ᠪᠠᠲᠤ
ᠨᠡᠶᠢᠲᠡᠯᠡᠭᠰᠡᠨ ᠴᠠᠭ᠄
2020/3/20
          ᠪᠠᠲᠤ ︵1908~ 1970 ᠣᠨ︶᠂ ᠬᠡᠪᠲᠦ ᠶᠣᠰᠣᠨ ᠤ ᠠᠩᠬᠠᠳᠣᠭᠠᠷ ᠣᠨ᠂ ᠭᠦᠯᠦ ᠴᠠᠭᠠᠨ ᠬᠤᠨᠢᠨ ᠰᠦᠷᠦᠭ ᠤᠨ ᠰᠣᠭᠤ ᠶᠢᠨ ᠬᠤᠳᠳᠤᠭ ︵ᠣᠳᠣᠬᠢ ᠰᠢᠯᠣᠭᠤᠨ ᠬᠥᠬᠡ ᠬᠤᠰᠢᠭᠤᠨ ᠤ ᠪᠣᠱᠣᠣᠳᠠᠢ ᠰᠣᠮᠣᠨ  ᠤ ᠶᠡᠭᠡ ᠲᠠᠯ᠎ᠠ ᠭᠠᠴᠠᠭ᠎ᠠ︶ ᠬᠡᠮᠡᠬᠦ ᠰᠦᠩᠵᠦ ᠠᠶᠢᠮᠠᠭ ᠤᠨ ᠦᠵᠢᠶᠡᠳ ᠣᠪᠣᠭ ᠤᠨ ᠮᠠᠯᠴᠢᠨ ᠯᠠᠮᠠᠵᠠᠪ ᠤᠨ ᠬᠤᠶᠠᠳᠣᠭᠠᠷ ᠬᠥᠪᠡᠭᠦᠨ ᠪᠣᠯᠵᠤ ᠲᠥᠷᠦᠵᠡᠢ᠃           ᠪᠠᠲᠤ ᠶᠢ ᠳᠣᠯᠤᠭ᠎ᠠ ᠨᠠᠢᠮᠠ ᠬᠦᠷᠬᠦ ᠦᠶ᠎ᠡ ᠳᠤ ᠡᠴᠢᠭᠡ ᠡᠬᠡ ᠨᠢ ᠪᠠᠬᠢᠵᠠᠶᠠᠭ᠎ᠠ ᠵᠠᠩᠭᠢ ︵ᠳᠣᠬᠠᠢ ᠶᠢᠨ ᠦᠶ᠎ᠡ ᠳᠤ ᠵᠢᠩᠭᠢᠨᠢ ᠪᠢᠴᠢᠭᠡᠴᠢ ᠶᠢ ︽ᠵᠠᠩᠭᠢ︾ ᠭᠡᠵᠦ ᠳᠠᠭᠤᠳᠠᠳᠠᠭ ᠪᠠᠶᠢᠵᠠᠢ︶ ᠳᠤ ᠱᠠᠪᠢ ᠥᠭᠴᠦ ᠮᠠᠨᠵᠤ ᠮᠣᠩᠭᠤᠯ ᠪᠢᠴᠢᠭ ᠵᠢᠭᠠᠯᠭᠠᠵᠤ ᠡᠬᠢᠯᠡᠭᠰᠡᠨ ᠪᠠᠶᠢᠨ᠎ᠠ᠃          1924 ᠣᠨ ᠳᠤ ᠴᠠᠬᠠᠷ ᠳᠣᠰᠬᠠᠢ ᠣᠷᠣᠨ ᠠᠴᠠ ᠪᠠᠶᠢᠭᠤᠯᠣᠭᠰᠠᠨ ᠮᠢᠩᠭᠠᠨ ᠮᠠᠯᠵᠢᠯ ᠤᠨ ᠲᠠᠯᠠᠪᠠᠢ  ᠶᠢᠨ  ︽ᠦᠬᠡᠷ ᠬᠤᠨᠢᠨ ᠰᠦᠷᠦᠭ ᠤᠨ ᠳᠣᠭᠲᠠᠮ ᠵᠡᠷᠭᠡ ᠶᠢᠨ ᠪᠠᠭ᠎ᠠ ᠰᠣᠷᠭᠠᠭᠤᠯᠢ︾ ᠳᠤ ᠰᠣᠩᠭᠤᠭᠳᠠᠨ ᠣᠷᠣᠵᠤ ᠂ 1928 ᠣᠨ ᠳᠤ ᠪᠠᠭ᠎ᠠ ᠰᠣᠷᠭᠠᠭᠤᠯᠢ ᠪᠠᠨ ᠠᠮᠵᠢᠯᠲᠠ ᠲᠠᠢ ᠲᠡᠭᠦᠰᠭᠡᠵᠦ ᠢᠷᠡᠭᠰᠡᠨ ᠪᠠᠶᠢᠨ᠎ᠠ᠃ ᠲᠣᠰ ᠰᠣᠷᠭᠠᠭᠤᠯᠢ ᠨᠢ ᠴᠣᠯ ᠬᠢᠲᠠᠳ ᠢᠶᠠᠷ ᠬᠢᠴᠢᠶᠡᠯᠯᠡᠳᠡᠭ ᠪᠣᠯᠬᠤᠷ ᠪᠠᠲᠤ ᠳᠣᠬᠠᠢ ᠶᠢᠨ ᠦᠶ᠎ᠡ ᠳᠤ ᠮᠣᠩᠭᠤᠯ᠂ ᠮᠠᠨᠵᠤ ᠬᠢᠲᠠᠳ ᠰᠣᠶᠣᠯ ᠲᠠᠢ ᠬᠦᠮᠦᠨ ᠤ ᠲᠣᠭᠠᠨ ᠳᠤ ᠣᠷᠣᠵᠤ᠂ ᠵᠣᠳᠪᠠᠵᠠᠪ ᠠᠮᠪᠠᠨ ᠤ ᠭᠠᠳᠠᠨ᠎ᠠ ᠪᠠᠶᠢᠭᠰᠠᠨ ᠮᠢᠩᠭᠠᠨ ᠮᠠᠯᠵᠢᠯ ᠤᠨ ᠲᠠᠯᠠᠪᠠᠢ ᠶᠢᠨ   ︽ᠨᠡᠶᠢᠲᠡ ᠶᠢᠨ ᠳᠠᠷᠤᠭ᠎ᠠ ᠶᠢᠨ ᠶᠠᠮᠣᠨ︾ ᠤ ᠳᠠᠩᠰᠠᠨ ᠪᠢᠴᠢᠭᠡᠴᠢ ᠪᠠᠷ ᠲᠠᠪᠣᠨ ᠵᠢᠯ ᠭᠠᠷᠣᠢ ᠠᠵᠢᠯᠯᠠᠪᠠ᠃          1934 ᠣᠨ ᠳᠤ ᠳᠠᠷᠬᠠᠨ ᠪᠠᠶᠢᠯᠠ ᠶᠢᠨ ᠬᠤᠰᠢᠭᠤᠨ ᠤ ᠪᠠᠲᠤᠬᠠᠭᠠᠯᠭ᠎ᠠ ᠳᠤ ᠮᠣᠩᠭᠤᠯ ᠭᠠᠵᠠᠷ ᠣᠷᠣᠨ ᠤ ᠵᠠᠰᠠᠭ ᠤᠨ ᠶᠠᠪᠣᠳᠠᠯ ᠤᠨ ᠬᠤᠷᠠᠯ ᠭᠡᠳᠡᠭ ᠪᠠᠶᠢᠭᠤᠯᠣᠭᠳᠠᠭᠰᠠᠨ ᠤ ᠳᠠᠷᠠᠭ᠎ᠠ ᠵᠣᠳᠪᠠᠵᠠᠪ ᠠᠮᠪᠠᠨ᠂ ᠪᠠᠲᠤ ᠵᠡᠷᠭᠡ ᠬᠡᠳᠦᠨ ᠵᠠᠯᠠᠭᠤᠰ ᠢ ᠲᠣᠮᠢᠯᠠᠨ ᠪᠠᠲᠤᠬᠠᠭᠠᠯᠭ᠎ᠠ ᠳᠤ ᠣᠴᠢᠭᠤᠯᠣᠨ ᠣᠲᠠᠰᠤ ᠦᠭᠡᠢ ᠴᠠᠬᠢᠯᠭᠠᠨ ᠤ ᠪᠣᠯᠪᠠᠰᠣᠷᠠᠯ  ᠤᠨ ᠠᠩᠭᠢ ᠳᠤ ᠣᠷᠣᠯᠴᠠᠭᠤᠯᠣᠨ ᠰᠣᠷᠣᠯᠴᠠᠭᠤᠯᠵᠤ ᠥᠩᠭᠡᠷᠡᠪᠡ᠃          1937 ᠣᠨ ᠤ ᠬᠠᠪᠣᠷ ᠮᠢᠩᠭᠠᠨ ᠮᠠᠯᠵᠢᠯ ᠤᠨ ᠲᠠᠯᠠᠪᠠᠢ ᠶᠢ ︽ᠮᠢᠩᠭᠠᠨ ᠬᠤᠰᠢᠭᠤ︾ ᠪᠣᠯᠭᠠᠨ ᠥᠭᠡᠷᠡᠴᠢᠯᠡᠨ ᠵᠣᠬᠢᠶᠠᠨ ᠪᠠᠶᠢᠭᠤᠯᠬᠤ ᠦᠶ᠎ᠡ ᠳᠤ ᠮᠢᠩᠭᠠᠨ ᠬᠤᠰᠢᠭᠤᠨ ᠤ ᠠᠷᠪᠠᠨ ᠭᠤᠷᠪᠠᠳᠣᠭᠠᠷ ᠰᠣᠮᠣᠨ ᠤ ᠵᠢᠩᠬᠢᠨᠢ ᠪᠢᠴᠢᠭᠡᠴᠢ ᠪᠠᠷ ᠠᠵᠢᠯᠯᠠᠵᠤ ᠪᠠᠶᠢᠭᠠᠳ 1938 ᠣᠨ ᠳᠤ ᠲᠣᠰ ᠰᠣᠮᠤᠨ ᠤ ᠭᠥᠩᠲᠡ ᠶᠢᠨ ᠳᠣᠰᠢᠶᠠᠯ ᠳᠤ ᠳᠣᠮᠢᠯᠠᠭᠳᠠᠵᠠᠢ᠃ 1938 ᠣᠨ ᠤ 5 ᠰᠠᠷ᠎ᠠ ᠳᠤ ᠮᠢᠩᠭᠠᠨ ᠬᠤᠰᠢᠭᠤᠨ ᠤ ᠲᠠᠪᠣᠳᠣᠭᠠᠷ ᠰᠣᠮᠣᠨ ᠤ ᠵᠠᠩᠭᠢ ᠶᠢᠨ ᠳᠣᠰᠢᠶᠠᠯ ᠳᠤ ᠲᠣᠮᠢᠯᠠᠭᠳᠠᠨ ᠬᠡᠳᠦᠨ ᠰᠠᠷ᠎ᠠ ᠠᠵᠢᠯᠯᠠᠵᠤ ᠪᠠᠶᠢᠭᠠᠳ ᠠᠷᠪᠠᠳᠣᠭᠠᠷ ᠰᠣᠮᠣᠨ ᠤ ᠵᠠᠩᠭᠢ ᠶᠢᠨ ᠳᠣᠰᠢᠶᠠᠯ  ᠳᠤ ᠰᠢᠯᠵᠢᠨ ᠬᠤᠶᠠᠷ ᠰᠠᠷ᠎ᠠ ᠠᠵᠢᠯᠯᠠᠪᠠ᠃          1938 ᠣᠨ ᠤ ᠡᠴᠦᠰ ᠲᠤ ᠮᠢᠩᠭᠠᠨ ᠬᠤᠰᠢᠭᠤᠨ ᠤ ᠣᠲᠠᠰᠤ ᠦᠭᠡᠢ ᠴᠠᠬᠢᠯᠭᠠᠨ ᠥᠷᠲᠡᠭᠡᠨ ︵民安旗无线电台︶ ᠤ ᠳᠠᠷᠤᠭ᠎ᠠ ᠶᠢᠨ ᠳᠣᠰᠢᠶᠠᠯ ᠳᠤ ᠲᠣᠮᠢᠯᠠᠭᠳᠠᠨ ᠠᠵᠢᠯᠯᠠᠭᠰᠠᠨ ᠪᠠᠶᠢᠨ᠎ᠠ᠃ ᠡᠶᠢᠮᠦ  ᠠᠴᠠ ᠪᠠᠲᠤ ᠶᠢ ᠪᠠ᠊· ᠳᠠᠶᠢᠵᠠᠩ ︵巴台长︶ ᠭᠡᠵᠦ ᠳᠠᠭᠤᠳᠠᠳᠠᠭ ᠪᠣᠯᠵᠠᠢ᠃1945 ᠣᠨ ᠤ ᠡᠪᠦᠯ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠤᠯᠪᠣᠭᠠᠲᠤ ᠬᠤᠷᠠᠯ ᠠᠴᠠ ᠰᠤ᠋ ᠵᠢᠶᠠᠨ ᠰᠢᠶᠤᠤ ᠺᠠᠳ᠋ᠷ ᠴᠠᠬᠠᠷ ᠨᠣᠲᠤᠭ ᠲᠤ ᠢᠷᠡᠵᠦ᠂ ᠠᠷᠠᠳᠴᠢᠯᠠᠭᠰᠠᠨ ᠬᠤᠪᠢᠰᠬᠠᠯ ᠤᠨ ᠠᠵᠢᠯ ᠢ ᠥᠷᠨᠢᠭᠦᠯᠬᠦ ᠦᠶ᠎ᠡ ᠳᠤ ᠪᠠᠲᠤ ᠠᠷᠠᠳᠴᠢᠯᠠᠭᠰᠠᠨ ᠬᠤᠪᠢᠰᠬᠠᠯ ᠤᠨ ᠶᠣᠰᠤ ᠣᠴᠢᠷ ᠪᠠ ᠥᠪᠦᠷ ᠮᠣᠩᠭᠤᠯ ᠤᠨ ᠥᠪᠡᠷᠲᠡᠭᠡᠨ ᠵᠠᠰᠠᠬᠤ ᠶᠢ ᠡᠷᠡᠰ ᠢᠶᠠᠷ ᠬᠦᠷᠢᠶᠡᠯᠡᠨ ᠬᠤᠪᠢᠰᠬᠠᠯ ᠤᠨ ᠠᠵᠢᠯ ᠳᠤ ᠡᠯᠰᠡᠭᠳᠡᠨ ᠣᠷᠣᠭᠰᠠᠨ ᠪᠠᠶᠢᠨ᠎ᠠ᠃          1946 ᠣᠨ ᠤ 2 ᠰᠠᠷ᠎ᠠ ᠳᠤ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠮᠢᠩᠭᠠᠨ ᠬᠤᠰᠢᠭᠤᠨ ᠤ ᠰᠠᠯᠪᠣᠷᠢ ᠬᠤᠷᠠᠯ ᠪᠠᠶᠢᠭᠤᠯᠣᠭᠳᠠᠬᠤ ᠦᠶ᠎ᠡ ᠳᠤ ᠪᠠᠲᠤ ᠮᠢᠩᠭᠠᠨ ᠬᠤᠰᠢᠭᠤᠨ ᠤ ᠰᠠᠯᠪᠣᠷᠢ ᠬᠤᠷᠠᠯ ᠤᠨ ᠠᠮᠣᠷ ᠢ ᠬᠠᠮᠠᠭᠠᠯᠠᠬᠤ ᠰᠠᠯᠠᠭᠠᠨ ᠳᠠᠷᠤᠭ᠎ᠠ ᠶᠢᠨ ᠳᠣᠰᠢᠶᠠᠯ ᠳᠤ ᠳᠣᠮᠢᠯᠠᠭᠳᠠᠨ ᠠᠷᠪᠠᠨ ᠲᠠᠪᠣᠳᠣᠭᠠᠷ ᠰᠣᠮᠣᠨ ᠤ ᠰᠠᠯᠪᠣᠷᠢ ᠬᠤᠷᠠᠯ ᠤᠨ ᠭᠡᠰᠢᠭᠦᠳ ᠤᠨ ᠵᠢᠵᠢᠭ ᠡᠭᠦᠷ ︵会员小组︶ ᠤᠨ ᠳᠠᠷᠤᠭ᠎ᠠ ᠶᠢᠨ ᠳᠣᠰᠢᠶᠠᠯ ᠢ ᠬᠠᠪᠰᠣᠷᠭᠠᠨ ᠬᠠᠷᠢᠭᠤᠴᠠᠪᠠ᠃           ᠲᠣᠰ ᠵᠢᠯ ᠪᠠᠲᠤ ᠮᠢᠩᠭᠠᠨ ᠬᠤᠰᠢᠭᠤᠨ ᠤ ᠳᠠᠷᠤᠭ᠎ᠠ ᠶᠢᠨ ᠳᠣᠰᠢᠶᠠᠯ ᠳᠤ ᠳᠣᠮᠢᠯᠠᠭᠳᠠᠪᠠ᠃          1946 ᠣᠨ ᠤ ᠨᠠᠮᠣᠷ ᠵᠢᠶᠠᠩ ᠵᠢᠶᠧ ᠱᠢ ᠡᠪ ᠬᠠᠮᠲᠤ ᠨᠠᠮ ᠤᠨ ᠡᠰᠡᠷᠬᠦ ᠳᠣᠲᠣᠭᠠᠳᠤ ᠶᠢᠨ ᠳᠠᠶᠢᠨ ᠢ ᠳᠡᠭᠳᠡᠭᠡᠵᠦ᠂ ᠳᠠᠶᠢᠨ ᠤ ᠭᠠᠯ ᠳᠦᠷᠡᠯᠵᠡᠵᠦ᠂ ᠳᠠᠷᠢ ᠶᠢᠨ ᠣᠳᠤᠭ᠎ᠠ ᠮᠠᠨᠠᠷᠠᠭᠰᠠᠨ ᠴᠢᠯᠦᠭᠡᠯᠡᠬᠦ ᠳᠠᠶᠢᠨ ᠤ ᠣᠷᠤᠭ᠎ᠠ ᠪᠣᠰᠬᠠᠭ᠎ᠠ ᠣᠨ ᠵᠢᠯ ᠤᠳ ᠲᠤ ᠮᠢᠩᠭᠠᠨ ᠬᠤᠰᠢᠭᠤᠨ ᠤ ᠠᠷᠠᠳᠴᠢᠯᠠᠭᠰᠠᠨ ᠵᠠᠰᠠᠭ ᠤᠨ ᠣᠷᠳᠣᠨ ᠤ ᠳᠠᠷᠤᠭ᠎ᠠ ᠶᠢᠨ ᠳᠣᠰᠢᠶᠠᠯ ᠢ ᠬᠠᠷᠢᠭᠤᠴᠠᠭᠰᠠᠨ ᠪᠠᠲᠤ ᠲᠤᠭ ᠲᠡᠮᠳᠡᠭ ᠳᠣᠳᠣᠷᠬᠠᠢ ᠪᠠᠶᠢᠵᠤ᠂ ᠡᠪ ᠬᠠᠮᠲᠤ ᠨᠠᠮ ᠪᠠ ᠥᠪᠡᠷᠲᠡᠭᠡᠨ ᠵᠠᠰᠠᠬᠤ ᠬᠤᠯᠪᠣᠭᠠᠲᠤ ᠬᠤᠷᠠᠯ ᠤᠨ ᠣᠳᠣᠷᠢᠳᠣᠯᠭ᠎ᠠ ᠶᠢᠨ ᠳᠣᠣᠷ᠎ᠠ ᠮᠢᠩᠭᠠᠨ ᠬᠤᠰᠢᠭᠤᠨ ᠤ ᠡᠯ᠎ᠡ ᠡᠲᠡᠭᠡᠳ ᠤᠨ ᠬᠦᠮᠦᠰ ᠲᠠᠢ ᠨᠢᠭᠲᠠ ᠪᠥᠯᠬᠦᠮᠳᠡᠨ᠂ ᠣᠯᠠᠨ ᠲᠥᠮᠡᠨ ᠢ ᠳᠠᠶᠢᠴᠢᠯᠠᠨ᠂ ᠨᠢᠭᠡ ᠰᠡᠳᠬᠢᠯ ᠨᠡᠶᠢᠲᠡ ᠶᠢᠨ ᠬᠦᠴᠦᠨ ᠢᠶᠠᠷ 11᠂ 16 ᠳ᠋ᠣᠭᠠᠷ ᠳ᠋ᠢᠸᠢᠽᠢ ᠪᠠ 80 ᠳ᠋ᠣᠭᠠᠷ ᠬᠤᠷᠢᠶ᠎ᠠ ᠪᠠᠨ ᠡᠷᠡᠰ ᠳᠡᠮᠵᠢᠨ ᠨᠣᠲᠤᠭ ᠤᠨ ᠣᠷᠪᠠᠳᠠᠯ ᠬᠢᠭᠡᠳ ᠭᠤᠮᠢᠨᠳᠠᠩ ᠤᠨ ᠣᠳᠠᠭ᠎ᠠ ᠳᠠᠷᠠᠭ᠎ᠠ ᠶᠢᠨ ᠳᠠᠭᠠᠷᠢᠯᠲᠠ ᠪᠣᠯᠣᠨ ᠡᠪᠳᠡᠯᠭᠡ ᠲᠦᠢᠪᠡᠭᠡᠯᠭᠡ ᠶᠢ ᠪᠣᠲᠠ ᠨᠢᠷᠭᠡᠵᠦ᠂ ᠴᠠᠬᠠᠷ  ᠤᠨ ᠴᠢᠯᠦᠭᠡᠯᠡᠭᠳᠡᠭᠰᠡᠨ ᠣᠷᠣᠨ ᠢ ᠬᠠᠮᠠᠭᠠᠯᠠᠬᠤ ᠪᠠ ᠮᠢᠩᠭᠠᠨ ᠬᠤᠰᠢᠭᠤ ᠪᠠᠨ ᠳᠣᠭᠲᠠᠪᠣᠷᠢ ᠲᠠᠢ ᠪᠠᠶᠢᠯᠭᠠᠬᠤ ᠳᠤ ᠪᠠᠯᠠᠷᠠᠰᠢ ᠦᠭᠡᠢ ᠭᠠᠪᠢᠶ᠎ᠠ ᠵᠢᠳᠭᠦᠯ ᠦᠵᠡᠭᠦᠯᠦᠭᠰᠡᠨ ᠪᠠᠶᠢᠨ᠎ᠠ᠃          1948 ᠣᠨ ᠤ ᠨᠠᠮᠣᠷ ᠪᠥᠬᠦ ᠬᠤᠰᠢᠭᠤᠨ ᠤ ᠮᠠᠯ ᠠᠵᠤ ᠠᠬᠤᠢ ᠶᠢᠨ ᠥᠭᠡᠷᠡᠴᠢᠯᠡᠯᠲᠡ ᠶᠢᠨ ᠬᠥᠳᠡᠯᠭᠡᠭᠡᠨ ᠥᠩᠭᠡᠷᠡᠭᠰᠡᠨ ᠤ ᠳᠠᠷᠠᠭ᠎ᠠ᠂ ᠮᠢᠩᠭᠠᠨ ᠬᠤᠰᠢᠭᠤᠨ ᠤ ᠮᠠᠯᠴᠢᠨ ᠠᠷᠠᠳ ᠤᠨ ᠭᠡᠰᠢᠭᠦᠳ ᠤᠨ ᠬᠤᠷᠠᠯ ᠪᠠᠶᠢᠭᠤᠯᠣᠭᠳᠠᠬᠤ ᠦᠶ᠎ᠡ ᠳᠤ ᠪᠠᠲᠤ ᠶᠢ ᠮᠢᠩᠭᠠᠨ ᠬᠤᠰᠢᠭᠤᠨ ᠤ ᠳᠡᠳ᠋ ᠳᠠᠷᠤᠭ᠎ᠠ ᠪᠠᠷ ᠲᠣᠮᠢᠯᠠᠭᠰᠠᠨ ᠪᠠᠶᠢᠨ᠎ᠠ᠃          1949 ᠣᠨ ᠤ 3 ᠰᠠᠷ᠎ᠠ ᠳᠤ ᠪᠠᠲᠤ ᠶᠢ ᠮᠢᠩᠭᠠᠨ ᠲᠠᠶᠢᠹᠦᠰᠧ ᠪᠠᠷᠠᠭᠤᠨ ᠭᠠᠷ ᠬᠤᠯᠪᠣᠭᠠᠲᠤ ᠬᠤᠰᠢᠭᠤᠨ ᠤ ᠳᠡᠳ᠋ ᠳᠠᠷᠤᠭ᠎ᠠ ᠪᠠᠷ ᠲᠣᠮᠢᠯᠠᠵᠤ᠂ ᠨᠠᠷᠢᠨ ᠪᠢᠴᠢᠭ ᠤᠨ ᠰᠠᠯᠠᠭᠠᠨ ᠳᠠᠷᠤᠭ᠎ᠠ ᠶᠢᠨ ᠳᠣᠰᠢᠶᠠᠯ ᠢ ᠬᠠᠪᠰᠣᠷᠭᠠᠨ ᠬᠠᠷᠢᠭᠤᠴᠠᠭᠤᠯᠪᠠ᠃ ᠳᠣᠬᠠᠢ ᠶᠢᠨ ᠦᠶ᠎ᠡ ᠳᠤ ᠬᠤᠰᠢᠭᠤᠨ ᠤ ᠵᠠᠷᠢᠮ ᠣᠳᠣᠷᠢᠳᠣᠯᠭ᠎ᠠ ᠪᠠ ᠵᠡᠭᠦᠨ ᠤ ᠦᠵᠡᠯ ᠲᠠᠢ ᠬᠦᠮᠦᠰ ᠪᠠᠲᠤ ᠶᠢ ᠨᠠᠮ ᠤᠨ ᠭᠠᠳᠠᠨᠠᠬᠢ ᠳᠠᠷᠤᠭ᠎ᠠ᠂ ᠬᠠᠭᠤᠴᠢᠨ ᠰᠡᠬᠡᠭᠡᠲᠡᠨ᠂ ᠳᠠᠶᠢᠵᠠᠩ ᠨᠣᠶᠠᠨ ᠭᠡᠵᠦ ᠭᠠᠳᠠᠭᠤᠷᠴᠢᠯᠠᠬᠤ ᠮᠠᠶ᠋ᠢᠭ ᠲᠠᠢ ᠦᠵᠡᠭᠳᠡᠯ ᠭᠠᠷᠴᠤ ᠪᠠᠶᠢᠭᠰᠠᠨ ᠪᠣᠯᠬᠤᠷ ᠪᠠᠲᠤ ᠣᠷᠲᠤ ᠶᠢᠨ ᠴᠢᠯᠦᠭᠡ ᠠᠪᠴᠤ᠂ 1950 ᠣᠨ ᠤ 5 ᠰᠠᠷ᠎ᠠ ᠳᠤ ᠳᠡᠭᠡᠳᠦ ᠱᠠᠲᠣᠨ ᠤ ᠵᠦᠪᠰᠢᠶᠡᠷᠡᠯ ᠢ ᠣᠯᠵᠤ ᠭᠡᠷ ᠲᠡᠭᠡᠨ ᠬᠠᠷᠢᠵᠤ ᠮᠠᠯ ᠢᠶᠠᠨ ᠮᠠᠯᠵᠢᠨ ᠰᠠᠭᠤᠭᠰᠠᠨ ᠪᠠᠶᠢᠨ᠎ᠠ᠃          1953 ᠣᠨ ᠳᠤ ᠮᠢᠩᠭᠠᠨ ᠲᠠᠶᠢᠹᠦᠰᠧ ᠪᠠᠷᠠᠭᠤᠨ ᠭᠠᠷ ᠬᠤᠯᠪᠣᠭᠠᠲᠤ ᠬᠤᠰᠢᠭᠤᠨ ᠤ ᠠᠷᠠᠳ ᠤᠨ ᠲᠥᠯᠦᠭᠡᠯᠡᠭᠴᠢ᠂ ᠴᠠᠬᠠᠷ ᠴᠢᠭᠤᠯᠭᠠᠨ ᠤ ᠠᠷᠠᠳ ᠤᠨ ᠲᠥᠯᠦᠭᠡᠯᠡᠭᠴᠢᠳ ᠢᠶᠠᠷ ᠣᠷᠢᠳ ᠬᠤᠵᠢᠳ ᠰᠣᠩᠭᠤᠭᠳᠠᠪᠠ᠃          1958 ᠣᠨ ᠳᠤ ᠰᠢᠯᠢ ᠶᠢᠨ ᠭᠤᠣᠯ ᠠᠶᠢᠮᠠᠭ ᠤᠨ ᠣᠯᠣᠰ ᠲᠥᠷᠦ ᠶᠢᠨ ᠵᠥᠪᠯᠡᠯᠭᠡᠨ ᠤ ᠬᠡᠰᠢᠭᠦᠨ  ᠢᠶᠠᠷ ᠰᠣᠩᠭᠤᠭᠳᠠᠭᠰᠠᠨ ᠪᠠᠶᠢᠨ᠎ᠠ᠃          1966 ᠣᠨ ᠳᠤ ᠰᠣᠶᠣᠯ ᠤᠨ ᠬᠤᠪᠢᠰᠬᠠᠯ ᠡᠬᠢᠯᠡᠩᠭᠦᠲᠡ ᠪᠠᠲᠤ ᠶᠢ ᠶᠠᠭᠤᠨ ᠤ ︽ᠮᠣᠩᠭᠤᠯ ᠤᠨ ᠵᠠᠰᠠᠪᠣᠷᠢᠯᠠᠬᠤ ᠦᠵᠡᠯᠲᠡᠨ ᠤ ᠲᠠᠩᠨᠠᠭᠤᠯ︾᠂ ︽ᠴᠢᠳᠬᠦᠷ ᠰᠢᠮᠨᠤ︾᠂ ︽ᠣᠳᠤ ᠪᠠᠷ ᠢᠶᠠᠨ ᠬᠥᠳᠡᠯᠭᠡᠭᠡᠨ ᠲᠠᠢ ᠨᠠᠮ ᠨᠡᠶᠢᠭᠡᠮ ᠵᠢᠷᠣᠮ ᠢ ᠡᠰᠡᠷᠭᠦᠴᠡᠭᠴᠢ︾᠂ ︽ᠭᠡᠷ ᠤᠨ ᠭᠠᠷᠣᠯ ᠢᠶᠠᠨ ᠨᠢᠭᠤᠭᠰᠠᠨ ᠮᠠᠯ ᠤᠨ ᠡᠵᠡᠨ︾ ᠵᠡᠷᠭᠡ ᠵᠦᠢᠯ ᠵᠢᠰᠦᠮ ᠤᠨ ᠮᠠᠯᠠᠭᠠᠢ ᠵᠡᠭᠦᠯᠭᠡᠵᠦ᠂ ᠴᠢᠷᠴᠦ ᠲᠡᠮᠡᠴᠡᠨ ᠡᠬᠢᠯᠡᠭᠰᠡᠨ ᠪᠠᠶᠢᠨ᠎ᠠ᠃          1968 ᠣᠨ ᠤ ᠵᠣᠨ ᠭᠡᠷ ᠤᠨ ᠪᠣᠢ ᠪᠥᠬᠦᠢ ᠡᠳ᠋ ᠬᠥᠷᠦᠩᠭᠡ ᠪᠣᠯᠣᠨ ᠬᠤᠪᠢᠨ ᠳᠠᠭᠠᠨ ᠦᠯᠡᠳᠡᠭᠡᠭᠰᠡᠨ ᠮᠠᠯ ᠢ ᠨᠢ ᠴᠥᠮ ᠬᠤᠷᠢᠶᠠᠵᠤ᠂ ᠰᠠᠭᠤᠵᠤ ᠪᠠᠶᠢᠭᠰᠠᠨ ᠬᠤᠶᠠᠷ ᠳᠠᠰᠣᠯᠭ᠎ᠠ ᠰᠢᠪᠠᠷ ᠪᠠᠶᠢᠰᠢᠩ ᠢ ᠨᠢ ᠪᠣᠯᠢᠶᠠᠨ ᠠᠪᠴᠤ ᠭᠡᠷ ᠠᠴᠠ ᠨᠢ ᠬᠥᠭᠡᠭᠡᠨ ᠭᠠᠷᠭᠠᠭᠰᠠᠨ ᠲᠣᠯᠠ ᠲᠥᠯ ᠤᠨ ᠪᠥᠬᠦᠭᠡ ᠳᠤ ᠬᠡᠳᠦᠨ ᠰᠠᠷ᠎ᠠ ᠰᠠᠭᠤᠵᠤ᠂ ᠡᠪᠦᠯ ᠪᠣᠯᠬᠤ  ᠳᠤ᠂ ᠨᠢᠭᠡ ᠳᠠᠯᠠᠩ ᠠᠷᠭᠠᠯ ᠢᠶᠠᠷ ᠢᠶᠠᠨ ᠨᠢᠭᠡ ᠰᠢᠪᠠᠷ ᠪᠥᠬᠦᠭᠡ ᠰᠣᠯᠢᠵᠤ ᠠᠪᠣᠭᠠᠳ ᠡᠪᠦᠯ ᠤᠨ ᠬᠦᠢᠲᠡᠨ ᠢ ᠥᠩᠭᠡᠷᠡᠭᠦᠯᠵᠦ ᠪᠠᠶᠢᠪᠠ᠃ ᠬᠥᠳᠡᠯᠭᠡᠭᠡᠨ ᠤ ᠳᠣᠮᠲᠠ ᠣᠷᠳᠤ ᠣᠳᠠᠭᠠᠨ ᠬᠤᠭᠤᠴᠠᠭᠠᠨ ᠤ ᠳᠣᠲᠣᠷ᠎ᠠ ᠲᠤᠭ᠎ᠠ ᠳᠣᠮᠰᠢ ᠦᠭᠡᠢ ᠣᠯᠠᠨ ᠣᠳᠠᠭ᠎ᠠ ᠥᠴᠢᠭᠯᠡᠭᠦᠯᠦᠨ ᠰᠢᠬᠠᠵᠤ᠂ ᠡᠯᠳᠡᠪ ᠵᠦᠢᠯ ᠤᠨ ᠬᠠᠷᠭᠢᠰ ᠬᠠᠲᠠᠭᠤ ᠬᠦᠨᠳᠦ ᠡᠷᠡᠭᠦᠦ ᠲᠣᠯᠭᠠᠨ ᠲᠠᠮᠣᠯᠠᠵᠤ ᠰᠢᠷᠬᠠᠳᠣᠭᠤᠯᠣᠨ ᠪᠡᠶ᠎ᠡ ᠮᠠᠬᠠᠪᠣᠳ ᠢ ᠨᠢ ᠭᠡᠮᠲᠦᠭᠡᠵᠦ᠂ ᠡᠪᠡᠳᠴᠢᠨ ᠭᠡᠮ ᠣᠯᠭᠤᠭᠰᠠᠨ ᠤ ᠵᠡᠷᠭᠡᠴᠡᠭᠡ ᠪᠠᠷ ᠬᠦᠨᠳᠦ ᠬᠥᠳᠡᠯᠮᠦᠷᠢ ᠬᠢᠯᠭᠡᠨ ᠬᠤᠪᠢ ᠨᠣᠷᠮ᠎ᠠ ᠶᠢ ᠨᠢ ᠪᠠᠭ᠎ᠠ ᠲᠡᠮᠳᠡᠭᠯᠡᠨ ᠥᠭᠭᠦᠭᠰᠡᠨ ᠠᠴᠠ ᠠᠮᠢᠳᠣᠷᠠᠯ ᠳᠤᠨᠢ ᠲᠣᠶᠢᠯ ᠤᠨ ᠶᠡᠭᠡ ᠬᠦᠴᠢᠷᠳᠡᠯ ᠲᠣᠯᠭᠠᠷᠠᠨ ᠪᠥᠬᠦ ᠭᠡᠷ ᠢᠶᠠᠷ ᠢᠶᠠᠨ ᠬᠡᠭᠡᠷ᠎ᠡ ᠶᠢᠨ ᠨᠣᠭᠤᠭ᠎ᠠ ᠲᠡᠭᠦᠵᠦ ᠢᠳᠡᠨ᠂  ᠰᠢᠷ᠎ᠠ ᠡᠳᠦᠷ᠂ ᠪᠣᠷᠤ ᠬᠤᠨᠤᠭ ᠢ ᠥᠩᠭᠡᠷᠡᠭᠦᠯᠵᠦ ᠪᠠᠶᠢᠭᠰᠠᠨ ᠣᠳᠠᠭ᠎ᠠ ᠣᠯᠠᠨ ᠭᠠᠷᠴᠠᠢ᠃ ᠡᠨᠡ ᠪᠠᠶᠢᠳᠠᠯ ᠢ ᠪᠠᠲᠤ ᠶᠢᠨ ᠬᠥᠪᠡᠭᠦᠨ ᠣᠷᠲᠣᠨᠠᠰᠣᠨ ᠳᠡᠭᠡᠭᠰᠢ ᠮᠡᠳᠡᠭᠦᠯᠦᠨ ᠵᠠᠭᠠᠯᠳᠣᠭᠰᠠᠨ ᠪᠣᠯᠪᠠᠴᠤ ᠳᠣᠰᠠ ᠪᠣᠯᠣᠭᠰᠠᠨ ᠦᠭᠡᠢ ᠮᠥᠷᠲᠡᠭᠡᠨ ᠬᠠᠷᠢᠨ ᠣᠷᠳᠤᠨᠠᠰᠣᠨ ᠢ ᠪᠠᠷᠠᠭᠤᠨ ᠤ ᠬᠡᠷᠡᠭ ᠣᠷᠪᠠᠭᠤᠯᠣᠭᠰᠠᠨ ᠶᠠᠯ᠎ᠠ ᠳᠤ ᠣᠷᠣᠭᠤᠯᠵᠤ ᠵᠢᠷᠭᠤᠭᠠᠨ ᠵᠢᠯ ᠭᠠᠷᠣᠢ ᠳᠠᠷᠣᠩᠭᠤᠶᠢᠯᠠᠨ ᠲᠡᠮᠡᠴᠡᠭᠰᠡᠨ ᠪᠠᠶᠢᠨ᠎ᠠ᠃           ᠪᠠᠲᠤ ᠣᠳᠠᠭᠠᠨ ᠡᠳᠦᠷ ᠳᠣᠰᠠᠭᠠᠷᠯᠠᠨ ᠬᠤᠷᠢᠭᠳᠠᠵᠤ ᠬᠦᠨᠳᠦ ᠬᠥᠳᠡᠯᠮᠦᠷᠢ ᠬᠢᠵᠦ ᠬᠠᠯᠠ ᠲᠠᠮᠤ ᠠᠮᠰᠠᠵᠤ ᠡᠪᠡᠳᠴᠢᠨ ᠡᠮᠬᠡᠭ ᠣᠯᠵᠤ᠂ 1970 ᠣᠨ ᠳᠤ ᠵᠠᠪᠰᠢᠶᠠᠨ ᠪᠣᠰᠤ ᠨᠠᠰᠤ ᠪᠠᠷᠠᠭᠰᠠᠨ ᠪᠠᠶᠢᠨ᠎ᠠ᠃ ᠦᠬᠦᠭᠰᠡᠨ ᠤ ᠬᠢᠨᠢ ᠭᠤᠷᠪᠠᠨ ᠬᠤᠨᠤᠭ ᠤᠨ ᠳᠠᠷᠠᠭ᠎ᠠ ︽ᠪᠠᠲᠤ ᠦᠬᠦᠭᠰᠡᠨ ᠢᠶᠠᠷ ᠣᠪᠯᠠᠵᠤ ᠠᠷᠤ ᠮᠣᠩᠭᠤᠯ ᠳᠤ ᠳᠣᠲᠠᠭᠠᠭᠰᠠᠨ ᠮᠠᠭᠠᠳ ᠦᠭᠡᠢ︾ ᠭᠡᠵᠦ ᠪᠠᠷᠢᠭᠠᠳᠠ ᠶᠢᠨ ᠣᠯᠠᠭᠠᠨ ᠬᠤᠪᠢᠰᠬᠠᠯᠴᠢᠳ ᠪᠣᠯᠠᠭᠰᠠᠨ ᠬᠡᠭᠦᠷ ᠢ ᠨᠢ ᠠᠭᠤᠳᠠᠯᠵᠤ ᠦᠵᠡᠭᠰᠡᠨ ᠪᠠᠶᠢᠨ᠎ᠠ᠃          1999 ᠣᠨ ᠳᠤ ᠪᠣᠱᠣᠣᠳᠠᠢ ᠨᠢᠭᠡᠳᠦᠯ ᠠᠴᠠ ᠪᠠᠲᠤ ᠶᠢᠨ ᠬᠢᠯᠢᠰ ᠪᠣᠷᠣᠭᠤ ᠬᠡᠷᠡᠭ ᠢ ᠲᠣᠶᠢᠯᠪᠣᠷᠢᠲᠠᠢ ᠴᠠᠭᠠᠳᠬᠠᠵᠤ ᠨᠡᠷ᠎ᠡ ᠬᠦᠨᠳᠦ ᠶᠢ ᠨᠢ ᠰᠡᠷᠭᠦᠭᠡᠭᠰᠡᠨ ᠪᠠᠶᠢᠨ᠎ᠠ᠃           ᠪᠠᠲᠤ᠂ 2004 ᠣᠨ ᠳᠤ ︽ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ︾ ᠳᠤ ᠲᠡᠮᠳᠡᠭᠯᠡᠭᠳᠡᠵᠡᠢ᠃          ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号