ᠡᠷᠳᠡᠨᠢᠴᠡᠴᠡᠭ
ᠨᠡᠶᠢᠲᠡᠯᠡᠭᠰᠡᠨ ᠴᠠᠭ᠄
2020/3/12
        ᠡᠷᠳᠡᠨᠢᠴᠡᠴᠡᠭ ︵1906 —᠂ ᠣᠯᠠᠭᠴᠢᠨ ᠬᠤᠨᠢᠨ ᠵᠢᠯ︶᠂ ᠴᠠᠬᠠᠷ ᠳᠣᠯᠣᠨᠨᠠᠭᠤᠷ ᠤᠨ ᠨᠣᠶᠠᠨ ᠭᠡᠭᠡᠨ ᠱᠠᠪᠢᠨᠠᠷ ᠤᠨ ᠮᠠᠯᠴᠢᠨ ᠪᠣᠶᠠᠨᠳᠣᠭᠲᠠᠬᠤ ᠶᠢᠨ ᠭᠡᠷ ᠲᠤ ᠲᠥᠷᠦᠵᠡᠢ᠃ ᠲᠡᠷᠡ᠂ ᠬᠠᠷᠠᠬᠠᠨ ᠪᠠᠭ᠎ᠠ ᠠᠴᠠ ᠪᠠᠨ ᠵᠡᠭᠦᠦ ᠣᠲᠠᠰᠣᠨ ᠤ ᠦᠢᠯᠡ ᠳᠤ ᠳᠣᠷᠠᠲᠠᠢ᠂ ᠲᠣᠷᠭ᠎ᠠ ᠳᠣᠷᠳᠣᠩ ᠤᠨ ᠬᠠᠳᠬᠤᠮᠠᠯ ᠳᠤ ᠣᠷᠠᠨ᠃ ᠬᠤᠵᠢᠮ ᠨᠢ ᠬᠤᠸᠠᠷ ᠬᠠᠳᠬᠤᠮᠠᠯ ᠢᠶᠠᠷ ᠠᠮᠢᠳᠣᠷᠠᠯ ᠤᠨ ᠢᠶᠠᠨ ᠳᠦᠰᠢᠭ ᠪᠣᠯᠭᠠᠵᠠᠢ᠃ ᠲᠡᠭᠦᠨ ᠤ ᠣᠷᠠᠯᠠᠨ ᠬᠠᠳᠬᠤᠭᠰᠠᠨ ᠬᠤᠸᠠᠷ ᠴᠡᠴᠡᠭ᠂ ᠠᠷᠢᠶᠠᠲᠠᠨ ᠵᠢᠭᠦᠷᠲᠡᠨ᠂ ᠯᠣᠤ᠂ ᠭᠠᠷᠣᠳᠢ᠂ ᠡᠷᠪᠡᠬᠡᠢ ᠶᠢᠨ ᠥᠩᠭᠡ ᠨᠢ ᠰᠣᠷᠭᠤᠭ ᠬᠤᠷᠴᠠ᠂ ᠦᠵᠡᠬᠦ ᠳᠤ ᠠᠮᠢᠳᠤ᠂ ᠥᠪᠡᠷ ᠤᠨ ᠬᠡᠪ ᠨᠠᠮᠪᠠ ᠣᠨᠴᠠᠯᠢᠭ ᠲᠠᠢ ᠲᠣᠯᠠ ᠬᠤᠯᠠ ᠣᠶᠢᠷ᠎ᠠ ᠳᠤ ᠠᠯᠳᠠᠷᠰᠢᠪᠠ᠃ ᠡᠷᠳᠡᠨᠢᠴᠡᠴᠡᠭ ᠤᠨ ᠣᠷᠠᠯᠠᠨ ᠬᠠᠳᠬᠤᠭᠰᠠᠨ ᠲᠠᠮᠠᠬᠢᠨ ᠬᠠᠪᠲᠠᠭ᠎ᠠ᠂ ᠬᠥᠬᠦᠷ ᠤᠨ ᠣᠭᠤᠲᠠ᠂ ᠵᠡᠭᠦᠪᠴᠢ᠂ ᠬᠠᠨᠵᠢᠶᠠᠷ ᠂ ᠣᠣᠵᠢ᠂ ᠳᠠᠮᠠᠷᠤ ᠶᠢᠨ ᠵᠣᠳᠣᠪᠠᠩ᠂ ᠲᠡᠷ᠎ᠡ ᠶᠢᠨ ᠴᠡᠴᠡᠭ ᠬᠤᠸᠠᠷ ᠨᠢ ᠨᠣᠲᠤᠭ ᠤᠨ ᠣᠨᠴᠠᠯᠢᠭ ᠲᠠᠢ᠂ ᠬᠡ ᠣᠭᠠᠯᠵᠠ ᠨᠢ ᠣᠯᠠᠨ ᠶᠠᠩᠵᠤ ᠪᠠᠶᠢᠳᠠᠭ᠃ ᠲᠡᠷᠡ ᠨᠣᠲᠤᠭ ᠤᠨ ᠢᠶᠠᠨ ᠴᠡᠴᠡᠭ ᠬᠤᠸᠠᠷ ᠢ ᠠᠩᠬᠠᠷᠣᠨ ᠬᠠᠷᠠᠵᠤ᠂ ᠣᠷᠠᠯᠠᠨ ᠵᠢᠷᠣᠵᠤ᠂ ᠬᠠᠳᠬᠤᠮᠠᠯ ᠤᠨ ᠢᠶᠠᠨ ᠡᠬᠡ ᠵᠢᠷᠤᠭ ᠪᠣᠯᠭᠠᠳᠠᠭ ᠠᠵᠢ᠃ ᠬᠤᠵᠢᠮ ᠨᠢ ᠰᠢᠷ᠎ᠠ ᠶᠢᠨ ᠱᠠᠰᠢᠨ ᠤ ᠵᠠᠰᠠᠯ ᠵᠢᠮᠰᠡᠭ᠂ ᠯᠠᠮᠠ ᠬᠦᠮᠦᠨ ᠤ ᠡᠳ᠋ᠯᠡᠯ ᠬᠡᠷᠡᠭᠰᠡᠯ ᠢ ᠣᠶᠠᠵᠤ ᠬᠠᠳᠬᠤᠮᠠᠯ ᠬᠠᠳᠬᠤᠭᠰᠠᠨ ᠨᠢ ᠪᠦᠷᠢᠶᠠᠳ᠂ ᠬᠥᠮᠪᠦᠮ ᠳᠤ ᠨᠡᠷ᠎ᠡ ᠠᠯᠳᠠᠷᠰᠢᠵᠠᠢ᠃ ᠸᠠᠩᠵᠠᠶᠢᠷᠠᠩᠭ᠎ᠠ ᠪᠣᠯ ᠯᠠᠮᠠ ᠬᠦᠮᠦᠨ ᠤ ᠲᠣᠯᠣᠭᠠᠢ ᠳᠠᠭᠠᠨ ᠵᠡᠭᠦᠳᠡᠭ ᠨᠠᠷᠢᠨ ᠡᠳ᠋᠃ ᠨᠢᠭᠡ ᠸᠠᠩᠵᠠᠶᠢᠷᠠᠩᠭ᠎ᠠ ᠳᠡᠭᠡᠷ᠎ᠡ ᠳᠥᠴᠢ ᠭᠠᠷᠣᠢ ᠠᠮᠢᠲᠠᠨ᠂ ᠴᠡᠴᠡᠭ᠂ ᠬᠡ ᠣᠭᠠᠯᠵᠠ ᠬᠠᠳᠬᠤᠨ᠎ᠠ᠃ ᠨᠢᠭᠡ ᠸᠠᠩᠵᠠᠶᠢᠷᠠᠩᠭ᠎ᠠ ᠶᠢ ᠣᠷᠠᠯᠠᠨ ᠬᠠᠳᠬᠤᠭᠰᠠᠨ ᠨᠢ ᠠᠷᠪᠠᠨ ᠠᠷᠰᠯᠠᠨ ᠲᠠᠪᠣᠨ ᠰᠢᠷᠡᠭᠡ ᠶᠢ ᠲᠣᠯᠣᠨ ᠵᠣᠭᠰᠣᠵᠤ ᠰᠢᠷᠡᠭᠡᠨ ᠳᠡᠭᠡᠷ᠎ᠡ ᠠᠯᠲᠠᠨ ᠭᠡᠷᠡᠯ ᠰᠠᠴᠣᠷᠠᠭᠰᠠᠨ᠂ ᠰᠢᠷ᠎ᠠ ᠳᠡᠪᠡᠯ ᠣᠯᠠᠭᠠᠨ ᠣᠷᠬᠢᠮᠵᠢ ᠪᠥᠬᠦᠢ ᠪᠣᠷᠬᠠᠨ᠃ ᠪᠣᠷᠬᠠᠨ ᠎ ᠤ ᠲᠡᠷᠢᠭᠦᠨ ᠤ ᠬᠤᠶᠠᠷ ᠬᠠᠵᠠᠭᠤ ᠳᠤ ᠭᠠᠷᠣᠳᠢ ᠳᠡᠭᠦᠯᠢᠵᠦ ᠬᠥᠯ ᠳᠤ ᠮᠣᠭᠠᠢ ᠭᠤᠷᠪᠠᠯᠵᠢᠯᠠᠨ᠎ᠠ᠃ ᠰᠢᠷᠡᠭᠡᠨ ᠤ ᠬᠡ ᠣᠭᠠᠯᠵᠠ ᠣᠷᠠᠨ ᠨᠠᠷᠢᠨ᠂ ᠸᠠᠩᠵᠠᠶᠢᠷᠠᠩᠭ᠎ᠠ ᠶᠢᠨ ᠬᠡᠯᠪᠡᠷᠢ ᠨᠢ ᠲᠠᠪᠣᠨ ᠨᠠᠪᠴᠢ ᠪᠠᠷ ᠪᠦᠷᠢᠯᠳᠦᠭᠰᠡᠨ ᠮᠡᠲᠦ ᠳᠡᠭᠡᠭᠰᠢ ᠎ ᠪᠠᠨ ᠥᠷᠭᠡᠨ᠂ ᠳᠣᠷᠣᠭᠰᠢ ᠪᠠᠨ ᠨᠠᠷᠢᠨ ᠶᠣᠮ᠃ ᠰᠡᠭᠦᠯ ᠤᠨ ᠦᠶᠡᠰ ᠵᠢᠷᠣᠭᠴᠢᠨ ᠠᠭᠸᠠᠩ ᠤᠨ ᠣᠷᠠᠯᠠᠨ ᠵᠢᠷᠣᠭᠰᠠᠨ ᠬᠤᠸᠠᠷ ᠴᠡᠴᠡᠭ᠂ ᠭᠡ ᠣᠭᠠᠯᠵᠠ ᠶᠢ ᠣᠷᠠᠯᠠᠳᠠᠭ ᠪᠣᠯᠪᠠ᠃ ᠵᠢᠷᠣᠭᠴᠢᠨ ᠠᠭᠸᠠᠩ ᠤᠨ ᠵᠢᠷᠣᠭᠰᠠᠨ ᠸᠠᠩᠵᠠᠶᠢᠷᠠᠩᠭ᠎ᠠ ᠶᠢ ᠣᠷᠠᠯᠠᠨ ᠬᠠᠳᠬᠤᠭᠰᠠᠨ ᠨᠢ ᠵᠢᠷᠣᠭᠰᠠᠨ ᠲᠠᠢ ᠪᠠᠨ ᠨᠢᠭᠡ ᠯᠡ ᠠᠳᠠᠯᠢ᠃ ᠠᠮᠢᠳᠤ ᠪᠣᠷᠬᠠᠨ ᠠᠷᠰᠯᠠᠨ ᠬᠥᠯᠦᠭᠯᠡᠨ ᠶᠠᠪᠣᠭ᠎ᠠ ᠰᠢᠭ᠋ ᠬᠠᠷᠠᠭᠳᠠᠵᠤ᠂ ᠬᠦᠮᠦᠰ ᠭᠠᠶᠢᠬᠠᠨ ᠮᠠᠭᠲᠠᠳᠠᠭ ᠪᠠᠶᠢᠵᠠᠢ᠃ ᠵᠢᠷᠣᠭᠴᠢᠨ ᠠᠭᠸᠠᠩ ᠂ ᠣᠷᠠᠯᠠᠨ ᠬᠠᠳᠬᠤᠭᠰᠠᠨ ᠲᠠᠮᠠᠬᠢᠨ ᠬᠠᠪᠲᠠᠭ᠎ᠠ ᠶᠢ ᠶᠡᠭᠡ ᠯᠡ ᠣᠯᠵᠠᠷᠬᠠᠨ ᠠᠪᠴᠤ ᠬᠤᠵᠢᠮ ᠳᠡᠯᠭᠡᠨ ᠦᠵᠡᠭᠦᠯᠦᠯᠭᠡ ᠎ ᠳᠤ ᠲᠠᠯᠪᠢᠬᠤ ᠭᠡᠳ ᠬᠠᠳᠠᠭᠠᠯᠠᠵᠠᠢ᠃         ᠡᠷᠳᠡᠨᠢᠴᠡᠴᠡᠭ᠂ 1990 ᠣᠨ ᠳᠤ ︽ᠴᠠᠬᠠᠷ ᠮᠣᠩᠭᠤᠯ ︵ᠳᠣᠣᠷᠠᠳᠤ︶︾ ᠬᠡᠮᠡᠬᠦ ᠨᠣᠮ ᠳᠤ ᠲᠡᠮᠳᠡᠭᠯᠡᠭᠳᠡᠵᠡᠢ᠃         ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号