ᠢᠳᠠᠮᠵᠠᠪ
ᠨᠡᠶᠢᠲᠡᠯᠡᠭᠰᠡᠨ ᠴᠠᠭ᠄
2020/4/17
     ᠢᠳᠠᠮᠵᠠᠪ᠂ ᠬᠢᠲᠠᠳ ᠨᠡᠷ᠎ᠡ ᠨᠢ ᠮᠧᠩ ᠭᠦᠸᠧ ᠳ᠋ᠦᠩ ︵孟国栋︶᠂ ᠪᠢᠴᠢᠭ ᠤᠨ ᠨᠡᠷ᠎ᠡ ᠨᠢ ᠮᠧᠩ ᠱᠸᠤ ᠹᠦ᠋ ︵孟熟夫︶᠂ 1917 ᠣᠨ ᠤ 8 ᠳ᠋ᠣᠭᠠᠷ ᠰᠠᠷ᠎ᠠ ᠶᠢᠨ 15᠎ ᠳᠤ᠂ ᠴᠠᠬᠠᠷ ᠤᠨ ᠮᠢᠩᠭᠠᠨ ᠬᠤᠰᠢᠭᠤᠨ ᠤ ᠵᠢᠷᠭᠤᠳᠣᠭᠠᠷ ᠰᠣᠮᠣᠨ ᠤ ᠨᠣᠲᠤᠭ ᠲᠤ ᠮᠥᠩᠬᠡᠳᠡᠯᠭᠡᠷ ︵ᠥᠭᠡᠷ᠎ᠡ ᠨᠡᠷ᠎ᠡ ᠨᠢ ᠮᠧᠩ ᠽᠢ ᠢᠦᠢ︶᠂ ᠳ᠋ᠠᠰᠣᠷ ᠤᠨ ᠣᠣᠭᠠᠨ ᠬᠥᠪᠡᠭᠦᠨ ᠪᠣᠯᠣᠨ ᠵᠠᠶᠠᠭᠠᠵᠠᠢ᠃      1925 ᠣᠨ ᠤ 11 ᠰᠠᠷ᠎ᠠ ᠶᠢᠨ 8᠎ ᠳᠤ᠂ ᠳᠠᠷᠣᠢ ᠢᠳᠠᠮᠵᠠᠪ ᠢ ᠨᠠᠢᠮᠠᠨ ᠨᠠᠰᠣᠲᠠᠢ ᠪᠠᠶᠢᠬᠤ ᠳᠤ ᠵᠠᠩ ᠰᠢ ᠶᠣᠸᠠᠨ ᠢᠶᠠᠷ ᠲᠡᠷᠢᠭᠦᠯᠡᠭᠰᠡᠨ 500 ᠢᠯᠡᠭᠦᠦ ᠳᠡᠭᠡᠷᠡᠮ ᠲᠡᠭᠦᠨ ᠤ ᠭᠡᠷ ᠢ ᠳᠡᠭᠡᠷᠡᠮᠳᠡᠵᠦ᠂ ᠲᠡᠭᠦᠨ ᠤ ᠠᠪᠠᠭ᠎ᠠ ᠠᠪᠤ ᠵᠡᠷᠭᠡ 27 ᠨᠠᠷ᠎ᠡ ᠡᠯᠢᠭᠡᠨ ᠲᠥᠷᠦᠯ᠂ ᠠᠬ᠎ᠠ ᠳᠡᠭᠦᠦᠰ ᠢ ᠨᠢ ᠬᠤᠣᠷᠯᠠᠨ ᠠᠯᠠᠭᠰᠠᠨ ᠢᠶᠠᠷ ᠪᠠᠷᠠᠬᠤ ᠦᠭᠡᠢ᠂ ᠭᠡᠷ ᠣᠷᠣᠨ ᠢ ᠨᠢ ᠪᠥᠬᠦᠨ ᠢ ᠭᠠᠯᠳᠠᠭᠰᠠᠨ ᠠᠴᠠ ᠳᠡᠲᠡᠨ ᠤ ᠬᠢᠨ ᠴᠢᠭᠤᠯᠣᠯᠲᠤ ᠬᠠᠭᠠᠯᠭ᠎ᠠ ᠳᠤ ᠪᠠᠶᠢᠬᠤ ᠭᠡᠷ ᠣᠷᠣᠨ ᠎ ᠳᠠᠭᠠᠨ ᠬᠦᠷᠪᠡ᠃      ᠢᠳᠠᠮᠵᠠᠪ ᠴᠢᠭᠤᠯᠣᠯᠲᠤ ᠬᠠᠭᠠᠯᠭ᠎ᠠ ᠳᠠᠬᠢ ᠮᠣᠵᠢ ᠶᠢᠨ ᠨᠢᠭᠡᠳᠦᠭᠡᠷ ᠳᠣᠮᠳᠠᠳᠤ ᠰᠣᠷᠭᠠᠭᠤᠯᠢ ᠪᠠᠨ ᠲᠡᠭᠦᠰᠦᠭᠡᠳ᠂ ᠪᠡᠭᠡᠵᠢᠩ ᠳᠤ ᠬᠦᠷᠴᠦ ᠮᠣᠩᠭᠤᠯ ᠲᠥᠪᠡᠳ ᠤᠨ ᠰᠣᠷᠭᠠᠭᠤᠯᠢ ᠶᠢᠨ ᠳᠡᠭᠡᠳᠦ ᠵᠡᠷᠭᠡ ᠶᠢᠨ ᠳᠣᠮᠳᠠᠳᠤ ᠰᠣᠷᠭᠠᠭᠤᠯᠢ ᠲᠡᠭᠦᠰᠴᠦ᠂ ᠪᠡᠭᠡᠵᠢᠩ ᠶᠡᠭᠡ ᠰᠣᠷᠭᠠᠭᠤᠯᠢ ᠶᠢᠨ ᠬᠠᠣᠯᠢ ᠰᠣᠳᠣᠯᠭ᠎ᠠ ᠶᠢᠨ ᠰᠣᠷᠤᠯᠭ᠎ᠠ ᠶᠢᠨ ᠬᠦᠷᠢᠶᠡᠯᠡᠩ ᠤᠨ ᠣᠯᠣᠰ ᠲᠥᠷᠦ ᠶᠢᠨ ᠰᠠᠯᠪᠣᠷᠢ ᠳᠤ ᠰᠢᠯᠭᠠᠭᠤᠯᠣᠨ ᠣᠷᠣᠵᠤ ᠰᠣᠷᠣᠯᠴᠠᠪᠠ᠃1940 ᠣᠨ ᠤ ᠦᠶ᠎ᠡ ᠪᠠᠷ ᠴᠠᠬᠠᠷ ᠠᠶᠢᠮᠠᠭ ᠤᠨ ᠳᠠᠷᠤᠭ᠎ᠠ ᠵᠣᠳᠪᠠᠵᠠᠪ ᠤᠨ ᠲᠣᠮᠢᠯᠠᠯᠲᠠ ᠪᠠᠷ ᠢᠳᠠᠮᠵᠠᠪ ᠴᠠᠬᠠᠷ ᠠᠶᠢᠮᠠᠭ ᠤᠨ ᠰᠢᠯᠣᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠠᠷᠠᠳ ᠤᠨ ᠶᠠᠪᠣᠳᠠᠯ ᠤᠨ ᠰᠠᠯᠠᠭᠠᠨ ᠳᠠᠷᠤᠭ᠎ᠠ ᠶᠢᠨ ᠳᠣᠰᠢᠶᠠᠯ ᠢ ᠬᠠᠷᠢᠭᠤᠴᠠᠪᠠ᠃ ᠶᠠᠫᠣᠨ ᠪᠠᠭᠤᠵᠤ ᠥᠭᠭᠦᠭᠰᠡᠨ ᠤ ᠳᠠᠷᠠᠭ᠎ᠠ ᠮᠢᠩᠭᠠᠨ ᠬᠤᠰᠢᠭᠤᠨ ᠳᠤ ᠪᠠᠶᠢᠬᠤ ᠭᠡᠷ ᠲᠡᠭᠡᠨ ᠬᠦᠷᠴᠦ ᠲᠦᠷ ᠰᠠᠭᠤᠪᠠ᠃      ᠶᠦᠨ ᠽᠧ ︵ᠣᠯᠠᠭᠠᠨᠬᠦᠦ︶ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠤᠯᠪᠣᠭᠠᠲᠤ ᠬᠤᠷᠠᠯ ᠢ ᠴᠢᠭᠤᠯᠣᠯᠲᠤ ᠬᠠᠭᠠᠯᠭ᠎ᠠ ᠳᠤ ᠪᠠᠶᠢᠭᠤᠯᠵᠤ᠂ ᠴᠧᠨ ᠪᠢᠩ ᠢᠦᠢ᠂ ᠰᠤ᠋ ᠵᠢᠶᠠᠨ ᠰᠢᠶᠣᠤ ᠬᠤᠶᠠᠷ ᠢ ᠲᠣᠮᠢᠯᠠᠨ ᠮᠢᠩᠭᠠᠨ ᠬᠤᠰᠢᠭᠤᠨ ᠳᠤ ᠢᠷᠡᠭᠦᠯᠵᠦ᠂ ᠴᠠᠬᠠᠷ ᠠᠶᠢᠮᠠᠭ ᠤᠨ ᠠᠷᠠᠳ ᠤᠨ ᠲᠥᠯᠦᠭᠡᠯᠡᠭᠴᠢᠳ ᠤᠨ ᠶᠡᠭᠡ ᠬᠤᠷᠠᠯ ᠢ ᠬᠤᠷᠠᠯᠳᠣᠭᠤᠯᠵᠤ ᠢᠳᠠᠮᠵᠠᠪ ᠢ ᠴᠠᠬᠠᠷ ᠠᠶᠢᠮᠠᠭ ᠤᠨ ᠵᠠᠰᠠᠭ ᠤᠨ ᠣᠷᠳᠣᠨ ᠤ ᠭᠡᠰᠢᠭᠦᠨ᠂ ᠡᠳ᠋ ᠤᠨ ᠵᠠᠰᠠᠭ ᠤᠨ ᠭᠠᠵᠠᠷ ᠤᠨ ᠭᠠᠵᠠᠷ ᠤᠨ ᠳᠠᠷᠤᠭ᠎ᠠ ᠪᠠᠷ ᠳᠡᠪᠰᠢᠭᠦᠯᠪᠡ᠃ᠰᠡᠭᠦᠯᠡᠷ ᠨᠢ ᠢᠳᠠᠮᠵᠠᠪ ᠠᠮᠧᠷᠢᠺᠡ ᠶᠢᠨ ᠬᠠᠮᠲᠣᠷᠠᠨ ᠠᠵᠢᠯᠯᠠᠬᠤ ᠱᠠᠰᠢᠨ ᠤ ᠨᠡᠶᠢᠭᠡᠮᠯᠢᠭ ᠤᠨ ᠱᠠᠰᠢᠨ ᠤ ᠬᠤᠷᠠᠯ ᠤᠨ ᠣᠷᠢᠯᠭ᠎ᠠ ᠪᠠᠷ ᠰᠢᠶᠠᠩᠭᠠᠩ ᠳᠤ ᠬᠦᠷᠴᠦ᠂ ᠨᠣᠮ ᠲᠠᠷᠨᠢ ᠶᠢᠨ ᠣᠷᠴᠢᠭᠤᠯᠭ᠎ᠠ ᠶᠢᠨ ᠠᠵᠢᠯ ᠢ ᠬᠠᠷᠢᠭᠤᠴᠠᠪᠠ᠃ ᠵᠢᠯ ᠎ ᠤᠨ ᠳᠠᠷᠠᠭ᠎ᠠ ᠲᠠᠶᠢᠸᠠᠨ ᠳᠤ ᠬᠦᠷᠴᠦ ᠰᠣᠷᠭᠠᠨ ᠬᠦᠮᠦᠵᠢᠯ ᠤᠨ ᠠᠵᠢᠯ ᠢ ᠬᠢᠭᠰᠡᠨ ᠪᠠᠶᠢᠨ᠎ᠠ᠃ 1965 ᠣᠨ ᠳᠤ ᠲᠠᠶᠢᠸᠠᠨ ᠠᠴᠠ ᠠᠮᠧᠷᠢᠺᠡ ᠳᠤ ᠬᠦᠷᠴᠦ᠂ ᠠᠮᠧᠷᠢᠺᠡ ᠣᠯᠣᠰ ᠤᠨ ᠰᠢᠶᠠᠲ ᠬᠤᠲᠠ ᠳᠠᠬᠢ ᠸᠠᠰᠢᠩᠲ᠋ᠣᠨ ᠵᠸᠤ ᠶᠢᠨ ᠶᠡᠭᠡ ᠰᠣᠷᠭᠠᠭᠤᠯᠢ ᠶᠢᠨ ᠠᠯᠣᠰ ᠳᠣᠷᠣᠨ᠎ᠠ ᠶᠢᠨ ᠰᠣᠷᠣᠯᠭ᠎ᠠ ᠶᠢᠨ ᠬᠦᠷᠢᠶᠡᠯᠡᠩ ᠳᠤ ᠪᠠᠭᠰᠢᠯᠠᠪᠠ᠃ ᠪᠣᠰᠣᠳ ᠡᠷᠳᠡᠮᠲᠡᠨ ᠲᠠᠢ ᠬᠤᠷᠰᠢᠨ ᠮᠣᠩᠭᠤᠯ ᠬᠡᠯᠡ ᠪᠢᠴᠢᠭ᠂ ᠣᠷᠴᠢᠨ ᠴᠠᠭ ᠤᠨ ᠮᠣᠩᠭᠤᠯ ᠣᠳᠬ᠎ᠠ ᠵᠣᠬᠢᠶᠠᠯ᠂ ᠲᠡᠦᠬᠡ᠂ ᠣᠯᠣᠰ ᠲᠥᠷᠦ᠂ ᠰᠣᠨᠢᠨ ᠮᠡᠳᠡᠭᠡ᠂ ᠰᠠᠯᠠᠸ᠋ ᠮᠣᠩᠭᠤᠯ ᠦᠰᠦᠭ᠂ ᠮᠣᠩᠭᠤᠯ ᠬᠡᠯᠡᠨ ᠤ ᠲᠡᠦᠬᠡ ᠬᠢᠭᠡᠳ ᠡᠷᠲᠡᠨ ᠤ ᠮᠣᠩᠭᠤᠯ ᠣᠳᠬ᠎ᠠ ᠵᠣᠬᠢᠶᠠᠯ ᠢ ᠣᠩᠰᠢᠨ ᠰᠣᠳᠣᠯᠬᠤ ᠶᠢ ᠵᠢᠯᠣᠭᠤᠳᠴᠤ ᠪᠠᠶᠢᠵᠠᠢ᠃      ᠢᠳᠠᠮᠵᠠᠪ ᠠᠪᠣᠭᠠᠢ ︽ᠠᠮᠧᠷᠢᠺᠡ ᠶᠢᠨ ᠮᠣᠩᠭᠤᠯ ᠰᠣᠳᠣᠯᠣᠯ︾᠎ ᠤᠨ ᠭᠡᠰᠢᠭᠦᠨ᠂ ︽ᠮᠣᠩᠭᠤᠯ ᠤᠨ ᠰᠣᠶᠣᠯ ᠰᠣᠳᠣᠯᠣᠯ ᠤᠨ ᠨᠡᠶᠢᠭᠡᠮᠯᠢᠭ︾᠎ ᠤᠨ ᠭᠡᠰᠢᠭᠦᠨ᠂ ︽ᠳᠡᠯᠡᠬᠡᠢ ᠶᠢᠨ ᠮᠣᠩᠭᠤᠯ ᠨᠡᠶᠢᠭᠡᠮᠯᠢᠭ︾᠎ ᠤᠨ ᠭᠡᠰᠢᠭᠦᠨ ᠪᠢᠯᠡ᠃      ᠲᠡᠷᠡ ᠠᠮᠧᠷᠢᠺᠡ ᠣᠯᠣᠰ ᠤᠨ ᠳᠡᠯᠡᠬᠡᠢ ᠶᠢᠨ ᠣᠯᠠᠨ ᠣᠯᠣᠰ ᠲᠤ ᠠᠯᠳᠠᠷᠰᠢᠭᠰᠠᠨ ᠮᠣᠩᠭᠤᠯ ᠰᠣᠳᠣᠯᠣᠯ ᠤᠨ ᠡᠷᠳᠡᠮᠲᠡᠨ ᠫᠷᠣᠹᠧᠰᠰᠣᠷ ᠪᠣᠪᠫᠸᠢ ᠪᠠ ᠶᠠᠫᠣᠨ ᠣᠯᠣᠰ ᠤᠨ ᠲᠣᠣᠺᠢᠤ᠋ ᠳᠠᠬᠢ ᠭᠠᠳᠠᠭᠠᠳᠤ ᠬᠡᠯᠡᠨ ᠤ ᠶᠡᠭᠡ ᠰᠣᠷᠭᠠᠭᠤᠯᠢ ᠶᠢᠨ ᠠᠽᠢᠶ᠎ᠠ ᠠᠹᠷᠢᠺᠡ ᠬᠡᠯᠡ ᠰᠣᠳᠣᠯᠬᠤ ᠭᠠᠵᠠᠷ ᠤᠨ ᠫᠷᠣᠹᠧᠰᠰᠣᠷ ᠣᠺᠠᠳᠠ ᠬᠡᠳᠡᠡᠭᠡᠷᠡ ᠨᠠᠷ ᠲᠠᠢ ᠬᠤᠷᠰᠢᠨ ᠮᠣᠩᠭᠤᠯ ᠬᠡᠯᠡ ᠪᠢᠴᠢᠭ᠂ ᠮᠣᠩᠭᠤᠯ ᠣᠷᠠᠨ ᠵᠣᠬᠢᠶᠠᠯ ᠪᠣᠯᠣᠨ ᠮᠣᠩᠭᠤᠯ ᠣᠯᠣᠰ ᠤᠨ ᠰᠡᠯᠡᠸ᠋ ᠮᠣᠩᠭᠤᠯ ᠦᠰᠦᠭ᠂ ᠰᠣᠨᠢᠨ ᠰᠡᠳᠬᠦᠯ ᠤᠨ ᠰᠣᠳᠣᠯᠣᠯ ᠢ ᠬᠠᠮᠲᠤ ᠪᠠᠷ ᠵᠢᠭᠠᠪᠠ᠃ ᠲᠡᠷᠡᠴᠢᠯᠡᠨ ᠳᠡᠮᠡᠢ ᠣᠳᠠᠯ ᠦᠭᠡᠢ ᠪᠠᠷ ᠸᠠᠰᠢᠩᠲ᠋ᠣᠨ ᠶᠡᠭᠡ ᠰᠣᠷᠭᠠᠭᠤᠯᠢ ᠶᠢᠨ ᠳᠣᠷᠣᠨᠠᠲᠤ ᠠᠽᠢᠶ᠎ᠠ ᠶᠢᠨ ᠰᠣᠳᠣᠯᠭᠠᠨ ᠤ ᠲᠥᠯᠦᠪᠯᠡᠭᠡ ᠶᠢᠨ ᠳᠡᠳ᠋ ᠰᠣᠳᠣᠯᠣᠭᠴᠢ ᠪᠠᠷ ᠣᠷᠢᠭᠳᠠᠵᠤ᠂ ᠠᠮᠧᠷᠢᠺᠠ ᠣᠯᠣᠰ ᠤᠨ ᠡᠷᠳᠡᠮᠲᠡᠨ᠂ ᠳᠡᠳ᠋ ᠡᠷᠳᠡᠮᠲᠡᠨ ᠴᠣᠯᠠ ᠣᠯᠭᠤᠬᠤ ᠵᠢᠯᠣᠭᠤᠳᠣᠭᠴᠢ ᠪᠠᠭᠰᠢ ᠪᠣᠯᠵᠤ᠂ 1974 ᠣᠨ ᠬᠦᠷᠲᠡᠯ᠎ᠡ ᠠᠵᠢᠯᠯᠠᠪᠠ᠃     1975 ᠣᠨ ᠠᠴᠠ 1976 ᠣᠨ ᠬᠦᠷᠲᠡᠯ᠎ᠡ ᠲᠠᠶᠢᠸᠠᠨ ᠤ ᠲᠠᠶᠢᠪᠸᠢ ᠬᠤᠲᠠᠨ ᠳᠤ ᠮᠣᠩᠭᠤᠯ ᠬᠡᠯᠡ ᠪᠢᠴᠢᠭ ᠪᠣᠯᠣᠨ ᠲᠡᠦᠬᠡ ᠶᠢᠨ ᠮᠠᠲ᠋ᠧᠷᠢᠶᠠᠯ ᠢ ᠡᠮᠬᠢᠳᠭᠡᠨ ᠴᠣᠭᠯᠠᠭᠤᠯᠵᠤ ᠰᠣᠳᠣᠯᠬᠤ ᠠᠵᠢᠯ ᠢ ᠭᠠᠷᠳᠠᠨ ᠬᠢᠭᠰᠡᠨ ᠪᠥᠭᠡᠳ ᠭᠠᠳᠠᠭᠠᠳᠤ ᠶᠢᠨ ᠰᠣᠷᠣᠭᠴᠢᠳ ᠤᠨ ᠮᠣᠩᠭᠤᠯ ᠬᠡᠯᠡ ᠪᠢᠴᠢᠭ ᠰᠣᠷᠴᠤ ᠰᠣᠳᠣᠯᠬᠤ ᠶᠢ ᠵᠢᠯᠣᠭᠤᠳᠬᠤ ᠠᠵᠢᠯ ᠢ ᠬᠢᠪᠡ᠃     1977 ᠣᠨ ᠳᠤ ᠳᠡᠯᠡᠬᠡᠢ ᠶᠢᠨ ᠣᠯᠠᠨ ᠣᠯᠣᠰ ᠤᠨ ᠠᠯᠳᠠᠷᠲᠤ ᠮᠣᠩᠭᠤᠯ ᠰᠣᠳᠣᠯᠣᠯ ᠤᠨ ᠰᠣᠳᠣᠯᠭᠠᠨ ᠤ ᠲᠦᠪ ᠤᠨ ᠨᠢᠭᠡᠨ ᠪᠣᠯᠬᠤ ᠺᠠᠨᠠᠳᠠ ᠶᠢᠨ ᠳᠣᠷᠣᠨᠲ᠋ᠦ᠋ ᠶᠡᠭᠡ ᠰᠣᠷᠭᠠᠭᠤᠯᠢ ᠶᠢᠨ ᠳᠣᠷᠣᠨ᠎ᠠ ᠠᠽᠢᠶ᠎ᠠ ᠶᠢᠨ ᠰᠣᠳᠣᠯᠭᠠᠨ ᠎ ᠤ ᠬᠦᠷᠢᠶᠡᠯᠡᠩ ᠳᠤ ᠵᠥᠪᠯᠡᠭᠴᠢ ᠫᠷᠣᠹᠧᠰᠰᠣᠷ ᠢᠶᠠᠷ ᠣᠷᠢᠭᠳᠠᠵᠤ᠂ ᠮᠣᠩᠭᠤᠯ ᠬᠡᠯᠡ ᠪᠢᠴᠢᠭ ᠲᠠᠶᠢᠯᠪᠣᠷᠢᠯᠠᠨ ᠪᠠᠭᠰᠢᠯᠠᠭᠰᠠᠨ ᠪᠥᠭᠡᠳ ᠲᠣᠰ ᠰᠣᠷᠭᠠᠭᠤᠯᠢ ᠶᠢᠨ ᠫᠷᠣᠹᠧᠰᠰᠣᠷ ᠱᠢ ᠸᠧᠨ ᠯᠢᠨ ᠢ ᠬᠠᠪᠰᠣᠷᠣᠨ ᠮᠣᠩᠭᠤᠯ ᠬᠡᠯᠡᠨ ᠤ ᠰᠣᠳᠣᠯᠭᠠᠨ ᠤ ᠠᠵᠢᠯ ᠢ ᠭᠤᠷᠪᠠᠨ ᠵᠢᠯ ᠬᠢᠵᠦ᠂ 1980 ᠣᠨ ᠳᠤ ᠨᠠᠰᠣᠨ ᠤ ᠠᠮᠠᠷᠠᠯᠲᠠ ᠠᠪᠴᠤ ᠠᠮᠧᠷᠢᠺᠡ ᠶᠢᠨ ᠯᠣᠰ ᠠᠩᠵᠧᠯᠧᠰ ᠬᠤᠲᠠᠨ ᠳᠤ ᠨᠣᠲᠣᠭᠰᠢᠵᠠᠢ᠃     ᠢᠳᠠᠮᠵᠠᠪ ᠠᠪᠣᠭᠠᠢ ᠶᠢᠨ ᠭᠤᠣᠯ ᠪᠣᠯᠬᠤ ᠵᠣᠬᠢᠶᠠᠯ ᠪᠥᠲᠦᠭᠡᠯ᠄     ⒈ ︽ᠮᠣᠩᠭᠤᠯ ᠣᠷᠠᠨ ᠵᠣᠬᠢᠶᠠᠯ ᠤᠨ ᠲᠡᠦᠬᠡᠨ ᠦᠭᠦᠯᠡᠮᠵᠢ︾  ︵13~15 ᠳ᠋ᠣᠭᠠᠷ ᠵᠠᠭᠤᠨ︶᠂ ᠪᠥᠬᠦ ᠳᠡᠪᠲᠡᠷ 376 ᠨᠢᠭᠤᠷ᠂ 1988 ᠣᠨ ᠳᠤ ᠲᠠᠶᠢᠸᠠᠨ ᠤ ᠲᠠᠶᠢᠪᠸᠢ ᠬᠤᠲᠠ ᠶᠢᠨ ᠰᠣᠶᠣᠯ ᠤᠨ ᠳᠣᠷᠠᠰᠬᠠᠯᠲᠤ ᠵᠦᠢᠯ ᠬᠠᠩᠭᠠᠯᠭ᠎ᠠ ᠶᠢᠨ ᠬᠤᠷᠰᠢᠶᠠᠯᠠᠯ ᠠᠴᠠ ᠬᠡᠪᠯᠡᠪᠡ᠃ ᠡᠨᠡ ᠨᠢ 25 ᠲᠥᠮᠡ ᠭᠠᠷᠣᠢ ᠦᠰᠦᠭ ᠲᠠᠢ ᠵᠣᠬᠢᠶᠠᠯ ᠪᠣᠯᠬᠤ ᠪᠥᠭᠡᠳ ︽ᠳᠣᠮᠳᠠᠳᠤ ᠶᠢᠨ ᠰᠣᠶᠣᠯ ᠴᠣᠪᠣᠷᠠᠯ ᠪᠢᠴᠢᠭ︾᠎ ᠤᠨ ᠨᠢᠭᠡ ᠪᠠᠷ ᠵᠢᠭᠰᠠᠭᠠᠭᠳᠠᠪᠠ᠃     ⒉ ︽ᠮᠣᠩᠭᠤᠯ ᠣᠳᠬ᠎ᠠ ᠵᠣᠬᠢᠶᠠᠯ ᠤᠨ ᠲᠣᠶᠢᠮᠤ ᠦᠭᠦᠯᠡᠯ︾ ︵ᠣᠷᠴᠢᠭᠤᠯᠣᠭᠳᠠᠭᠰᠠᠨ ᠳᠡᠪᠲᠡᠷ︶᠂ ︵15~17 ᠳ᠋ᠣᠭᠠᠷ ᠵᠠᠭᠤᠨ ᠤ ᠦᠶ᠎ᠡ ᠶᠢᠨ ᠮᠣᠩᠭᠤᠯ ᠣᠳᠬ᠎ᠠ ᠵᠣᠬᠢᠶᠠᠯ ᠢ ᠦᠭᠦᠯᠡᠪᠡ︶᠂ ᠪᠥᠬᠦ ᠬᠡᠪᠯᠡᠯ 70 ᠢᠯᠡᠭᠦᠦ ᠲᠥᠮᠡᠨ ᠦᠰᠦᠭ ᠲᠠᠢ᠃     ⒊ ᠮᠣᠩᠭᠤᠯ᠂ ᠬᠢᠲᠠᠳ᠂ ᠠᠩᠭ᠍ᠯᠢ ︽ᠮᠣᠩᠭᠤᠯ ᠬᠡᠯᠡᠨ ᠤ ᠵᠦᠢ ᠶᠢᠨ ᠳᠥᠭᠦᠮ ᠭᠠᠷ ᠳᠡᠪᠲᠡᠷ︾ ︵ᠪᠥᠬᠦ ᠳᠡᠪᠲᠡᠷ 300 ᠢᠯᠡᠭᠦᠦ ᠨᠢᠭᠤᠷ︶᠃     ⒋ ᠮᠣᠩᠭᠤᠯ᠂ ᠬᠢᠲᠠᠳ᠂ ᠠᠩᠭ᠍ᠯᠢ ︽ᠮᠣᠩᠭᠤᠯ ᠬᠡᠯᠡᠨ ᠤ ᠦᠷᠭᠦᠯᠵᠢ ᠬᠡᠷᠡᠭᠯᠡᠭᠳᠡᠬᠦ ᠦᠭᠡᠰ ᠢ ᠲᠥᠷᠦᠯ ᠬᠤᠪᠢᠶᠠᠭᠰᠠᠨ ᠲᠣᠯᠢ︾ ︵ᠪᠥᠬᠦ ᠳᠡᠪᠲᠡᠷ 500 ᠨᠢᠭᠤᠷ︶᠃     ⒌ ᠠᠩᠭ᠍ᠯᠢ ᠣᠷᠴᠢᠭᠤᠯᠭᠠᠲᠤ ︽ᠰᠢᠨ᠎ᠡ ᠨᠠᠶᠢᠷᠠᠭᠤᠯᠣᠭᠰᠠᠨ ᠮᠣᠩᠭᠤᠯ ᠬᠢᠲᠠᠳ ᠦᠭᠦᠯᠡᠪᠦᠷᠢ ᠶᠢᠨ ᠲᠣᠯᠢ︾ ︵ᠪᠥᠬᠦ ᠳᠡᠪᠲᠡᠷ 500 ᠨᠢᠭᠤᠷ︶᠃     ᠢᠳᠠᠮᠵᠠᠪ ᠠᠪᠣᠭᠠᠢ ᠶᠢᠨ ᠳᠣᠰᠬᠠᠢ ᠰᠡᠳᠦᠪ ᠤᠨ ᠰᠣᠳᠣᠯᠣᠯ᠄     ⒈ ︽ ︿ ᠮᠣᠩᠭᠤᠯ ᠤᠨ ᠨᠢᠭᠤᠴᠠ ᠳᠣᠪᠴᠢᠶᠠᠨ﹀᠎ ᠤ ᠣᠭ ᠵᠣᠬᠢᠶᠠᠯᠴᠢ ᠶᠢᠨ ᠳᠣᠬᠠᠢ ᠡᠷᠢᠯᠬᠢᠯᠡᠯ︾᠂ 1989 ᠣᠨ ᠳᠤ ᠲᠠᠶᠢᠸᠠᠨ ᠤ ᠲᠠᠶᠢᠪᠸᠢ ᠬᠤᠲᠠ ᠶᠢᠨ ᠳᠣᠮᠳᠠᠳᠤ ᠶᠢᠨ ᠰᠣᠶᠣᠯ ᠤᠨ ᠶᠡᠭᠡ ᠰᠣᠷᠭᠠᠭᠤᠯᠢ ᠳᠤ ᠶᠠᠪᠣᠭᠳᠠᠪᠠ᠃     ⒉ ︽ᠴᠣᠭᠲᠤ ᠲᠠᠶᠢᠵᠢ ᠶᠢᠨ ᠰᠢᠯᠦᠭ ᠳᠠᠭᠤᠯᠠᠯ ᠤᠨ ᠲᠠᠶᠢᠯᠪᠣᠷᠢ︾᠂ 1990 ᠣᠨ ᠳᠤ ᠠᠮᠧᠷᠢᠺᠠ ᠣᠯᠣᠰ ᠲᠤ ᠶᠠᠪᠣᠭᠳᠠᠪᠠ᠃ᠢᠳᠠᠮᠵᠠᠪ᠂ 1990 ᠣᠨ ᠳᠤ ︽ᠴᠠᠬᠠᠷ ᠮᠣᠩᠭᠤᠯ︾᠂ 2004 ᠣᠨ ᠳᠤ ︽ᠮᠢᠩᠭᠠᠨ ᠬᠤᠰᠢᠭᠤᠨ ᠤ ᠲᠡᠦᠬᠡ ᠎ ᠶᠢᠨ ᠲᠣᠶᠢᠮᠤ︾ ᠵᠡᠷᠭᠡ ᠨᠣᠮ ᠳᠤ ᠲᠡᠮᠳᠡᠭᠯᠡᠭᠳᠡᠵᠡᠢ᠃ ︽ᠰᠢᠯᠣᠭᠤᠨ ᠬᠥᠬᠡ ᠬᠤᠰᠢᠭᠤᠨ ᠤ ᠴᠣᠣᠳᠤ ᠬᠦᠮᠦᠰ︾ ᠨᠣᠮ ᠠᠴᠠ ᠮᠠᠶᠢᠯᠠᠰᠤ ᠪᠠᠭᠤᠯᠭᠠᠪᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号