ᠠᠭᠸᠠᠩ
ᠨᠡᠶᠢᠲᠡᠯᠡᠭᠰᠡᠨ ᠴᠠᠭ᠄
2020/4/3
       ᠠᠭᠸᠠᠩ ︵1914~ 1981 ᠣᠨ︶᠂ ᠴᠠᠬᠠᠷ ᠳᠣᠰᠬᠠᠢ ᠣᠷᠣᠨ ᠤ ᠮᠢᠩᠭᠠᠨ ᠮᠠᠯᠵᠢᠯ ᠤᠨ ᠲᠠᠯᠠᠪᠠᠢ ᠎ ᠶᠢᠨ ᠰᠢᠯᠣᠭᠤᠨ ᠴᠠᠭᠠᠨ ᠬᠤᠨᠢᠨ ᠰᠦᠷᠦᠭ ᠤᠨ ᠰᠦᠮᠡᠲᠦ ᠶᠢᠨ ᠭᠤᠣᠯ ᠤᠨ ᠮᠠᠯᠴᠢᠨ ᠪᠣᠷᠣᠠᠦ᠋ᠬᠢᠨ ᠤ ᠭᠡᠷ ᠲᠤ ᠲᠥᠷᠦᠪᠡ᠃        1924~ 1929 ᠣᠨ ᠬᠦᠷᠲᠡᠯ᠎ᠡ ᠭᠡᠷ ᠲᠡᠭᠡᠨ ᠲᠥᠪᠡᠳ ᠪᠢᠴᠢᠭ ᠵᠢᠭᠠᠯᠭᠠᠵᠤ᠂ 1929~ 1933 ᠣᠨ ᠳᠤ ᠰᠢᠯᠢ ᠶᠢᠨ ᠭᠤᠣᠯ ᠶᠢᠨ ᠪᠠᠶᠢᠰᠠ ᠶᠢᠨ ᠰᠦᠮ᠎ᠡ ᠳᠤ ᠯᠠᠮᠠ ᠪᠣᠯᠪᠠ᠃ 1933~ 1941 ᠣᠨ ᠬᠦᠷᠲᠡᠯ᠎ᠡ ᠭᠡᠷ ᠲᠡᠭᠡᠨ ᠮᠠᠯ ᠮᠠᠯᠵᠢᠵᠤ ᠰᠠᠭᠤᠵᠠᠢ᠃       1941~ 1945 ᠣᠨ ᠬᠦᠷᠲᠡᠯ᠎ᠡ ᠴᠢᠭᠤᠯᠣᠯᠲᠤ ᠬᠠᠭᠠᠯᠭ᠎ᠠ ᠬᠤᠲᠠᠨ ᠳᠤ ᠮᠣᠩᠭᠤᠯ ᠬᠢᠵᠠᠭᠠᠷ ᠤᠨ ᠡᠳᠦᠷ ᠤᠨ ᠰᠣᠨᠢᠨ ᠤ ᠬᠤᠷᠢᠶ᠎ᠠ ᠳᠤ ᠵᠢᠷᠣᠭᠴᠢᠨ ᠪᠣᠯᠵᠠᠢ᠃ 1945 ᠣᠨ ᠤ 8 ᠰᠠᠷ᠎ᠠ ᠠᠴᠠ 1950 ᠣᠨ ᠬᠦᠷᠲᠡᠯ᠎ᠡ ᠭᠡᠷ ᠲᠡᠭᠡᠨ ᠪᠠᠶᠢᠵᠤ 1950~ 1954 ᠣᠨ ᠬᠦᠷᠲᠡᠯ᠎ᠡ ᠴᠠᠬᠠᠷ ᠠᠶᠢᠮᠠᠭ ᠤᠨ ᠰᠣᠶᠣᠯ ᠤᠨ ᠠᠩᠭᠢ ᠎ ᠳᠤ ᠠᠵᠢᠯᠯᠠᠪᠠ᠃ 1954~ 1956 ᠣᠨ ᠬᠦᠷᠲᠡᠯ᠎ᠡ ᠭᠡᠷ ᠲᠡᠭᠡᠨ ᠰᠠᠭᠤᠪᠠ᠃ 1956~ 1961 ᠣᠨ ᠬᠦᠷᠲᠡᠯ᠎ᠡ ᠰᠢᠯᠣᠭᠤᠨ ᠬᠥᠬᠡ ᠬᠤᠰᠢᠭᠤᠨ ᠤ ᠣᠯᠠᠭᠠᠨᠮᠦ᠋ᠴᠢᠷ ᠲᠤ ᠠᠵᠢᠯᠯᠠᠵᠠᠢ᠃ 1981 ᠣᠨ ᠳᠤ ᠴᠢᠭᠤᠯᠣᠯᠲᠤ ᠬᠠᠭᠠᠯᠭ᠎ᠠ ᠬᠤᠲᠠᠨ᠎ᠠ ᠡᠪᠡᠳᠴᠢᠨ ᠢᠶᠠᠷ ᠨᠠᠰᠤ ᠪᠠᠷᠠᠪᠠ᠃         ᠵᠢᠷᠣᠭᠴᠢᠨ ᠠᠭᠸᠠᠩ 13 ᠨᠠᠰᠣᠲᠠᠢ ᠳᠠᠭᠠᠨ ︽ᠴᠠᠭᠠᠨ ᠡᠪᠦᠭᠡᠨ︾ ᠬᠡᠮᠡᠬᠦ ᠠᠩᠬᠠᠨ ᠤ ᠪᠥᠲᠦᠭᠡᠯ ᠪᠣᠯᠬᠤ ᠣᠰᠣᠨ ᠪᠣᠳᠤᠭ ᠤᠨ ᠵᠢᠷᠤᠭ ᠢᠶᠠᠨ ᠵᠢᠷᠣᠵᠤ᠂ ᠲᠡᠭᠦᠨ ᠤ ᠳᠠᠷᠠᠭ᠎ᠠ ᠣᠯᠠᠨ ᠤ ᠰᠣᠨᠢᠷᠬᠠᠯ ᠢ ᠳᠠᠲᠠᠭᠰᠠᠨ ᠨᠢ ︽ᠮᠣᠯᠣᠨ ᠳᠣᠶᠢᠨ ᠡᠬᠡ ᠶᠢᠨ ᠠᠴᠢ ᠶᠢ ᠬᠠᠷᠢᠭᠤᠯᠣᠭᠰᠠᠨ ᠠᠨᠤ︾ ᠬᠡᠮᠡᠬᠦ ᠦᠯᠢᠭᠡᠷᠲᠦ ᠵᠢᠷᠤᠭ ᠪᠣᠯᠣᠨ᠎ᠠ᠃ ᠬᠤᠷᠢᠭᠠᠳ ᠨᠠᠰᠣᠨ ᠳᠠᠭᠠᠨ ︽ᠳᠦᠢᠩᠺᠦᠷ ᠤᠨ ᠬᠤᠲᠠ ᠮᠠᠨᠳᠠᠯ︾ ᠬᠡᠮᠡᠬᠦ ᠬᠠᠨ᠎ᠠ ᠶᠢᠨ ᠵᠢᠷᠤᠭ ᠢ ᠬᠠᠳᠠᠨᠬᠤᠰᠢᠭᠤ ᠰᠦᠮ᠎ᠡ ᠳᠤ ᠵᠢᠷᠣᠵᠤ᠂ 27 ᠨᠠᠰᠣᠨ ᠳᠠᠭᠠᠨ ︽ᠨᠠᠷᠠᠸ᠎ᠠ ᠰᠦᠮ᠎ᠡ︾᠎ ᠶᠢᠨ ᠴᠠᠮ ᠤᠨ ᠪᠠᠭ ᠢ ᠴᠠᠷᠳᠠᠵᠤ᠂ ᠴᠠᠭ ᠤᠨ ᠬᠡᠷᠡᠭᠰᠡᠯ᠂ ᠴᠠᠮ ᠤᠨ ᠵᠠᠰᠠᠯ ᠬᠤᠪᠴᠠᠰᠤ ᠶᠢ ᠣᠷᠠᠯᠠᠨ ᠴᠢᠮᠡᠭᠯᠡᠭᠰᠡᠨ ᠨᠢ ᠴᠠᠬᠠᠷ ᠤᠨ ᠣᠯᠠᠨ ᠰᠦᠮ᠎ᠡ ᠶᠢᠨ ᠴᠠᠮ ᠤᠨ ᠪᠠᠭ ᠠᠴᠠ ᠳᠠᠪᠠᠭᠰᠠᠨ ᠪᠠᠶᠢᠪᠠ᠃         1950~ 1958 ᠣᠨ ᠬᠦᠷᠲᠡᠯ᠎ᠡ ᠠᠷᠠᠳ ᠨᠡᠶᠢᠲᠡ ᠶᠢᠨ ᠰᠣᠩᠭᠤᠭᠤᠯᠢ᠂ ᠠᠩᠬᠠᠳᠠᠭᠴᠢ ᠲᠠᠪᠣᠨ ᠵᠢᠯ ᠤᠨ ᠲᠥᠯᠦᠪᠯᠡᠭᠡ᠂ ᠬᠤᠷᠰᠢᠶᠠᠵᠢᠭᠤᠯᠣᠯᠲᠠ ᠶᠢ ᠣᠷᠠᠯᠠᠨ ᠵᠢᠷᠣᠵᠤ ᠢᠳᠡᠪᠬᠢᠲᠡᠢ ᠣᠬᠠᠭᠤᠯᠪᠠ᠃ 1958 ᠣᠨ ᠎ ᠳᠤ ᠥᠪᠦᠷ ᠮᠣᠩᠭᠤᠯ ᠤᠨ ᠮᠦᠽᠸᠢ ᠶᠢ ᠪᠠᠶᠢᠭᠤᠯᠬᠤ ᠠᠵᠢᠯ ᠳᠤ ᠣᠷᠣᠯᠴᠠᠵᠤ᠂ ᠵᠢᠷᠣᠬᠤ᠂ ᠱᠣᠭᠤᠮᠠᠯ᠂ ᠴᠠᠷᠳᠠᠮᠠᠯ᠂ ᠪᠠᠷᠢᠮᠠᠯ ᠤᠨ ᠠᠵᠢᠯ ᠢ ᠠᠷᠪᠢᠨ ᠬᠢᠵᠠᠢ᠃ ᠠᠭᠸᠠᠩ 1960 ᠣᠨ ᠳᠤ ᠥᠪᠦᠷ ᠮᠣᠩᠭᠤᠯ ᠤᠨ ᠠᠩᠬᠠᠳᠠᠭᠴᠢ ᠣᠳᠠᠭᠠᠨ ᠤ ᠣᠳᠬ᠎ᠠ ᠣᠷᠠᠯᠢᠭ ᠤᠨ ᠲᠥᠯᠦᠭᠡᠯᠡᠭᠴᠢᠳ ᠤᠨ ᠶᠡᠭᠡ ᠬᠤᠷᠠᠯ ᠳᠤ ᠣᠷᠣᠯᠴᠠᠪᠠ᠃ ᠵᠢᠷᠣᠭᠴᠢᠨ ᠠᠭᠸᠠᠩ ᠤᠨ ᠵᠢᠷᠣᠭᠰᠠᠨ ︽ᠬᠤᠶᠠᠷ ᠪᠣᠣᠷ᠎ᠠ ᠶᠢᠨ ᠲᠡᠮᠡᠴᠡᠭᠡᠨ︾᠂ ︽ᠪᠠᠭ᠎ᠠ ᠡᠷᠢᠶᠡᠨ ᠤ ᠪᠠᠶᠢᠯᠳᠣᠭᠠᠨ︾᠂ ︽ᠱᠠᠩᠳᠤ ᠶᠢᠨ ᠭᠤᠣᠯ ᠤᠨ ᠬᠥᠪᠡᠭᠡᠨ ᠳᠠᠬᠢ ᠦᠬᠡᠷ ᠤᠨ ᠰᠦᠷᠦᠭ︾᠂ ︽ᠬᠤᠨᠢᠴᠢᠨ ᠬᠡᠦᠬᠡᠨ︾᠂ ︽ᠲᠠᠯ᠎ᠠ ᠨᠣᠲᠤᠭ ᠤᠨ ᠮᠠᠯᠴᠢᠳ︾ ᠵᠡᠷᠭᠡ ᠳᠣᠰᠣᠨ ᠪᠣᠳᠤᠭ ᠤᠨ ᠵᠢᠷᠤᠭ ᠨᠢ ᠲᠡᠭᠦᠨ ᠤ ᠰᠢᠯᠢᠳᠡᠭ ᠪᠥᠲᠦᠭᠡᠯ ᠤᠳ ᠪᠣᠯᠣᠨ᠎ᠠ ᠃ 1961 ᠣᠨ ᠳᠤ ᠨᠠᠮ ᠪᠠᠶᠢᠭᠤᠯᠣᠭᠳᠠᠭᠰᠠᠨ 40 ᠵᠢᠯ ᠤᠨ ᠣᠢ ᠳᠤ ᠪᠡᠯᠡᠭ ᠪᠣᠯᠭᠠᠵᠤ ᠵᠢᠷᠣᠭᠰᠠᠨ ︽ᠮᠣᠩᠭᠤᠯ ᠦᠨᠳᠦᠰᠦᠲᠡᠨ ᠤ ᠬᠡ ᠣᠭᠠᠯᠵᠠ︾ ᠬᠡᠮᠡᠬᠦ ᠳᠣᠮᠣ ᠳᠡᠪᠲᠡᠷ ᠨᠢ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠳᠤ ᠬᠡᠪᠯᠡᠭᠳᠡᠵᠡᠢ᠃ ᠡᠨᠡ ᠪᠣᠯ ᠲᠡᠭᠦᠨ ᠤ ᠮᠣᠩᠭᠤᠯ ᠦᠨᠳᠦᠰᠦᠲᠡᠨ ᠤ ᠣᠯᠠᠮᠵᠢᠯᠠᠯᠲᠤ ᠬᠡ ᠣᠭᠠᠯᠵᠠ ᠶᠢᠨ ᠥᠪ ᠬᠥᠷᠦᠩᠭᠡ ᠶᠢ ᠵᠠᠯᠭᠠᠮᠵᠢᠯᠠᠨ ᠠᠪᠴᠤ ᠬᠥᠭᠵᠢᠭᠦᠯᠦᠨ ᠳᠡᠯᠭᠡᠷᠡᠭᠦᠯᠦᠭᠰᠡᠨ ᠤ ᠣᠬᠢ ᠰᠣᠳᠤ ᠵᠢᠱᠢᠶ᠎ᠡ ᠪᠢᠯᠡ᠃         ᠠᠭᠸᠠᠩ᠂ 1990 ᠣᠨ ᠳᠤ ︽ᠴᠠᠬᠠᠷ ᠮᠣᠩᠭᠤᠯ︾᠂ ︽ᠰᠢᠯᠢ ᠶᠢᠨ ᠭᠤᠣᠯ ᠤᠨ ᠠᠯᠳᠠᠷᠲᠤ ᠬᠦᠮᠦᠰ ︾᠂ 2004 ᠣᠨ ᠳᠤ ︽ᠮᠢᠩᠭᠠᠨ ᠬᠤᠰᠢᠭᠤᠨ ᠤ ᠲᠡᠦᠬᠡ ᠶᠢᠨ ᠲᠣᠶᠢᠮᠤ︾᠂ ︽ᠰᠢᠯᠣᠭᠤᠨ ᠬᠥᠬᠡ ᠬᠤᠰᠢᠭᠤᠨ ᠎ ᠤ ᠣᠶᠢᠯᠠᠯᠭ᠎ᠠ ︵ᠳᠣᠣᠷᠠᠳᠤ︶︾ ᠬᠡᠮᠡᠬᠦ ᠵᠡᠷᠭᠡ ᠨᠣᠮ ᠳᠤ ᠲᠡᠮᠳᠡᠭᠯᠡᠭᠳᠡᠵᠡᠢ᠃       ︽ᠰᠢᠯᠣᠭᠤᠨ ᠬᠥᠬᠡ ᠬᠤᠰᠢᠭᠤᠨ ᠤ ᠴᠣᠣᠲᠤ ᠬᠦᠮᠦᠰ︾ ᠭᠡᠬᠦ ᠨᠣᠮ ᠠᠴᠠ ᠮᠠᠶᠢᠯᠠᠰᠤ ᠪᠠᠭᠤᠯᠭᠠᠪᠠ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号