ ᠶᠠᠪᠣᠭᠤᠯᠬᠤ ᠳᠤ ᠰᠢᠯᠣᠭᠤᠨ ᠬᠥᠬᠡ ᠶᠢᠨ ᠣᠷᠪᠠᠳᠠᠯ ᠭᠠᠰᠢ ᠶᠢᠨ ᠴᠡᠷᠢᠭ ᠢᠷᠡᠵᠦ ᠡᠳ᠋ ᠪᠣᠳᠠᠰ ᠢ ᠳᠡᠭᠡᠷᠡᠮᠳᠡᠨ ᠠᠪᠴᠤ ᠪᠠᠶᠢᠬᠤ ᠦᠶ᠎ᠡ ᠳᠤ ︽ᠪᠠᠶᠠᠨ ᠫᠣᠩᠰᠤᠭ︾ ᠠᠶᠢᠯ ᠰᠠᠭᠠᠬᠠᠯᠲᠠ ᠶᠢᠨ ᠬᠢᠨ ᠲᠠᠢ ᠪᠠᠨ ᠵᠥᠪᠳᠡᠯᠴᠡᠨ ᠡᠳ᠋ ᠬᠥᠷᠦᠩᠭᠡ ᠪᠠᠨ ᠠᠷᠭᠠᠯ ᠬᠦᠷᠵᠡᠩ ᠤᠨ ᠣᠪᠣᠭᠠᠨ ᠳᠣᠲᠣᠷ᠎ᠠ ᠨᠢᠭᠤᠵᠤ ᠥᠩᠭᠡᠷᠡᠭᠰᠡᠨ ᠣᠳᠠᠭ᠎ᠠ ᠪᠣᠢ᠃           ︽ᠪᠠᠶᠠᠨ ᠫᠣᠩᠰᠤᠭ︾ ᠥᠪᠡᠷ ᠤᠨ ᠪᠡᠶ᠎ᠡ ᠪᠠᠷ ᠢᠶᠠᠨ ᠨᠣᠲᠤᠭ ᠣᠷᠣᠨ ᠤ ᠴᠢᠯᠦᠭᠡᠯᠡᠯᠲᠡ ᠶᠢᠨ ᠦᠢᠯᠡᠰ ᠢ ᠳᠡᠮᠵᠢᠭᠰᠡᠨ ᠢᠶᠠᠷ ᠪᠠᠷᠠᠬᠤ ᠦᠭᠡᠢ᠂ ᠶᠡᠭᠡ ᠬᠦᠦ ᠬᠠᠰᠧᠴᠢᠷ ᠢᠶᠠᠨ 1946 ᠣᠨ ᠳᠤ ᠴᠠᠭᠠᠨ ᠪᠣᠭᠲᠠ ᠎ ᠶᠢᠨ ᠴᠡᠷᠢᠭ ᠲᠤ ᠮᠣᠷᠳᠠᠭᠤᠯᠵᠤ᠂ ᠬᠤᠶᠠᠳᠣᠭᠠᠷ ᠬᠦᠦ ᠡᠷᠳᠡᠨᠢ ᠢᠶᠠᠨ1947 ᠣᠨ ᠳᠤ ᠣᠯᠠᠭᠠᠨᠬᠠᠳᠠ ᠶᠢᠨ ᠴᠡᠷᠢᠭ ᠵᠠᠰᠠᠭ ᠤᠨ ᠶᠡᠭᠡ ᠰᠣᠷᠭᠠᠭᠤᠯᠢ ᠳᠤ ᠶᠠᠪᠣᠭᠤᠯᠵᠠᠢ᠃          1948 ᠣᠨ ᠳᠤ ᠮᠠᠯᠴᠢᠨ ᠠᠷᠠᠳ ᠤᠨ ᠬᠥᠳᠡᠯᠭᠡᠭᠡᠨ ᠤ ᠳᠣᠮᠳᠠ ︽ᠪᠠᠶᠠᠨ ᠫᠣᠩᠰᠤᠭ︾᠎ ᠨᠢ ᠳᠣᠬᠠᠢ ᠎ ᠶᠢᠨ ᠦᠶ᠎ᠡ ᠳᠤ ᠣᠯᠠᠭᠠᠨᠬᠦᠦ ᠶᠢᠨ ᠳᠣᠷᠠᠳᠣᠭᠰᠠᠨ ︽ᠮᠠᠯ ᠤᠨ ᠡᠵᠡᠨ ᠪᠣᠯᠣᠨ ᠬᠥᠯᠦᠰᠦᠨ ᠮᠠᠯᠴᠢᠨ ᠬᠤᠶᠠᠭᠤᠯᠠ ᠳᠤ ᠠᠰᠢᠭᠲᠠᠢ︾ ᠪᠠᠶᠢᠬᠤ ᠪᠠ ᠬᠠᠷᠢᠯᠴᠠᠨ ᠳᠣᠰᠠᠯᠠᠬᠤ ᠲᠥᠷᠦ ᠶᠢᠨ ᠪᠣᠳᠣᠯᠭ᠎ᠠ ᠶᠢ ᠴᠣᠣᠷᠢᠶᠠᠳᠣᠨ᠂ ᠥᠪᠡᠷ ᠤᠨ ᠰᠠᠶᠢᠨ ᠳᠣᠷ᠎ᠠ ᠠᠴᠠ ᠪᠠᠨ ᠡᠳ᠋ ᠡᠷᠳᠡᠨᠢᠰ ᠪᠠ ᠮᠠᠯ ᠬᠥᠷᠦᠩᠭᠡ ᠶᠢᠨ ᠢᠶᠠᠨ ᠶᠡᠬᠡᠩᠬᠢ ᠶᠢ ᠮᠠᠯᠴᠢᠨ ᠠᠷᠠᠳ ᠤᠨ ᠬᠥᠳᠡᠯᠭᠡᠭᠡᠨ ᠤ ᠬᠤᠷᠠᠯ ᠳᠤ ᠡᠷᠭᠦᠨ ᠥᠷᠭᠡᠨ ᠣᠯᠠᠨ ᠮᠠᠯᠴᠢᠳ ᠲᠠᠭᠠᠨ ᠰᠠᠶᠢᠨ ᠢᠶᠠᠷ ᠦᠨᠡᠯᠡᠭᠳᠡᠭᠰᠡᠨ ᠪᠠᠶᠢᠨ᠎ᠠ᠃ 1950 ‍ᠭᠠᠳ ᠣᠨ ᠳᠤ ᠨᠡᠶᠢᠭᠡᠮ ᠵᠢᠷᠣᠮᠲᠤ ᠥᠭᠡᠷᠡᠴᠢᠯᠡᠯᠲᠡ ᠪᠠᠨ ᠣᠭᠲᠣᠨ ᠨᠣᠲᠤᠭ ᠣᠰᠣᠨ ᠤ ᠠᠬ᠎ᠠ ᠳᠡᠭᠦᠦ ᠨᠠᠷ ᠲᠠᠢ ᠪᠠᠨ ᠬᠠᠮᠵᠢᠯᠴᠠᠨ ᠠᠳᠣᠭᠤᠨ ᠰᠦᠷᠦᠭ ᠤᠨ ᠳᠣᠭᠤᠶᠢᠯᠠᠩ ᠢ ᠪᠠᠶᠢᠭᠤᠯᠵᠤ᠂ ᠬᠠᠪᠰᠣᠷᠣᠯ ᠬᠤᠷᠰᠢᠶᠠᠵᠢᠯ ᠎ ᠤᠨ ᠠᠩᠬᠠᠨ ᠤ ᠠᠯᠬᠤᠮ ᠢ ᠠᠯᠬᠤᠭᠰᠠᠨ ᠪᠠᠶᠢᠨ᠎ᠠ᠃           ︽ᠪᠠᠶᠠᠨ ᠫᠣᠩᠰᠤᠭ︾᠎ ᠤᠨ ᠭᠤᠷᠪᠠᠳᠣᠭᠠᠷ ᠬᠦᠦ ᠰᠠᠮᠪᠣᠤ ᠪᠠᠷᠢᠭᠠᠳᠠ ︵ᠭᠠᠴᠠᠭ᠎ᠠ︶᠎ ᠶᠢᠨ ᠨᠢᠭᠲᠠᠯᠠᠨ ᠪᠣᠳᠣᠭᠴᠢ ᠶᠢᠨ ᠠᠵᠢᠯ ᠢ ᠣᠳᠠᠭᠠᠨ ᠵᠢᠯ ᠬᠢᠵᠦ᠂ ᠵᠢᠭᠠᠰᠣᠲᠠᠢ ᠰᠣᠮᠣᠨ ᠤ ᠪᠠᠶᠠᠨ ᠣᠯᠠᠭᠠᠨ ᠪᠠᠷᠢᠭᠠᠳᠠ ᠶᠢᠨ ᠠᠵᠤ ᠠᠬᠤᠢ ᠶᠢᠨ ᠠᠵᠢᠯ ᠳᠤ ᠬᠦᠴᠦᠨ ᠢᠶᠠᠨ ᠡᠷᠭᠦᠭᠰᠡᠨ ᠪᠠᠶᠢᠨ᠎ᠠ᠃           ︽ᠪᠠᠶᠠᠨ ᠫᠣᠩᠰᠤᠭ︾ ᠭᠤᠸᠠᠢ᠂ ᠬᠤᠰᠢᠭᠤ ᠰᠣᠮᠣᠨ ᠤ ᠠᠷᠠᠳ ᠤᠨ ᠲᠥᠯᠦᠭᠡᠯᠡᠭᠴᠢ ᠪᠠ ᠬᠠᠩᠭᠠᠯᠭ᠎ᠠ ᠶᠢᠨ ᠬᠤᠷᠰᠢᠶᠠᠨ ᠤ ᠲᠥᠯᠦᠭᠡᠯᠡᠭᠴᠢ ᠪᠠᠶᠢᠵᠠᠢ᠃ ᠠᠶᠢᠮᠠᠭ ᠤᠨ ᠣᠯᠣᠰ ᠲᠥᠷᠦ ᠶᠢᠨ ᠵᠥᠪᠯᠡᠯᠭᠡᠨ ᠤ ᠭᠤᠷᠪᠠ᠂ ᠳᠥᠷᠪᠡᠳᠦᠭᠡᠷ ᠬᠤᠭᠤᠴᠠᠭᠠᠨ ᠤ ᠬᠤᠷᠠᠯ ᠳᠤ ᠣᠨᠴᠠ ᠣᠷᠢᠭᠳᠠᠭᠰᠠᠳ ᠢᠶᠠᠷ ᠣᠷᠣᠯᠴᠠᠵᠤ ᠪᠠᠶᠢᠵᠠᠢ᠃          1959 ᠣᠨ ᠳᠤ ᠪᠡᠭᠡᠵᠢᠩ ᠳᠤ ᠴᠥᠭᠡᠨ ᠳᠣᠭᠠᠲᠤ ᠦᠨᠳᠦᠰᠦᠲᠡᠨ ᠤ ᠨᠡᠷᠡᠲᠦ ᠬᠦᠮᠦᠰ ᠤᠨ ᠬᠤᠪᠢ ᠎ ᠪᠠᠷ ᠨᠠᠮ ᠲᠥᠷᠦ ᠶᠢᠨ ᠣᠳᠣᠷᠢᠳᠣᠭᠴᠢ ᠨᠠᠷ ᠲᠠᠢ ᠠᠭᠤᠯᠵᠠᠨ ᠰᠡᠭᠦᠳᠡᠷᠯᠡᠵᠦ ᠪᠢᠯᠡ᠃           ᠭᠡᠲᠡᠯ᠎ᠡ ᠠᠬᠢᠮᠠᠭ ᠨᠠᠰᠣᠨ ᠤ ᠦᠶ᠎ᠡ ᠳᠡᠭᠡᠨ ᠲᠥᠷᠦ ᠬᠦᠷᠦᠨ ᠢ ᠰᠠᠮᠠᠷᠠᠭᠤᠯᠣᠭᠰᠠᠨ ᠠᠷᠪᠠᠨ ᠵᠢᠯ ᠤᠨ ᠰᠣᠶᠣᠯ ᠤᠨ ᠬᠤᠪᠢᠰᠬᠠᠯ ᠤᠨ ᠭᠠᠢ ᠭᠠᠮᠰᠢᠭ ᠤᠨ ᠳᠣᠮᠳᠠ᠂ ᠵᠡᠪᠰᠡᠭᠲᠦ ᠮᠠᠯ ᠤᠨ ᠡᠵᠡᠨ ᠤᠯᠠᠭᠠᠨᠬᠦᠦ ᠶᠢᠨ ᠣᠯᠣᠰ ᠎ ᠠᠴᠠ ᠣᠷᠪᠠᠭ᠋ᠤ ᠪᠥᠯᠦᠭᠲᠡᠨ᠂ ᠥᠪᠦᠷ ᠠᠷᠠᠳ ᠤᠨ ᠨᠠᠮ ᠤᠨ ᠮᠣᠵᠢᠭᠤᠳᠠ ᠡᠲᠡᠭᠡᠳ ᠵᠡᠷᠭᠡ ᠶᠢᠨ ᠪᠠᠶᠢᠵᠤ ᠪᠣᠯᠣᠰᠢ ᠦᠭᠡᠢ ᠬᠦᠨᠳᠦ ᠬᠢᠯᠢᠰ ᠮᠠᠯᠠᠭᠠᠢ ᠡᠮᠦᠰᠴᠦ ᠣᠯᠠᠨ ᠵᠦᠢᠯ ᠤᠨ ᠡᠷᠡᠭᠦᠦ ᠳᠤ ᠲᠣᠯᠭᠠᠭᠳᠠᠵᠤ᠂ ᠪᠡᠶ᠎ᠡ ᠰᠡᠳᠬᠢᠯ ᠤᠨ ᠬᠡᠴᠡᠭᠦᠦ ᠲᠠᠮᠣᠯᠠᠯ ᠳᠠᠷᠴᠢᠯᠭᠠᠯ ᠢ ᠠᠮᠰᠠᠵᠤ ᠪᠠᠶᠢᠭᠠᠳ 1968 ᠣᠨ ᠤ 8 ᠰᠠᠷ᠎ᠠ ᠳᠤ ᠬᠤᠪᠢᠰᠬᠠᠯᠲᠤ ᠣᠷᠪᠠᠯᠭ᠎ᠠ ᠭᠠᠷᠭᠠᠭᠰᠠᠳ ᠬᠡᠮᠡᠭᠴᠢ ᠶᠢᠨ ᠴᠢᠰᠤ ᠪᠢᠯᠳᠠᠭᠰᠠᠨ ᠭᠠᠷ ᠳᠣᠣᠷ᠎ᠠ ᠬᠠᠷᠠᠮᠰᠠᠯᠲᠠᠢ ᠪᠡᠶ᠎ᠡ ᠦᠷᠡᠭᠳᠡᠵᠡᠢ᠃ ᠲᠡᠭᠦᠨ ᠤ ᠭᠡᠷᠭᠡᠢ ᠨᠠᠩᠰᠠᠯᠮ᠎ᠠ ᠳᠤ ᠵᠡᠪᠰᠡᠭᠲᠦ ᠮᠠᠯ ᠤᠨ ᠡᠵᠡᠨ ᠤ ᠬᠠᠷᠭᠢᠰ ᠡᠬᠡᠨᠡᠷ ᠭᠡᠰᠡᠨ ᠮᠠᠯᠠᠭᠠᠢ ᠡᠮᠦᠰᠭᠡᠵᠦ ᠬᠤᠲᠠ ᠲᠣᠭᠤᠷᠢᠭᠤᠯᠣᠨ ᠲᠡᠮᠡᠴᠡᠵᠦ᠂ ᠳᠡᠰᠪᠦᠷᠢᠯᠡᠬᠦᠶ᠎ᠡ ᠪᠡᠷᠬᠡ ᠠᠮᠢᠳᠤ ᠶᠢᠨ ᠲᠠᠮᠤ ᠳᠤ ᠣᠷᠣᠭᠤᠯᠣᠭᠰᠠᠨ ᠳᠤ ᠠᠰᠪᠣᠷ ᠴᠠᠭᠠᠪᠣᠷ ᠮᠣᠩᠭᠤᠯ ᠪᠥᠰᠡᠭᠦᠢ 1968 ᠣᠨ ᠤ 10 ᠰᠠᠷ᠎ᠠ ᠳᠤ ᠵᠠᠪᠰᠢᠶᠠᠨ ᠪᠣᠰᠤ ᠪᠠᠷ ᠨᠠᠰᠤ ᠨᠥᠭᠴᠢᠵᠡᠢ᠃           ᠫᠣᠩᠰᠤᠭ᠂ 2006 ᠣᠨ ᠳᠤ ︽ᠴᠠᠬᠠᠷ ᠰᠢᠯᠣᠭᠤᠨ ᠬᠥᠬᠡ ᠬᠤᠰᠢᠭᠤ︾ ᠬᠡᠮᠡᠬᠦ ᠨᠣᠮ ᠳᠤ ᠲᠡᠮᠳᠡᠭᠯᠡᠭᠳᠡᠵᠡᠢ᠃          ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃          
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号