ᠰᠡᠴᠡᠨᠪᠠᠭᠠᠲᠣᠷ᠂ 1961 ᠣᠨ ᠤ 3 ᠰᠠᠷ᠎ᠠ ᠳᠤ᠂ ᠰᠢᠯᠣᠭᠤᠨ ᠬᠥᠬᠡ ᠬᠤᠰᠢᠭᠤ ᠨᠣᠲᠤᠭ ᠲᠠᠢ | ᠪᠠᠯᠵᠢᠨᠢᠮ᠎ᠠ ᠷᠠᠰᠢᠮᠠ ᠶᠢᠨ ᠬᠦᠦ ᠪᠣᠯᠵᠤ ᠵᠠᠶᠠᠭᠠᠵᠠᠢ᠃ ᠲᠡᠷᠡ ᠪᠠᠷ 1976 ᠣᠨ ᠳᠤ ᠰᠢᠯᠢ ᠶᠢᠨ ᠭᠤᠣᠯ ᠠᠶᠢᠮᠠᠭ | ᠤᠨ ᠣᠷᠠᠨ ᠰᠠᠶᠢᠬᠠᠨ ᠤ ᠬᠥᠭᠵᠢᠮ ᠤᠨ ᠠᠩᠭᠢ ᠳᠤ ᠯᠢᠩᠪᠣᠴᠢᠨ ᠢᠶᠠᠷ ᠡᠯᠰᠡᠭᠳᠡᠵᠦ᠂ 1982 ᠣᠨ ᠳᠤ ᠥᠪᠦᠷ | ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠪᠠᠨ ᠲᠡᠭᠦᠰᠦᠭᠡᠳ ᠥᠪᠦᠷ ᠮᠣᠩᠭᠤᠯ ᠤᠨ ᠷᠠᠳᠢᠤ᠋ ᠲᠧᠯᠸᠢᠰ ᠣᠷᠠᠯᠢᠭ | ᠤᠨ ᠪᠥᠯᠬᠦᠮ ᠳᠤ ᠠᠵᠢᠯᠯᠠᠭᠠᠳ ᠡᠳᠦᠭᠡ ᠪᠣᠯᠵᠤ ᠪᠠᠶᠢᠨ᠎ᠠ᠃ | ᠰᠡᠴᠡᠨᠪᠠᠭᠠᠲᠣᠷ ᠤᠨ ᠳᠠᠭᠤᠯᠠᠭᠰᠠᠨ ︽ᠠᠷᠣ ᠭᠡᠷ ᠲᠡᠭᠡᠨ ᠵᠠᠬᠢᠳᠠᠯ ᠪᠢᠴᠢᠯ᠎ᠡ ᠪᠢ︾ ᠭᠡᠳᠡᠭ ᠳᠠᠭᠤᠤ ᠨᠢ ᠮᠣᠩᠭᠤᠯ | ᠣᠷᠣᠨ ᠢᠶᠠᠷ ᠥᠷᠭᠡᠨ ᠳᠠᠷᠬᠠᠵᠤ ᠵᠠᠯᠠᠭᠤ ᠪᠠᠭᠠᠴᠣᠳ ᠤᠨ ᠬᠠᠶᠢᠷᠠᠲᠠᠢ ᠳᠠᠭᠤᠤ ᠪᠣᠯᠣᠨ ᠳᠡᠯᠭᠡᠷᠡᠵᠡᠢ᠃ ᠲᠣᠰ | ᠳᠠᠭᠤᠤ ᠶᠢ 1985 ᠣᠨ ᠳᠤ ᠥᠪᠦᠷ ᠮᠣᠩᠭᠤᠯ ᠤᠨ ᠷᠠᠳᠢᠣ᠋ ᠬᠤᠷᠢᠶ᠎ᠠ ᠨᠡᠪᠲᠡᠷᠡᠭᠦᠯᠵᠦ᠂ ︽ᠲᠠᠯ᠎ᠠ ᠨᠣᠲᠤᠭ ᠤᠨ | ᠳᠠᠭᠤᠯᠠᠯ︾ ᠰᠡᠳᠬᠦᠯ ᠳᠤ ᠨᠡᠶᠢᠲᠡᠯᠡᠨ᠂ ᠣᠯᠠᠨ ᠬᠦᠮᠦᠨ ᠤ ᠳᠠᠭᠤᠤ ᠶᠢᠨ ᠡᠮᠬᠢᠳᠬᠡᠯ ︽ᠴᠠᠭᠠᠨ ᠰᠠᠷᠠᠯ ᠮᠣᠷᠢ︾ | ᠰᠣᠷᠢᠨᠵᠢᠨ ᠪᠢᠴᠢᠯᠭᠡ ᠳᠤ ᠰᠣᠩᠭᠤᠨ ᠣᠷᠣᠭᠤᠯᠣᠭᠰᠠᠨ ᠪᠥᠭᠡᠳ ᠥᠪᠦᠷ ᠮᠣᠩᠭᠤᠯ ᠤᠨ ᠶᠢᠰᠦᠨ ᠵᠢᠯ ᠤᠨ | ᠳᠦᠷᠢᠮᠲᠦ ᠳᠣᠮᠳᠠᠳᠤ ᠰᠣᠷᠭᠠᠭᠤᠯᠢ ᠶᠢᠨ ︽ᠳᠠᠭᠤᠤ ᠬᠥᠭᠵᠢᠮ ᠤᠨ ᠰᠣᠨᠢᠷᠬᠠᠯ︾ ᠬᠢᠴᠢᠶᠡᠯ ᠤᠨ ᠨᠣᠮ ᠳᠤ ᠰᠢᠯᠢᠨ | ᠣᠷᠣᠭᠤᠯᠣᠭᠰᠠᠨ ᠠᠴᠠ ᠲᠣᠰ ᠳᠠᠭᠤᠤ ᠨᠢ ᠪᠥᠬᠦ ᠣᠷᠣᠨ ᠤ ᠵᠢᠭᠠᠬᠤ ᠮᠠᠲ᠋ᠧᠷᠢᠶᠠᠯ ᠤᠨ ᠠᠭᠤᠯᠭ᠎ᠠ ᠪᠣᠯᠣᠨ | ᠲᠥᠭᠡᠮᠡᠯᠵᠢᠵᠡᠢ᠃ | ᠠᠷᠤ ᠭᠡᠷ ᠲᠡᠭᠡᠨ ᠵᠠᠬᠢᠳᠠᠯ ᠪᠢᠴᠢᠯ᠎ᠡ ᠪᠢ | ᠦᠭᠡ᠄ ᠸ᠊ · ᠴᠢᠮᠡᠳ | ᠠᠶ᠎ᠠ᠄ ᠣ · ᠪᠦᠷᠭᠦᠳ | ᠲᠠᠭᠤᠴᠢᠨ᠄ ᠪᠠ᠊ · ᠰᠠᠴᠡᠨᠪᠠᠭᠠᠳᠣᠷ | ᠰᠠᠨᠰᠠᠷ ᠤᠨ ᠲᠣᠷᠭᠠᠨ ᠬᠤᠷᠮᠣᠢ ᠳᠤ | ᠰᠠᠶᠢᠬᠠᠨ ᠬᠠᠨ ᠮᠢᠨᠢ ᠰᠦᠭᠯᠡᠶᠢᠨ ᠪᠠᠶᠢᠭ᠎ᠠ | ᠰᠠᠶᠢᠬᠠᠨ ᠬᠠᠨ ᠤ ᠬᠤᠷᠮᠣᠢ ᠳᠤ | ᠰᠢᠨᠡᠬᠡᠨ ᠭᠡᠷ ᠮᠢᠨᠢ ᠴᠠᠶᠢᠯᠵᠠᠨ ᠪᠠᠶᠢᠭ᠎ᠠ | ᠠᠲᠠᠷ ᠤᠨ ᠨᠣᠭᠤᠭ᠎ᠠ ᠰᠡᠩᠭᠢᠨᠡᠬᠦ ᠬᠠᠪᠤᠷ | ᠠᠷᠤ ᠭᠡᠷ ᠲᠡᠭᠡᠨ ᠵᠠᠬᠢᠳᠠᠯ ᠪᠢᠴᠢᠯ᠎ᠡ ᠪᠢ | ᠠᠮᠢᠳᠣ ᠶᠢᠨ ᠪᠣᠷᠬᠠᠨ ᠠᠪᠤ ᠡ | ᠠᠵᠠᠢ ᠪᠤᠭᠤᠷᠤᠯ ᠡᠵᠢ ᠡ | ᠲᠦᠭᠦᠰᠢ ᠪᠠᠨ ᠲᠤᠯᠤᠭᠠᠳ ᠰᠠᠭᠤᠬᠤ ᠳᠤ | ᠠᠭᠤᠯᠠᠰ ᠤᠨ ᠪᠠᠷ᠎ᠠ ᠣᠶᠢᠷᠠᠬᠠᠨ ᠪᠠᠶᠢᠭ᠎ᠠ | ᠳᠥᠬᠦᠭᠡᠳ ᠣᠴᠢᠬᠤ ᠰᠡᠳᠬᠢᠯ ᠳᠤ | ᠲᠠᠯ᠎ᠠ ᠶᠢᠨ ᠵᠢᠰᠦ ᠮᠢᠨᠢ ᠢᠯᠡᠬᠡᠨ ᠪᠠᠶᠢᠭ᠎ᠠ | ᠡᠷᠢᠶᠡᠨ ᠴᠡᠴᠡᠭ ᠮᠢᠷᠠᠯᠵᠠᠬᠤ ᠵᠤᠨ | ᠡᠷᠦᠬᠡ ᠭᠡᠷ ᠲᠡᠭᠡᠨ ᠵᠠᠬᠢᠳᠠᠯ ᠪᠢᠴᠢᠯ᠎ᠡ ᠪᠢ | ᠥᠨᠳᠥᠷ ᠨᠠᠰᠤᠲᠠᠢ ᠠᠪᠤ ᠡ | ᠥᠷᠥᠰᠢᠶᠡᠯ ᠶᠡᠬᠡᠲᠡᠢ ᠡᠵᠢ ᠡ᠂ | ᠰᠡᠮᠡᠵᠡᠨ ᠴᠠᠭᠠᠨ ᠡᠭᠦᠯᠡᠰ ᠢ | ᠬᠦᠯᠦᠭᠯᠡᠭᠡᠳ ᠭᠠᠷᠪᠠᠯ ᠦᠢᠷᠬᠠᠨ ᠪᠠᠶᠢᠭ᠎ᠠ | ᠰᠡᠳᠬᠢᠯ ᠤᠨ ᠴᠠᠭᠠᠨ ᠲᠠᠭᠲᠠᠭ᠎ᠠ ᠪᠠᠨ | ᠵᠠᠶᠢᠳᠠᠯᠠᠭᠠᠳ ᠨᠢᠰᠪᠡᠯ ᠡᠨᠡᠭᠦᠭᠡᠨ ᠪᠠᠶᠢᠭ᠎ᠠ | ᠬᠢᠯᠭᠠᠨ᠎ᠠ ᠶᠢᠨ ᠨᠠᠮᠠᠭ᠎ᠠ ᠬᠡᠯᠪᠡᠶᠢᠬᠦ ᠨᠠᠮᠤᠷ | ᠬᠤᠶᠢᠨ᠎ᠠ ᠭᠡᠷ ᠲᠡᠭᠡᠨ ᠵᠠᠬᠢᠳᠠᠯ ᠪᠢᠴᠢᠯ᠎ᠡ ᠪᠢ | ᠬᠠᠶᠢᠷᠬᠠᠨ ᠪᠤᠶᠠᠨᠳᠣ ᠠᠪᠤ ᠡ | ᠬᠠᠶᠢᠷ᠎ᠠ ᠶᠡᠬᠡᠲᠡᠢ ᠡᠵᠢ ᠡ | ᠴᠡᠭᠴᠡᠦᠬᠡᠢ ᠬᠦᠷᠬᠦ ᠦᠭᠡᠢ ᠭᠠᠵᠠᠷ ᠠᠴᠠ | ᠴᠠᠭᠠᠨ ᠮᠣᠷᠢ ᠲᠠᠢ ᠰᠡᠭᠦᠳᠡᠷ ᠢᠶᠠᠨ ᠢᠯᠡᠭᠡᠯ᠎ᠡ | ᠵᠠᠩ ᠰᠠᠶᠢᠲᠠᠢ ᠠᠬ᠎ᠠ ᠪᠡᠷᠭᠡᠨ ᠮᠢᠨᠢ | ᠵᠠᠬᠢᠳᠠᠯ ᠢ ᠮᠢᠨᠢ ᠤᠩᠰᠢᠵᠤ ᠥᠭᠭᠦᠭᠡᠷᠡᠢ | ᠥᠨᠳᠦᠷᠯᠢᠭ ᠤᠨ ᠴᠠᠰᠤ ᠭᠢᠯᠠᠰᠬᠤ ᠡᠪᠦᠯ | ᠥᠯᠥᠭᠡᠢ ᠭᠡᠷ ᠲᠡᠭᠡᠨ ᠵᠠᠬᠢᠳᠠᠯ ᠪᠢᠴᠢᠯ᠎ᠡ ᠪᠢ | ᠦᠨᠳᠦᠷ ᠨᠠᠰᠣᠲᠠᠢ ᠠᠪᠤ ᠡ | ᠦᠷᠦᠰᠢᠶᠡᠯ ᠶᠡᠬᠡᠲᠡᠢ ᠡᠵᠢ ᠡ | | |