| | ᠪᠠᠲᠤ ︵1918~ 1991 ᠣᠨ︶᠂ 1918 ᠣᠨ ︵ᠰᠢᠷ᠎ᠠ ᠮᠣᠷᠢᠨ ᠵᠢᠯ︶ ᠳᠤ ᠰᠢᠯᠣᠭᠤᠨ ᠬᠥᠬᠡ | ᠬᠤᠰᠢᠭᠤᠨ ᠤ ᠣᠣᠯ ᠤᠨ ᠴᠠᠬᠠᠷ ᠬᠤᠶᠠᠳᠣᠭᠠᠷ ᠰᠣᠮᠤ᠂ ᠣᠳᠤ ᠶᠢᠨ ᠨᠠᠷᠠᠲᠤ ᠰᠣᠮᠣᠨ ᠤ ᠰᠢᠷᠡᠭᠡᠲᠦ ᠭᠠᠴᠠᠭᠠᠨ ᠤ | ᠮᠠᠯᠴᠢᠨ ᠴᠠᠭᠠᠨᠪᠠᠭᠠᠲᠣᠷ ᠤᠨ ᠭᠤᠷᠪᠠᠳᠣᠭᠠᠷ ᠬᠥᠪᠡᠭᠦᠨ ᠪᠣᠯᠣᠨ ᠵᠠᠶᠠᠭᠠᠵᠠᠢ᠃ | ᠲᠡᠷᠡ ᠵᠢᠷᠭᠤᠭᠠᠨ ᠨᠠᠰᠣᠨ ᠳᠠᠭᠠᠨ ︵1923 ᠣᠨ︶ ᠰᠢᠯᠢ ᠶᠢᠨ ᠭᠤᠣᠯ ᠤᠨ ᠴᠢᠭᠤᠯᠭᠠᠨ ᠤ ᠰᠦᠨᠢᠳ ᠪᠠᠷᠠᠭᠤᠨ | ᠬᠤᠰᠢᠭᠤᠨ ᠤ ᠪᠠᠯᠭᠠᠰᠣᠨ ᠭᠤᠣᠯ ᠤᠨ ᠴᠣᠷᠵᠢ ᠯᠠᠮᠠ ᠶᠢᠨ ᠬᠤᠪᠢᠯᠭᠠᠨ᠂ ᠬᠤᠷᠭᠤ ᠰᠦᠮ᠎ᠡ ᠶᠢᠨ ᠭᠡᠭᠡᠨ ᠢᠶᠠᠷ | ᠵᠠᠯᠠᠭᠳᠠᠵᠤ ᠲᠡᠷᠡ ᠰᠦᠮ᠎ᠡ ᠳᠤ ᠨᠣᠮ ᠰᠣᠷᠴᠤ ᠱᠠᠰᠢᠨ ᠰᠣᠷᠲᠠᠬᠤᠨ ᠤ ᠬᠦᠮᠦᠵᠢᠯ ᠬᠦᠷᠲᠡᠵᠡᠢ᠃ ᠢᠩᠭᠢᠭᠡᠳ ᠪᠠᠲᠤ | ᠴᠣᠷᠵᠢ ᠯᠠᠮᠠᠬᠠᠢ ᠭᠡᠰᠡᠨ ᠠᠯᠳᠠᠷ ᠲᠠᠢ ᠪᠣᠯᠵᠠᠢ᠃ | ᠪᠠᠲᠤ ᠴᠣᠷᠵᠢ ᠯᠠᠮᠠᠬᠠᠢ ᠬᠤᠷᠭᠤ ᠰᠦᠮ᠎ᠡ ᠳᠤ ᠱᠠᠪᠢᠯᠠᠨ ᠰᠠᠭᠤᠵᠤ ᠪᠠᠶᠢᠬᠤ ᠳᠠᠭᠠᠨ ᠲᠥᠪᠡᠳ ᠨᠣᠮ ᠢ | ᠰᠠᠶᠢᠲᠣᠷ ᠡᠵᠡᠮᠰᠢᠨ ᠴᠣᠶᠢᠷᠸ᠎ᠠ ᠶᠢᠨ ᠨᠣᠮ ᠢ ᠰᠣᠷᠣᠯᠴᠠᠨ ᠬᠡᠪᠰᠢ ᠶᠢᠨ ᠴᠣᠯᠠ ᠬᠠᠮᠠᠭᠠᠯᠠᠭᠰᠠᠨ ᠪᠥᠭᠡᠳ ᠵᠢᠷᠣᠬᠠᠢ | ᠶᠢᠨ ᠣᠬᠠᠭᠠᠨ᠂ ᠠᠨᠠᠭᠠᠬᠤ ᠣᠬᠠᠭᠠᠨ ᠢ ᠰᠣᠷᠴᠤ᠂ ᠥᠷᠭᠡᠨ ᠳᠡᠯᠭᠡᠷ ᠮᠡᠳᠡᠯᠭᠡ ᠲᠠᠢ ᠪᠣᠯᠵᠤ ᠬᠤᠶᠢᠰᠢᠳᠠ ᠶᠢᠨ ᠶᠡᠭᠡ | ᠦᠢᠯᠡ ᠪᠥᠲᠦᠭᠡᠬᠦ ᠳᠡᠭᠡᠨ ᠰᠠᠶᠢᠨ ᠰᠠᠭᠤᠷᠢ ᠲᠠᠯᠪᠢᠭᠰᠠᠨ ᠪᠠᠶᠢᠵᠠᠢ᠃ | ᠣᠯᠠᠭᠠᠨᠬᠦᠦ ᠪᠠᠷᠠᠭᠤᠨ ᠰᠦᠨᠢᠳ ᠬᠤᠰᠢᠭᠤᠨ ᠳᠤ ᠬᠦᠷᠴᠦ᠂ ᠨᠡᠶᠢᠭᠡᠮ ᠤᠨ ᠡᠯ᠎ᠡ ᠡᠲᠡᠭᠡᠳ ᠤᠨ ᠣᠯᠠᠨ | ᠲᠥᠮᠡᠨ ᠳᠤ ᠬᠤᠪᠢᠰᠬᠠᠯ ᠤᠨ ᠶᠣᠰᠤ ᠶᠢ ᠣᠬᠠᠭᠤᠯᠬᠤ ᠬᠤᠷᠠᠯ ᠢ ᠬᠤᠷᠠᠯᠳᠣᠬᠤ ᠳᠤ ᠣᠷᠣᠯᠴᠠᠵᠤ ᠪᠠᠶᠢᠭᠰᠠᠨ | ᠪᠥᠭᠡᠳ ᠬᠤᠵᠢᠮ ᠨᠢ ᠴᠢᠯᠦᠭᠡᠯᠡᠬᠦ ᠴᠡᠷᠢᠭ ᠤᠨ ᠨᠢᠭᠡᠨ ᠴᠡᠷᠢᠭ ᠠᠩᠭᠢ᠂ ᠬᠤᠷᠭᠤ ᠰᠦᠮ᠎ᠡ ᠳᠤ ᠰᠠᠭᠤᠵᠤ ᠪᠠᠶᠢᠬᠤ | ᠬᠤᠭᠤᠴᠠᠭᠠᠨ ᠳᠤ ᠰᠢᠷᠬᠠᠳᠠᠨ ᠢ ᠡᠮᠨᠡᠵᠦ᠂ ᠮᠣᠷᠢ᠂ ᠡᠮᠡᠭᠡᠯ᠂ ᠮᠥᠩᠭᠦ ᠪᠠᠷ ᠳᠣᠰᠠᠯᠠᠵᠤ ᠪᠠᠶᠢᠵᠠᠢ᠃ | ᠣᠯᠣᠰ ᠪᠠᠶᠢᠭᠤᠯᠣᠭᠳᠠᠭᠰᠠᠨ ᠡᠬᠢᠨ ᠤ ᠦᠶ᠎ᠡ ᠠᠴᠠ ᠪᠠᠲᠤ ᠴᠣᠷᠵᠢ ᠯᠠᠮᠠ᠂ ᠪᠡᠭᠡᠵᠢᠩ ᠳᠤ ᠣᠴᠢᠵᠤ ᠨᠠᠶᠢᠷᠠᠯᠲᠤ | ᠨᠠᠶᠢᠷᠠᠮᠳᠠᠬᠤ ᠰᠦᠮ᠎ᠡ ᠪᠣᠯᠣᠨ ᠹᠦ᠋ ᠰᠢᠶᠠᠩ ᠰᠧ ᠰᠦᠮ᠎ᠡ ᠳᠤ ᠱᠠᠪᠢᠯᠠᠨ ᠰᠠᠭᠤᠵᠤ ᠱᠠᠰᠢᠨ ᠰᠣᠷᠲᠠᠬᠤᠨ ᠤ | ᠠᠵᠢᠯᠯᠠᠭ᠎ᠠ ᠳᠤ ᠣᠷᠣᠯᠴᠠᠬᠤ ᠶᠢᠨ ᠳᠠᠭᠠᠤ᠂ ᠣᠳᠣᠨ ᠵᠢᠷᠣᠬᠠᠢ ᠶᠢᠨ ᠣᠬᠠᠭᠠᠨ ᠪᠣᠯᠣᠨ ᠮᠣᠩᠭᠤᠯ ᠠᠨᠠᠭᠠᠬᠤ | ᠣᠬᠠᠭᠠᠨ ᠢ ᠴᠢᠨᠠᠭᠰᠢᠳᠠ ᠰᠣᠷᠴᠤ ᠰᠣᠳᠣᠯᠣᠭᠰᠠᠨ ᠪᠠᠶᠢᠨ᠎ᠠ᠃ | ᠪᠠᠲᠤ ᠴᠣᠷᠵᠢ ᠯᠠᠮᠠ᠂ 1955 ᠣᠨ ᠳᠤ ᠣᠯᠣᠰ ᠤᠨ ᠵᠥᠪᠰᠢᠶᠡᠷᠡᠯ ᠢ ᠣᠯᠵᠤ ᠡᠨᠡᠳᠭᠡᠭ ᠣᠯᠣᠰ ᠲᠤ | ᠣᠴᠢᠨ ᠲᠡᠨᠳᠡ ᠪᠣᠯᠣᠭᠰᠠᠨ ᠪᠣᠷᠬᠠᠨ ᠪᠠᠭᠰᠢ ᠱᠠᠭᠵᠠᠮᠣᠨᠢ ᠶᠢᠨ ᠮᠡᠨᠳᠦᠯᠡᠭᠰᠡᠨ 2500 ᠵᠢᠯ ᠤᠨ ᠣᠢ ᠶᠢ | ᠳᠣᠷᠠᠰᠬᠠᠨ ᠲᠡᠮᠳᠡᠭᠯᠡᠬᠦ ᠠᠵᠢᠯᠯᠠᠭ᠎ᠠ ᠳᠤ ᠣᠷᠣᠯᠴᠠᠭᠰᠠᠨ ᠤ ᠳᠠᠷᠠᠭ᠎ᠠ᠂ ᠬᠠᠮᠲᠤ ᠶᠠᠪᠣᠯᠴᠠᠭᠰᠠᠨ ᠵᠠᠮᠪᠠᠯᠱᠣᠩᠨᠤ ᠨᠠᠷ | ᠨᠣᠲᠤᠭ ᠲᠠᠭᠠᠨ ᠪᠣᠴᠠᠬᠤ ᠳᠤ ᠲᠡᠭᠦᠨ ᠤ ᠵᠠᠮ ᠤᠨ ᠵᠠᠷᠣᠳᠠᠯ ᠳᠣᠲᠠᠭᠰᠠᠨ ᠠᠴᠠ ᠪᠣᠯᠵᠤ ᠬᠤᠴᠣᠷᠣᠭᠰᠠᠨ ᠪᠠᠶᠢᠨ᠎ᠠ᠃ | ᠲᠡᠷᠡ ᠦᠶ᠎ᠡ ᠳᠤ ᠸᠧᠢ ᠲᠣᠷᠴᠢᠳᠠᠮ ᠭᠡᠳᠡᠭ ᠭᠠᠵᠠᠷ ᠲᠤ ᠥᠪᠡᠷᠲᠡᠭᠡᠨ ᠰᠦᠮ᠎ᠡ ᠬᠡᠶᠢᠳ ᠲᠠᠢ ᠨᠡᠯᠢᠶᠡᠳ ᠪᠠᠶᠠᠯᠢᠭ | ᠰᠦᠨᠢᠳ ᠳ᠋ᠠ ᠯᠠᠮᠠ ᠭᠡᠭᠴᠢ ᠥᠨᠳᠦᠷ ᠨᠠᠰᠣᠲᠠᠢ ᠯᠠᠮᠠ ᠪᠠᠶᠢᠵᠠᠢ᠃ ᠲᠡᠭᠦᠨ ᠤ ᠠᠰᠠᠷᠠᠭᠴᠢ ᠪᠠᠷᠠᠭᠤᠨ ᠰᠦᠨᠢᠳ | ᠨᠣᠲᠤᠭ ᠲᠠᠢ ᠪᠠᠶᠢᠰᠠ ᠶᠢᠨ ᠰᠦᠮ᠎ᠡ ᠶᠢᠨ ᠯᠠᠮᠠ ᠴᠣᠶᠢᠵᠢᠯ ᠯᠣᠪᠣᠨ ᠭᠡᠭᠴᠢ ᠭᠡᠨᠡᠳᠲᠡ ᠶᠢᠨ ᠡᠪᠡᠳᠴᠢᠨ ᠢᠶᠠᠷ ᠨᠠᠰᠤ | ᠨᠥᠭᠴᠢᠭᠰᠡᠨ ᠳᠤ ᠪᠠᠲᠤ ᠴᠣᠷᠵᠢ ᠯᠠᠮᠠ ᠰᠦᠨᠢᠳ ᠳ᠋ᠠ ᠯᠠᠮᠠ ᠢ ᠠᠰᠠᠷᠠᠬᠤ ᠠᠵᠢᠯ ᠢ ᠬᠠᠷᠢᠭᠤᠴᠠᠵᠤ ᠬᠤᠶᠠᠷ ᠵᠢᠯ | ᠪᠣᠯᠣᠭᠠᠳ ᠡᠪᠦᠭᠡᠨ ᠳ᠋ᠠ ᠯᠠᠮᠠ ᠶᠢ ᠨᠠᠰᠤ ᠪᠠᠷᠠᠭᠰᠠᠨ ᠤ ᠬᠤᠶᠢᠨ᠎ᠠ ᠣᠯᠣᠰ ᠲᠠᠭᠠᠨ ᠪᠣᠴᠠᠬᠤ ᠶᠢ ᠪᠣᠳᠣᠭᠰᠠᠨ | ᠪᠣᠯᠪᠠᠴᠤ ᠳᠣᠮᠳᠠᠳᠤ ᠡᠨᠡᠳᠭᠡᠭ ᠤᠨ ᠬᠢᠯᠢ ᠬᠠᠭᠠᠭᠳᠠᠭᠰᠠᠨ ᠪᠣᠯᠬᠤᠷ ᠪᠣᠴᠠᠵᠤ ᠢᠷᠡᠵᠦ ᠴᠢᠳᠠᠭᠰᠠᠨ ᠦᠭᠡᠢ᠂ ᠨᠢᠭᠡᠨ | ᠬᠡᠪᠯᠡᠯ ᠤᠨ ᠭᠠᠵᠠᠷ ᠬᠥᠯᠦᠰᠦᠨ ᠠᠵᠢᠯ ᠬᠢᠵᠦ ᠳᠣᠯᠣᠭᠠᠨ ᠵᠢᠯ ᠰᠢᠬᠠᠮ ᠠᠵᠢᠯᠯᠠᠵᠠᠢ᠃ ᠰᠡᠭᠦᠯ ᠳᠤᠨᠢ ᠥᠪᠡᠷ ᠢᠶᠠᠨ | ᠬᠡᠪᠯᠡᠯ ᠤᠨ ᠭᠠᠵᠠᠷ ᠡᠷᠬᠢᠯᠡᠵᠦ ᠮᠣᠩᠭᠤᠯ ᠨᠣᠮ᠂ ᠡᠮ ᠡᠮᠨᠡᠯᠭᠡ ᠶᠢᠨ ᠣᠯᠠᠨ ᠨᠣᠮ ᠡᠮᠬᠢᠳᠭᠡᠵᠦ ᠬᠡᠪᠯᠡᠭᠰᠡᠨ ᠪᠠᠶᠢᠨ᠎ᠠ᠃ | ᠡᠨᠡᠳᠭᠡᠭ ᠲᠤ ᠬᠡᠪᠯᠡᠯ ᠤᠨ ᠠᠵᠢᠯ ᠡᠷᠬᠢᠯᠡᠵᠦ ᠪᠠᠶᠢᠬᠤ ᠳᠠᠭᠠᠨ ᠳᠡᠯᠡᠬᠡᠢ ᠶᠢᠨ ᠣᠯᠠᠨ ᠭᠠᠵᠠᠷ ᠤᠨ ᠮᠣᠩᠭᠤᠯ ᠲᠡᠦᠬᠡ | ᠂ ᠡᠮ ᠡᠮᠨᠡᠯᠭᠡ ᠶᠢ ᠰᠣᠳᠣᠯᠳᠠᠭ ᠮᠠᠰᠢ ᠣᠯᠠᠨ ᠬᠦᠮᠦᠨ ᠲᠠᠢ ᠲᠠᠨᠢᠯᠴᠠᠭᠰᠠᠨ ᠤ ᠳᠣᠲᠣᠷ᠎ᠠ ᠠᠴᠠ ᠠᠮᠧᠷᠢᠺᠠ ᠶᠢᠨ | ᠨᠢᠭᠡᠨ ᠲᠥᠪᠡᠳ ᠮᠣᠩᠭᠤᠯ ᠲᠡᠦᠬᠡ᠂ ᠡᠮ ᠡᠮᠨᠡᠯᠭᠡ ᠶᠢ ᠰᠣᠳᠣᠯᠣᠭᠴᠢ ᠢᠰᠦ᠋ᠰ ᠤᠨ ᠱᠠᠰᠢᠨ ᠤ ᠶᠡᠭᠡ ᠪᠥᠯᠬᠦᠮ ᠤᠨ | ᠲᠡᠷᠢᠭᠦᠯᠡᠭᠴᠢ ᠳ᠋ᠣᠨᠣᠯᠠᠷᠤ ᠭᠡᠳᠡᠭ ᠬᠦᠮᠦᠨ ᠤ ᠢᠳᠬᠠᠯ ᠢᠶᠠᠷ 1966 ᠣᠨ ᠳᠤ ᠠᠮᠧᠷᠢᠺᠠ ᠳᠤ ᠣᠴᠢᠵᠤ᠂ ᠨᠢᠦ᠋ | ᠶᠣᠷᠺ ᠬᠤᠲᠠ ᠶᠢᠨ ᠨᠢᠭᠡᠨ ᠲᠣᠮᠤ ᠡᠮᠨᠡᠯᠭᠡ ᠶᠢᠨ ᠬᠤᠷᠢᠶᠠᠨ ᠤ ᠴᠡᠴᠡᠭ ᠡᠪᠡᠰᠦ ᠶᠢ ᠵᠠᠰᠠᠵᠤ ᠣᠰᠣᠯᠠᠬᠤ | ᠴᠡᠴᠡᠷᠯᠢᠭᠴᠢ ᠪᠠ ᠴᠡᠪᠡᠷᠯᠡᠭᠡ ᠶᠢᠨ ᠠᠵᠢᠯ ᠢ 6 ᠵᠢᠯ ᠬᠢᠵᠦ᠂ ᠠᠮᠧᠷᠢᠺᠠ ︵ᠠᠩᠭ᠍ᠯᠢ︶ ᠦᠬᠡ ᠬᠡᠯᠡ᠂ ᠦᠰᠦᠭ | ᠪᠢᠴᠢᠭ ᠢ ᠨᠢ ᠰᠣᠷᠴᠤ ᠡᠵᠡᠮᠰᠢᠭᠰᠡᠨ ᠪᠥᠭᠡᠳ ᠮᠥᠨ ᠲᠣᠰ ᠡᠮᠨᠡᠯᠭᠡ ᠳᠤ ᠡᠮᠴᠢᠯᠡᠭᠦᠯᠵᠦ ᠪᠠᠶᠢᠭᠰᠠᠨ ᠵᠠᠷᠢᠮ ᠬᠥᠴᠢᠷ | ᠲᠥᠪᠡᠭ ᠲᠠᠢ ᠡᠪᠡᠳᠴᠢᠲᠡᠨ ᠢ ᠮᠣᠩᠭᠤᠯ ᠡᠮᠨᠡᠯᠭᠡ ᠪᠠᠷ ᠡᠮᠨᠡᠭᠡᠳ ᠨᠡᠯᠢᠶᠡᠳ ᠣᠯᠠᠨ ᠡᠪᠡᠳᠴᠢᠲᠡᠨ ᠢ ᠡᠳᠡᠭᠡᠭᠰᠡᠨ ᠳᠤ | ᠲᠣᠰ ᠡᠮᠨᠡᠯᠭᠡ ᠶᠢᠨ ᠬᠤᠷᠢᠶ᠎ᠠ ᠨᠢ ᠮᠣᠩᠭᠤᠯ ᠡᠮᠨᠡᠯᠭᠡ ᠶᠢᠨ ᠰᠠᠯᠠᠭ᠎ᠠ ᠭᠠᠷᠭᠠᠵᠤ ᠲᠡᠭᠦᠨ ᠢ ᠭᠤᠣᠯ ᠡᠮᠴᠢ ᠪᠠᠷ | ᠠᠵᠢᠯᠯᠠᠭᠤᠯᠣᠭᠰᠠᠨ ᠪᠠᠶᠢᠨ᠎ᠠ᠃ ᠢᠩᠭᠢᠭᠡᠳ ᠴᠣᠷᠵᠢ ᠯᠠᠮᠠ ᠪᠠᠲᠤ 1972 ᠣᠨ ᠳᠤ ᠠᠮᠧᠷᠢᠺᠠ ᠣᠯᠣᠰ ᠤᠨ | ᠬᠠᠷᠢᠶᠠᠲᠤ ᠪᠣᠯᠵᠤ ᠲᠡᠨᠳᠡ ᠨᠣᠲᠣᠭᠯᠠᠵᠠᠢ᠃ | ᠲᠡᠷᠡ 1974 ᠣᠨ ᠤ 10 ᠰᠠᠷ᠎ᠠ ᠠᠴᠠ ᠳᠧᠺᠰᠠᠰ ᠵᠸᠦ ᠳᠤ ᠨᠢᠭᠡᠨ ᠠᠮᠧᠷᠢᠺᠠ ᠨᠠᠰᠣᠲᠠᠨ ᠤ ᠣᠷᠢᠯᠭ᠎ᠠ ᠮᠣᠩᠭᠤᠯ | ᠡᠮᠨᠡᠯᠭᠡ ᠶᠢᠨ ᠬᠤᠷᠢᠶ᠎ᠠ ᠪᠠᠶᠢᠭᠤᠯᠣᠨ 1977 ᠣᠨ ᠤ ᠡᠪᠦᠯ ᠬᠦᠷᠲᠡᠯ᠎ᠡ ᠡᠮᠴᠢ ᠶᠢᠨ ᠠᠵᠢᠯ ᠬᠢᠪᠡ᠃ | 1977 ᠣᠨ ᠤ ᠡᠪᠦᠯ ᠠᠴᠠ 1979 ᠣᠨ ᠬᠦᠷᠲᠡᠯ᠎ᠡ ᠠᠮᠧᠷᠢᠺᠠ ᠶᠢᠨ ᠢᠨᠳᠢᠶᠠᠨ ᠶᠡᠭᠡ ᠰᠣᠷᠭᠠᠭᠤᠯᠢ | ᠶᠢᠨ ᠣᠷᠢᠯᠭ᠎ᠠ ᠪᠠᠷ ᠲᠣᠰ ᠰᠣᠷᠭᠠᠭᠤᠯᠢ ᠳᠤ ᠵᠢᠷᠣᠬᠠᠢ ᠶᠢᠨ ᠣᠬᠠᠭᠠᠨ᠂ ᠡᠮ ᠤᠨ ᠨᠣᠮ᠂ ᠮᠣᠩᠭᠤᠯ ᠲᠡᠦᠬᠡ | ᠵᠢᠭᠠᠵᠠᠢ᠃ ᠡᠨᠡ ᠰᠣᠷᠭᠠᠭᠤᠯᠢ ᠳᠤ ᠪᠠᠶᠢᠬᠤ ᠳᠠᠭᠠᠨ ᠮᠥᠨ ᠠᠮᠧᠷᠢᠺᠠ ᠳᠤ ᠨᠣᠲᠣᠭᠯᠠᠭᠰᠠᠨ ᠲᠠᠶᠢᠹᠣᠰᠧ ᠬᠤᠰᠢᠭᠤᠨ | ᠤ ᠭᠤᠮᠪᠣᠵᠠᠪ ᠲᠠᠢ ᠬᠠᠮᠲᠤ ᠠᠵᠢᠯᠯᠠᠵᠤ ᠪᠠᠶᠢᠭᠰᠠᠨ ᠪᠠᠶᠢᠨ᠎ᠠ᠃ | 1978 ᠣᠨ ᠳᠤ ᠨᠠᠰᠣᠨ ᠤ ᠠᠮᠠᠷᠠᠯᠲᠠ ᠪᠠᠨ ᠠᠪᠣᠭᠰᠠᠨ ᠤ ᠳᠠᠷᠠᠭ᠎ᠠ᠂ 1979 ᠣᠨ ᠳᠤ ᠪᠣᠯᠣᠭᠰᠠᠨ | ᠪᠥᠬᠦ ᠠᠽᠢᠶ᠎ᠠ ᠶᠢᠨ ᠪᠣᠳ᠋ᠳ᠋ᠾᠡ ᠶᠢᠨ ᠱᠠᠰᠢᠨ ᠤ ᠶᠡᠭᠡ ᠬᠤᠷᠠᠯ ᠳᠤ ᠣᠷᠣᠯᠴᠠᠵᠤ ᠣᠷᠣᠰ᠂ ᠮᠣᠩᠭᠤᠯ᠂ ᠡᠨᠡᠳᠬᠡᠭ᠂ | ᠰᠢᠶᠠᠩᠭᠠᠩ᠂ ᠲᠠᠶᠢᠸᠠᠨ ᠵᠡᠷᠭᠡ ᠣᠯᠠᠨ ᠭᠠᠵᠠᠷ ᠢᠶᠠᠷ ᠲᠣᠭᠤᠷᠢᠨ ᠦᠵᠡᠵᠡᠢ᠃ 1979 ᠣᠨ ᠤ ᠡᠪᠦᠯ ᠠᠴᠠ ᠨᠢᠦ᠋ | ᠶᠣᠷᠺ ᠬᠤᠲᠠ ᠳᠤ ᠠᠮᠠᠷᠠᠯᠲᠠ ᠬᠢᠵᠦ ᠰᠠᠭᠤᠵᠤ ᠪᠠᠶᠢᠭᠠᠳ᠂ 1984 ᠣᠨ ᠣᠨ ᠠᠴᠠ ᠵᠢᠶᠣᠤ ᠪᠦᠷᠣᠨᠰᠸᠧᠢᠺᠠ | ᠬᠤᠲᠠᠨ ᠳᠤ ᠰᠢᠯᠵᠢᠨ ᠰᠠᠭᠤᠵᠤ᠂ ᠠᠮᠧᠷᠢᠺᠠ ᠶᠢᠨ ᠵᠠᠰᠠᠭ ᠤᠨ ᠵᠥᠪᠰᠢᠶᠡᠷᠡᠯ ᠢ ᠠᠪᠴᠤ ︽ᠮᠣᠩᠭᠤᠯ ᠤᠨ ᠠᠵᠤ | ᠠᠮᠢᠳᠣᠷᠠᠯ᠂ ᠰᠣᠶᠣᠯ ᠤᠨ ᠰᠠᠭᠤᠷᠢᠨ︾ ᠭᠡᠰᠡᠨ ᠦᠵᠡᠮᠦᠷᠢ ᠶᠢᠨ ᠭᠠᠵᠠᠷ ᠢ ᠪᠠᠶᠢᠭᠤᠯᠣᠨ ᠦᠨᠳᠦᠰᠦᠲᠡᠨ ᠤ ᠪᠠᠨ | ᠰᠣᠶᠣᠯ ᠲᠡᠦᠬᠡ ᠪᠠᠨ ᠳᠡᠯᠡᠬᠡᠢ ᠳ᠋ᠠᠬᠢᠨ ᠳᠤ ᠣᠬᠠᠭᠤᠯᠵᠠᠢ᠃ ᠲᠡᠷᠡ ᠠᠮᠧᠷᠢᠺᠠ ᠶᠢᠨ ᠣᠯᠠᠨ ᠭᠠᠵᠠᠷ ᠤᠨ ᠶᠡᠭᠡ | ᠰᠣᠷᠭᠠᠭᠤᠯᠢ ᠨᠤᠭᠤᠳ ᠲᠤ ᠵᠠᠯᠠᠭᠳᠠᠵᠤ ᠮᠣᠩᠭᠤᠯ ᠲᠡᠦᠬᠡ ᠪᠠ ᠡᠮᠨᠡᠯᠭᠡ᠂ ᠵᠢᠷᠣᠬᠠᠢ ᠶᠢᠨ ᠣᠬᠠᠭᠠᠨ᠂ ᠬᠡᠯᠡ | ᠠᠶᠠᠯᠭᠤᠨ ᠤ ᠬᠢᠴᠢᠶᠡᠯ ᠢ ᠵᠢᠭᠠᠵᠤ ᠮᠠᠰᠢ ᠶᠠᠭᠠᠷᠠᠤ ᠠᠵᠢᠯᠯᠠᠵᠤ ᠪᠠᠶᠢᠭᠰᠠᠨ ᠪᠥᠭᠡᠳ ᠮᠥᠨ ᠠᠮᠧᠷᠢᠺᠠ ᠬᠦᠮᠦᠰ ᠤᠨ | ᠵᠠᠯᠠᠯᠭ᠎ᠠ ᠪᠠᠷ ᠮᠣᠩᠭᠤᠯ ᠬᠤᠭᠤᠯᠠ ᠪᠣᠳᠠᠭ᠎ᠠ ᠬᠢᠬᠦ ᠶᠢ ᠴᠦ ᠵᠢᠭᠠᠳᠠᠭ ᠪᠠᠶᠢᠨ᠎ᠠ᠃ | ᠪᠠᠲᠤ ᠴᠣᠷᠵᠢ ᠯᠠᠮᠠᠬᠠᠢ ᠡᠨᠡᠳᠬᠡᠭ ᠣᠯᠣᠰ ᠲᠤ ᠶᠢᠰᠦᠨ ᠵᠢᠯ᠂ ᠠᠮᠧᠷᠢᠺᠠ ᠣᠯᠣᠰ ᠲᠤ ᠵᠢᠷᠭᠤᠭᠠᠨ ᠵᠢᠯ᠂ | ᠨᠡᠶᠢᠲᠡ ᠠᠷᠪᠠᠨ ᠲᠠᠪᠣᠨ ᠵᠢᠯ ᠬᠥᠯᠦᠰᠦᠨ ᠠᠵᠢᠯ ᠬᠢᠵᠦ ᠬᠥᠳᠡᠯᠮᠦᠷᠢᠯᠡᠬᠦ ᠶᠢᠨ ᠳᠠᠭᠠᠤ ᠮᠦᠨ ᠠᠨᠠᠭᠠᠬᠤ ᠣᠬᠠᠭᠠᠨ ᠢ | ᠰᠣᠷᠴᠤ ᠰᠣᠳᠣᠯᠣᠭᠰᠠᠭᠠᠷ ᠢᠷᠡᠵᠡᠢ᠃ | ᠪᠠᠲᠤ ᠴᠣᠷᠵᠢ ᠯᠠᠮᠠᠬᠠᠢ ᠮᠣᠩᠭᠤᠯ ᠡᠮᠨᠡᠯᠭᠡ ᠶᠢᠨ ᠳᠡᠭᠡᠳᠦ ᠬᠡᠮᠵᠢᠶᠡᠨ ᠤ ᠣᠨᠣᠯ ᠪᠠ ᠮᠡᠷᠭᠡᠵᠢᠯ ᠢ ᠡᠵᠡᠮᠰᠢᠨ᠂ | ᠠᠮᠧᠷᠢᠺᠠ ᠣᠯᠣᠰ ᠲᠤ ᠮᠣᠩᠭᠤᠯ ᠡᠮᠨᠡᠯᠭᠡ ᠶᠢᠨ ᠠᠵᠢᠯ ᠢ ᠬᠢᠬᠦ ᠶᠢᠨ ᠬᠠᠮᠲᠤ᠂ ᠮᠣᠩᠭᠤᠯ ᠡᠮᠨᠡᠯᠭᠡ ᠶᠢ ᠳᠠᠶᠠᠩ | ᠳᠡᠯᠡᠬᠡᠢ ᠳᠤ ᠲᠠᠨᠢᠯᠴᠠᠭᠤᠯᠣᠭᠰᠠᠨ ᠪᠠᠶᠢᠨ᠎ᠠ᠃ ᠲᠡᠷᠡ ᠪᠣᠯ ᠠᠮᠧᠷᠢᠺᠠ ᠳᠤ ᠠᠯᠳᠠᠷ ᠨᠡᠷ᠎ᠡ ᠪᠠᠨ ᠮᠠᠨᠳᠣᠭᠤᠯᠣᠭᠰᠠᠨ | ᠮᠣᠩᠭᠤᠯ ᠡᠮᠨᠡᠯᠭᠡ ᠶᠢᠨ ᠡᠷᠳᠡᠮᠲᠡᠨ ᠶᠣᠮ᠃ | 1986 ᠣᠨ ᠳᠤ ᠪᠠᠲᠤ ᠴᠣᠷᠵᠢ ᠯᠠᠮᠠᠬᠠᠢ᠂ ᠳᠣᠮᠳᠠᠳᠤ ᠣᠯᠣᠰ ᠢᠶᠠᠷ ᠠᠶᠢᠯᠴᠢᠯᠠᠨ᠂ ᠥᠪᠡᠷ ᠤᠨ | ᠲᠥᠷᠦᠭᠰᠡᠨ ᠨᠣᠲᠤᠭ ᠰᠢᠯᠣᠭᠤᠨ ᠬᠥᠬᠡ ᠬᠤᠰᠢᠭᠤᠨ ᠤ ᠵᠢᠭᠠᠰᠣᠲᠠᠢ ᠰᠣᠮᠣᠨ ᠤ ᠰᠢᠷᠡᠭᠡᠲᠦ ᠭᠠᠴᠠᠭᠠᠨ ᠳᠤ ᠪᠠᠶᠢᠬᠤ | ᠰᠠᠳᠣᠨ ᠲᠥᠷᠦᠯ ᠢᠶᠠᠨ ᠡᠷᠭᠢᠵᠦ ᠦᠵᠡᠪᠡ᠃ ᠲᠡᠭᠦᠨ ᠢ ᠢᠷᠡᠬᠦ ᠦᠶ᠎ᠡ ᠳᠤ ᠰᠢᠯᠢ ᠶᠢᠨ ᠭᠤᠣᠯ ᠠᠶᠢᠮᠠᠭ ᠤᠨ | ᠬᠠᠷᠢᠶᠠᠲᠤ ᠶᠢᠨ ᠠᠯᠪᠠᠨ ᠭᠡᠷ᠂ ᠭᠠᠳᠠᠭᠠᠳᠤ ᠶᠠᠪᠣᠳᠠᠯ ᠤᠨ ᠠᠯᠪᠠᠨ ᠭᠡᠷ᠂ ᠰᠢᠯᠣᠭᠤᠨ ᠬᠥᠬᠡ ᠬᠤᠰᠢᠭᠤᠨ ᠤ ᠠᠷᠠᠳ | ᠤᠨ ᠶᠠᠪᠣᠳᠠᠯ ᠤᠨ ᠳᠣᠪᠴᠢᠶ᠎ᠠ ᠠᠴᠠ ᠬᠦᠮᠦᠨ ᠲᠣᠮᠢᠯᠠᠨ᠂ ᠪᠡᠭᠡᠵᠢᠩ ᠠᠴᠠ ᠳᠣᠰᠣᠭᠤᠯᠣᠭᠰᠠᠨ ᠪᠥᠭᠡᠳ 8 ᠰᠠᠷ᠎ᠠ | ᠶᠢᠨ 30 ᠤ ᠡᠳᠦᠷ ᠰᠢᠯᠢᠩᠬᠤᠳᠠ ᠳᠤ ᠬᠦᠷᠬᠦ ᠳᠤ ᠥᠪᠦᠷ ᠮᠣᠩᠭᠤᠯ ᠤᠨ ᠶᠡᠭᠡ ᠰᠣᠷᠭᠠᠭᠤᠯᠢ ᠶᠢᠨ ᠳᠠᠷᠤᠭ᠎ᠠ | ᠳᠥᠪᠰᠢᠨ ᠪᠣᠯᠣᠨ ᠰᠣᠳᠨᠠᠮᠳᠠᠷᠵᠠ᠂ ᠪ᠊ · ᠪᠥᠷᠢᠨᠪᠠᠬᠢ᠂ ᠳᠣᠭᠲᠠᠪᠠᠶᠠᠷ᠂ ᠷᠢᠨᠴᠢᠨ᠂ ᠸᠴᠢᠷ᠂ ᠳᠠᠨᠵᠢᠨᠰᠦ᠋ᠷᠦᠩ᠂ | ᠶᠣᠣᠺᠤ᠂ ᠯᠢ ᠪᠥᠸᠧ᠂ ᠵᠧᠩ ᠬᠤᠩ ᡁᠢ᠂ ᠰᠢᠦᠢ ᠪᠢᠩ ᠰᠢᠶᠦ᠋ᠨ ᠵᠡᠷᠭᠡ ᠡᠷᠳᠡᠮᠲᠡᠨ ᠪᠠᠭᠰᠢ ᠨᠠᠷ ᠠᠭᠤᠯᠵᠠᠭᠰᠠᠨ | ᠪᠥᠭᠡᠳ ᠨᠢᠭᠡ ᠨᠣᠲᠤᠭ ᠤᠨ ᠳᠡᠭᠦᠦ ᠨᠠᠷ ᠬᠡᠦᠬᠡᠳ ᠪᠣᠯᠬᠤ ᠰᠠᠶᠢᠰᠢᠶᠠᠯ᠂ ᠰᠠᠷᠠᠩᠭᠤᠸ᠎ᠠ᠂ ᠴᠤᠭ᠂ ᠪᠢᠯᠢᠭᠦᠨᠳᠠᠯᠠᠢ᠂ | ᠷᠢ᠊ · ᠰᠡᠴᠡᠨᠴᠣᠭᠲᠤ᠂ ᠪᠠᠶᠢᠭᠠᠯᠢ ᠨᠠᠷ ᠠᠭᠤᠯᠵᠠᠵᠤ᠂ ᠰᠠᠶᠢᠰᠢᠶᠠᠯ ᠰᠣᠳᠨᠠᠮᠳᠠᠷᠵᠠ ᠶᠢᠨ ᠭᠡᠷ ᠲᠤ ᠠᠶᠢᠯᠴᠢᠯᠠᠨ | ᠬᠦᠷᠪᠡ᠃ ᠮᠥᠨ ᠲᠥᠪ ᠤᠨ ᠡᠷᠡᠭᠦᠯ ᠬᠠᠮᠠᠭᠠᠯᠠᠬᠤ ᠶᠠᠮᠣᠨ ᠤ ᠡᠮᠨᠡᠯᠭᠡ ᠶᠢᠨ ᠵᠣᠷᠭᠠᠨ ᠤ ᠳᠡᠳ᠋ ᠳᠠᠷᠤᠭ᠎ᠠ | ᠰᠠᠶᠢᠰᠢᠩᠭ᠎ᠠ ᠢᠷᠡᠵᠦ ᠥᠪᠦᠷ ᠮᠣᠩᠭᠤᠯ ᠤᠨ ᠮᠣᠩᠭᠤᠯ ᠬᠢᠲᠠᠳ ᠡᠮᠨᠡᠯᠭᠡ ᠶᠢᠨ ᠬᠤᠷᠢᠶᠠᠨ ᠤ ᠬᠤᠷᠠᠯ ᠤᠨ ᠭᠡᠷ ᠲᠤ | ᠳᠣᠰᠬᠠᠶᠢᠯᠠᠨ ᠬᠦᠯᠢᠶᠡᠨ ᠠᠪᠴᠤ ᠠᠭᠤᠯᠵᠠᠬᠤ ᠳᠠᠭᠠᠨ ᠪᠠᠲᠤ ᠴᠣᠷᠵᠢ ᠯᠠᠮᠠᠬᠠᠢ ᠶᠢᠨ ᠦᠨᠳᠦᠰᠦᠲᠡᠨ ᠤ ᠪᠠᠨ ᠡᠮ | ᠡᠮᠨᠡᠯᠭᠡ ᠪᠠᠨ ᠠᠮᠧᠷᠢᠺᠠ ᠳᠤ ᠳᠡᠯᠭᠡᠷᠡᠭᠦᠯᠦᠨ ᠳᠡᠯᠡᠬᠡᠢ ᠳ᠋ᠠᠬᠢᠨ ᠳᠤ ᠳᠠᠨᠢᠯᠴᠠᠭᠤᠯᠣᠭᠰᠠᠨ ᠠᠯᠳᠠᠷ ᠭᠠᠪᠢᠶ᠎ᠠ ᠶᠢ | ᠥᠨᠳᠦᠷ ᠦᠨᠡᠯᠡᠭᠰᠡᠨ ᠪᠠᠶᠢᠨ᠎ᠠ᠃ ᠥᠪᠦᠷ ᠮᠣᠩᠭᠤᠯ ᠤᠨ ᠣᠯᠣᠰ ᠲᠥᠷᠦ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ᠂ | ᠥᠪᠦᠷ ᠮᠣᠩᠭᠤᠯ ᠤᠨ ᠱᠠᠰᠢᠨ ᠰᠣᠷᠳᠠᠬᠤᠨ ᠤ ᠨᠡᠶᠢᠭᠡᠮᠯᠢᠭ ᠤᠨ ᠣᠯᠠᠭᠠᠨ ᠭᠡᠭᠡᠨ ᠠᠴᠠ ᠪᠠᠲᠤ ᠴᠣᠷᠵᠢ ᠯᠠᠮᠠᠬᠠᠢ ᠶᠢ | ᠰᠢᠷᠡᠭᠡᠲᠦ ᠵᠣᠤ ᠳᠤ ᠣᠷᠢᠨ ᠠᠭᠤᠯᠵᠠᠵᠤ᠂ ᠥᠪᠦᠷ ᠮᠣᠩᠭᠤᠯ ᠤᠨ ᠨᠠᠮ ᠤᠨ ᠬᠤᠷᠢᠶᠠᠨ ᠤ ᠠᠯᠪᠠᠨ ᠭᠡᠷ᠂ ᠥᠪᠦᠷ | ᠮᠣᠩᠭᠤᠯ ᠤᠨ ᠱᠠᠰᠢᠨ ᠰᠣᠷᠲᠠᠬᠤᠨ ᠤ ᠨᠡᠶᠢᠭᠡᠮᠯᠢᠭ ᠠᠴᠠ ᠰᠢᠨᠡᠬᠤᠲᠠ ᠵᠣᠴᠢᠳ ᠤᠨ ᠪᠠᠭᠤᠳᠠᠯ ᠳᠤ ᠳᠣᠰᠬᠠᠢ | ᠳᠠᠶᠢᠯᠠᠯᠭ᠎ᠠ ᠬᠢᠵᠦ᠂ ᠣᠯᠠᠭᠠᠨ ᠭᠡᠭᠡᠨ ᠪᠠ ᠥᠪᠦᠷ ᠮᠣᠩᠭᠤᠯ ᠤᠨ ᠨᠠᠮ ᠤᠨ ᠬᠤᠷᠢᠶᠠᠨ ᠤ ᠠᠯᠪᠠᠨ ᠭᠡᠷ ᠤᠨ | ᠴᠢᠯᠠᠭᠤᠨᠪᠠᠭᠠᠨ᠎ᠠ᠂ ᠥᠪᠦᠷ ᠮᠣᠩᠭᠤᠯ ᠤᠨ ᠶᠡᠭᠡ ᠰᠣᠷᠭᠠᠭᠤᠯᠢ ᠶᠢᠨ ᠳᠥᠪᠰᠢᠨ᠂ ᠰᠢᠦᠢ ᠪᠢᠩ ᠰᠢᠶᠦ᠋ᠨ᠂ ᠯᠢ | ᠪᠥᠸᠧ᠂ ᠵᠧᠩ ᠬᠤᠩ ᡁᠢ᠂ ᠲᠣᠭᠲᠠᠪᠠᠶᠠᠷ ᠨᠠᠷ ᠣᠷᠣᠯᠴᠠᠵᠤ᠂ ᠪᠠᠲᠤ ᠴᠣᠷᠵᠢ ᠯᠠᠮᠠᠬᠠᠢ ᠶᠢᠨ ᠨᠣᠲᠤᠭ ᠢᠶᠠᠨ | ᠡᠷᠭᠢᠵᠦ ᠦᠵᠡᠬᠦ ᠪᠠᠷ ᠢᠷᠡᠭᠰᠡᠨ ᠢ ᠪᠡᠯᠭᠡᠯᠡᠪᠡ᠃ | ᠲᠡᠷᠡ ᠪᠠᠷ ᠠᠮᠧᠷᠢᠺᠠ ᠳᠤ ᠨᠣᠲᠣᠭᠯᠠᠵᠤ ᠪᠠᠶᠢᠬᠤ ᠳᠠᠭᠠᠨ ᠠᠮᠧᠷᠢᠺᠠ ᠮᠣᠩᠭᠤᠯᠴᠣᠳ ᠤᠨ ᠨᠡᠶᠢᠭᠡᠮᠯᠢᠭ ᠤᠨ | ᠭᠡᠰᠢᠭᠦᠨ᠂ ᠳᠡᠳ᠋ ᠲᠡᠷᠢᠭᠦᠯᠡᠭᠴᠢ ᠶᠢᠨ ᠳᠣᠰᠢᠶᠠᠯ ᠢ ᠬᠠᠷᠢᠭᠤᠴᠠᠵᠤ ᠥᠩᠭᠡᠷᠡᠵᠡᠢ᠃ | 1991 ᠣᠨ ᠤ 12 ᠰᠠᠷ᠎ᠠ ᠶᠢᠨ 5 ᠤ ᠡᠳᠦᠷ᠂ ᠪᠠᠲᠤ ᠴᠣᠷᠵᠢ ᠯᠠᠮᠠᠬᠠᠢ ᠬᠦᠨᠳᠦ ᠰᠢᠷᠬᠠᠯᠠᠭᠠᠳ | ᠠᠮᠧᠷᠢᠺᠠ ᠶᠢᠨ ᠨᠢᠦ᠋ ᠶᠣᠷᠺ ᠬᠤᠳᠠᠨ ᠳᠤ ᠲᠠᠭᠠᠯᠠᠯ ᠲᠡᠭᠦᠰᠴᠠᠢ᠃ ᠨᠠᠰᠣᠨ ᠰᠡᠭᠦᠳᠡᠷ ᠳᠠᠯᠠᠨ ᠭᠤᠷᠪᠠ᠃ ᠲᠡᠭᠦᠨ ᠤ | ᠭᠡᠷᠢᠶᠡᠰᠦ ᠪᠠᠷ ᠱᠠᠷᠢᠯ ᠢ ᠨᠢ ᠲᠥᠷᠦᠭᠰᠡᠨ ᠨᠣᠲᠤᠭ ᠲᠤᠨᠢ ᠬᠥᠨᠲᠦᠳᠭᠡᠨ ᠣᠷᠣᠰᠢᠭᠤᠯᠣᠭᠰᠠᠨ ᠪᠠᠶᠢᠨ᠎ᠠ᠃ | ᠲᠥᠷᠦᠭᠰᠡᠨ ᠨᠣᠲᠤᠭ ᠲᠤᠨᠢ ᠬᠦᠷᠭᠡᠵᠦ ᠢᠷᠡᠭᠰᠡᠨ ᠱᠠᠷᠢᠯ ᠢ ᠨᠢ 1993 ᠣᠨ ᠤ 11 ᠰᠠᠷ᠎ᠠ ᠶᠢᠨ 29 ᠤ ᠡᠳᠦᠷ᠂ | ᠰᠢᠯᠣᠭᠤᠨ ᠬᠥᠬᠡ ᠬᠤᠰᠢᠭᠤᠨ ᠤ ᠵᠢᠭᠠᠰᠣᠲᠠᠢ ᠰᠣᠮᠣᠨ ᠤ ᠰᠢᠷᠡᠭᠡᠲᠦ ᠨᠠᠭᠤᠷ ᠤᠨ ᠵᠡᠭᠦᠨ ᠳᠡᠭᠡᠷᠡᠬᠢ ᠥᠨᠳᠦᠷ | ᠰᠢᠯᠢ ᠳᠡᠭᠡᠷ᠎ᠡ ᠬᠥᠨᠲᠦᠳᠭᠡᠨ ᠣᠷᠣᠰᠢᠭᠤᠯᠪᠠ᠃ ᠣᠷᠣᠰᠢᠭᠤᠯᠬᠤ ᠶᠣᠰᠣᠯᠠᠯ ᠢ ᠰᠢᠷᠡᠭᠡᠲᠦ ᠭᠠᠴᠠᠭᠠᠨ ᠤ | ᠣᠳᠣᠷᠢᠳᠣᠯᠭ᠎ᠠ ᠠᠴᠠ ᠡᠷᠬᠢᠯᠡᠵᠦ᠂ ᠠᠶᠢᠯ ᠠᠶᠢᠮᠠᠭ᠂ ᠲᠥᠷᠦᠯ ᠰᠠᠳᠣᠨ ᠵᠡᠷᠭᠡ ᠶᠢᠨ ᠬᠤᠶᠠᠷ ᠵᠠᠭᠤ ᠭᠠᠷᠣᠢ ᠬᠦᠮᠦᠨ | ᠣᠷᠣᠯᠴᠠᠵᠤ᠂ ᠬᠤᠰᠢᠭᠤ ᠣᠯᠣᠰ ᠲᠥᠷᠦ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ᠂ ᠥᠪᠦᠷ ᠮᠣᠩᠭᠤᠯ ᠤᠨ | ᠪᠣᠷᠬᠠᠨ ᠱᠠᠰᠢᠨᠲᠠᠨ ᠤ ᠨᠡᠶᠢᠭᠡᠮᠯᠢᠭ ᠤᠨ ᠭᠡᠰᠢᠭᠦᠨ᠂ ᠬᠤᠰᠢᠭᠤ ᠮᠣᠩᠭᠤᠯ ᠡᠮᠨᠡᠯᠭᠡ ᠶᠢᠨ ᠬᠤᠷᠢᠶᠠᠨ ᠤ ᠭᠤᠣᠯᠯᠠᠬᠤ | ᠮᠣᠩᠭᠤᠯ ᠡᠮᠴᠢ ᠯᠾᠠᠮᠣᠰᠦ᠋ᠷᠦᠩ᠂ ᠠᠶᠢᠮᠠᠭ ᠤᠨ ᠮᠣᠩᠭᠤᠯ ᠡᠮᠨᠡᠯᠭᠡ ᠶᠢᠨ ᠰᠣᠳᠣᠯᠬᠤ ᠭᠠᠵᠠᠷ ᠤᠨ ᠰᠣᠳᠣᠯᠣᠭᠴᠢ | ᠲᠠᠮᠦᠷᠧᠴᠢᠷ ᠵᠡᠷᠭᠡ ᠬᠦᠮᠦᠰ ᠪᠠᠰᠠ ᠣᠷᠣᠯᠴᠠᠪᠠ᠃ 1994 ᠣᠨ ᠤ ᠵᠣᠨ ᠠᠴᠢ ᠬᠦᠦ ᠭᠡᠷᠡᠯᠲᠦ ᠨᠢ 6 ᠮᠧᠲᠷ | ᠥᠨᠳᠦᠷ ᠴᠠᠭᠠᠨ ᠰᠣᠪᠣᠷᠭ᠎ᠠ ᠪᠣᠰᠬᠠᠵᠤ ᠳᠠᠬᠢᠵᠠᠢ᠃ | ᠪᠠᠲᠤ᠂ 1996 ᠣᠨ ᠳᠤ ︽ᠴᠠᠬᠠᠷ ᠰᠢᠯᠣᠭᠤᠨ ᠬᠥᠬᠡ ᠬᠤᠰᠢᠭᠤ︾ ᠬᠡᠮᠡᠬᠦ ᠨᠣᠮ ᠳᠤ ᠲᠡᠮᠳᠡᠭᠯᠡᠭᠳᠡᠵᠡᠢ᠃ | | |