ᠶᠤᠸᠠᠨ ᠤ ᠠᠪᠠ ᠬᠤᠮᠤᠷᠭ᠎ᠠ ᠶᠢᠨ ᠬᠦᠷᠢᠶᠡᠨ ᠤ ᠪᠠᠭᠤᠷᠢ
ᠨᠡᠶᠢᠲᠡᠯᠡᠭᠰᠡᠨ ᠴᠠᠭ᠄
2020/4/3
        ᠶᠡᠭᠡ ᠶᠤᠸᠠᠨ ᠤᠯᠤᠰ ᠤᠨ ᠦᠶ᠎ᠡ ᠶᠢᠨ ᠲᠡᠭᠡᠳᠦ ᠨᠠᠶᠢᠰᠯᠠᠯ ᠬᠤᠳᠠ ᠪᠠ ᠶᠡᠭᠡ ᠨᠡᠶᠢᠰᠯᠠᠯ ᠲᠠᠶᠢᠳᠤ ᠪᠡᠭᠡᠵᠢᠩ ᠬᠤᠳᠠ ᠶᠢᠨ ᠬᠤᠭᠤᠷᠤᠨᠳᠤ ᠨᠡᠪᠳᠡᠷᠡᠬᠦ ᠵᠡᠬᠦᠨ ᠵᠠᠮ ᠲᠡᠭᠡᠷ᠎ᠡ ᠬᠠᠭᠠᠨ ᠤ ᠠᠪᠠ ᠬᠤᠮᠤᠷᠭ᠎ᠠ ᠲᠠᠯᠪᠢᠬᠤ ᠭᠠᠵᠠᠷ ᠪᠤᠯᠤᠨ ᠵᠤᠭᠠᠴᠠᠨ ᠰᠡᠯᠡᠬᠦᠴᠡᠬᠦ ᠵᠡᠬᠦᠨ ᠰᠡᠷᠢᠬᠦᠨ ᠤᠷᠳᠤᠨ ᠬᠡᠮᠡᠬᠦ ᠴᠠᠭᠠᠨ ᠬᠤᠳᠠ ᠪᠠᠶᠢᠳᠠᠭ᠃ ᠲᠤᠬᠠᠢ ᠶᠢᠨ ᠦᠶᠠᠰ ᠠᠪᠠ ᠲᠠᠯᠪᠢᠵᠦ ᠪᠠᠶᠢᠭᠰᠠᠨ ᠠᠭᠤᠯᠠ ᠨᠢᠷᠤᠭᠤᠨ— ︽ᠰᠠᠶᠢᠬᠠᠨ ᠲᠠᠪᠠᠭ᠎ᠠ︾᠂ ︽ᠰᠦᠢᠬᠡ ᠶᠢᠨ ᠲᠠᠪᠠᠭ᠎ᠠ︾᠂ ︽ᠤᠯᠠᠭᠠᠨ ᠲᠠᠪᠠᠭ᠎ᠠ︾ ᠶᠢ ︽ᠠᠪᠠ ᠶᠢᠨ ᠠᠭᠤᠯᠠ︾ ᠬᠡᠳᠡᠭ᠃ ᠲᠡᠭᠡᠳᠦ ᠨᠠᠶᠢᠰᠯᠠᠯ ᠠᠴᠠ ᠵᠠᠭᠤ ᠭᠤᠴᠢᠭᠠᠳ ᠭᠠᠵᠠᠷ ᠵᠠᠶᠢᠳᠠᠢ᠃ ᠤᠢ ᠰᠢᠭᠤᠢ ᠰᠠᠬᠤᠯᠢᠭ ᠪᠢᠳᠡᠬᠦᠦ᠂ ᠠᠷᠢᠶᠠᠳᠠᠨ ᠬᠦᠷᠦᠬᠡᠰᠦ ᠰᠦᠷᠦᠭ ᠰᠦᠷᠦᠭ ᠲᠤᠭᠯᠠᠯᠳᠤᠭᠰᠠᠨ ᠲᠠᠩᠰᠤᠭ ᠪᠠᠶᠠᠨ ᠲᠠᠭᠰᠢᠨ ᠤᠷᠤᠨ ᠪᠢᠯᠡ᠃ ᠠᠪᠠ ᠶᠢᠨ ᠠᠭᠤᠯᠠ ᠶᠢᠨ ᠠᠷᠤ ᠪᠡᠯ ᠳᠤ ᠠᠪᠠ ᠶᠢᠨ ᠬᠦᠷᠢᠶᠡᠨ ᠤ ᠵᠠᠬᠢᠷᠭ᠎ᠠ ᠪᠠᠶᠢᠵᠦ᠂ ᠬᠠᠭᠠᠨ ᠤ ᠠᠪᠠ ᠬᠤᠮᠤᠷᠭ᠎ᠠ ᠲᠠᠯᠪᠢᠬᠤ ᠳᠤ ᠭᠡᠷᠡᠭᠰᠡᠬᠦ ᠨᠤᠮᠤ ᠰᠤᠮᠤ ᠠᠮᠤ ᠬᠦᠨᠡᠰᠦ ᠠᠭᠳᠠ ᠬᠦᠯᠦᠭ ᠢ ᠪᠡᠯᠡᠳᠬᠡᠳᠡᠭ ᠪᠠᠶᠢᠵᠠᠢ᠃ ᠬᠦᠷᠢᠶᠡᠨ ᠤ ᠪᠠᠭᠤᠷᠢ᠂ ᠰᠠᠴᠤᠯᠢ ᠲᠠᠬᠢᠯᠭ᠎ᠠ ᠶᠢᠨ ᠰᠦᠮ᠎ᠠ ᠤᠨ ᠴᠠᠭ ᠤᠨ ᠤᠷᠤᠰᠬᠠᠯ᠂ ᠤᠯᠠᠨ ᠤᠳᠠᠭᠠᠨ ᠤ ᠲᠠᠶᠢᠨ᠂ ᠤᠯᠵᠠ ᠬᠠᠶᠢᠯᠳᠠ ᠶᠢᠨ ᠲᠡᠵᠢᠨ ᠳᠤ ᠪᠡᠯᠡᠷᠰᠢᠵᠦ ᠰᠢᠷᠬ᠎ᠠ ᠰᠤᠷᠪᠢ ᠪᠠᠷ ᠲᠦᠬᠦᠷᠦᠭᠰᠡᠨ ᠬᠦᠬᠡ ᠪᠠᠭᠤᠷᠢ᠂ ᠬᠦᠳᠡᠭᠡ ᠬᠡᠬᠡᠷ᠎ᠡ ᠬᠡᠪᠳᠡᠨ᠎ᠡ᠃ ᠭᠠᠭᠴᠠ ᠬᠦ ᠠᠪᠠ ᠬᠤᠮᠤᠷᠭ᠎ᠠ ᠳᠤ ᠬᠡᠷᠡᠭᠯᠡᠵᠦ ᠪᠠᠶᠢᠭᠰᠠᠨ ᠴᠢᠯᠠᠭᠤᠨ ᠤᠶᠠᠭ᠎ᠠ ᠬᠠᠳᠠᠭᠤ ᠪᠠᠬᠢ᠂ ᠬᠠᠯᠠ ᠲᠠᠮᠤ ᠶᠢ ᠲᠠᠭᠠᠭᠠᠳᠠᠭ ᠬᠠᠳᠠᠨ ᠴᠢᠨᠡᠷ ᠤᠨ ᠰᠢᠷᠪᠤᠰᠤ ᠵᠢᠭᠠᠵᠦ ᠪᠠᠭᠤᠷᠢ ᠲᠡᠭᠡᠷ᠎ᠡ ᠮᠦᠩᠬᠡ ᠶᠢᠨ ᠮᠠᠨᠠᠭ᠎ᠠ ᠪᠤᠯᠤᠨ ᠵᠤᠭᠰᠤᠨ᠎ᠠ᠃ ᠬᠦᠬᠡ ᠪᠤᠷᠵᠢᠨ ᠴᠢᠯᠠᠭᠤᠨ ᠤᠶᠠᠭ᠎ᠠ ᠤᠷᠳᠤ ᠲᠦᠷᠪᠡᠯᠵᠢᠨ ᠪᠡᠶ᠎ᠡ᠂ ᠲᠡᠷᠢᠬᠦᠨ ᠳᠡᠭᠡᠨ ᠮᠤᠷᠢ ᠤᠶᠠᠬᠤ ᠴᠤᠭᠤᠯᠳᠠᠭᠰᠠᠨ ᠲᠦᠷᠪᠡᠨ ᠨᠦᠬᠡ ᠲᠠᠢ᠂ ᠡᠯᠡᠭᠳᠡᠭᠰᠡᠨ ᠤᠷᠤᠮ ᠲᠤᠳᠤ᠂ ᠰᠡᠬᠦᠯ ᠤᠨ ᠦᠶᠡᠰ ᠤᠨ ᠨᠡᠮᠡᠵᠦ ᠬᠢᠭᠰᠡᠨ ᠪᠤᠯᠪᠠᠤ ᠬᠡᠮᠡᠷ ᠬᠡᠳᠦᠨ ᠴᠢᠯᠠᠭᠤᠨ ᠤᠶᠠᠭ᠎ᠠ ᠨᠢ ᠬᠠᠷᠢᠨ ᠴᠤᠭᠤᠯᠳᠠᠭᠰᠠᠨ ᠲᠦᠷᠪᠡᠨ ᠨᠦᠬᠡ ᠨᠢ ᠲᠤᠮᠳᠠ ᠪᠠᠨ ᠪᠠᠭᠠᠨ᠎ᠠ ᠰᠡᠶᠢᠯᠪᠤᠷᠢ ᠲᠠᠢ ᠪᠤᠯᠤᠭᠰᠠᠨ ᠨᠢ ᠪᠠᠭᠠᠵᠢ ᠵᠡᠪᠰᠡᠭ ᠨᠠᠷᠢᠰᠴᠦ᠂ ᠤᠷ᠎ᠠ ᠮᠡᠷᠬᠡᠵᠢᠯ ᠲᠡᠭᠡᠭᠰᠢᠯᠡᠵᠦ᠂ ᠤᠠᠬᠠᠭᠠᠨ ᠰᠠᠨᠠᠭ᠎ᠠ ᠪᠠᠶᠠᠯᠢᠭᠵᠢᠭᠰᠠᠨ  ᠤ ᠪᠤᠯᠤᠯᠳᠠᠢ᠃ ᠲᠡᠭᠡᠭᠳ ᠤᠶᠠᠭᠠᠨ ᠤ ᠤᠷᠳᠤᠯᠵᠢᠨ ᠪᠡᠶ᠎ᠡ ᠲᠡᠭᠡᠷ᠎ᠡ ︽ᠪᠡᠳᠦ︾ ᠬᠡᠮᠡᠬᠦ ᠪᠤᠰᠤᠭ᠎ᠠ ᠮᠤᠩᠭᠤᠯ ᠦᠰᠦᠭ ᠰᠡᠶᠢᠯᠦᠭᠰᠡᠨ ᠨᠢ ᠭᠤᠶᠢᠳᠠ ᠬᠡᠬᠡᠨᠴᠢᠷ᠂ ᠰᠦᠷ ᠵᠢᠪᠬᠤᠭ᠎ᠠ ᠲᠠᠢ ᠬᠠᠷᠠᠭᠳᠠᠨ᠎ᠠ᠃ ᠨᠤᠳᠤᠭ ᠤᠨ ᠪᠤᠭᠤᠷᠤᠯᠴᠤᠳ ᠤᠨ ᠤᠯᠠᠮᠵᠢᠯᠠᠯ ᠬᠠᠭᠤᠴᠢ ᠶᠠᠷᠢᠶᠠᠨ ᠳᠤ ︽ᠪᠠᠳᠤ︾ ᠪᠤᠯ ᠪᠢᠯᠡᠬᠦᠳᠡᠢ ᠶᠢ ᠲᠠᠭᠠᠵᠦ ᠶᠠᠪᠤᠵᠦ ᠪᠠᠶᠢᠭᠰᠠᠨ ᠶᠡᠭᠡ ᠵᠠᠩᠵᠤᠨ ᠤ ᠬᠤᠶᠢᠴᠢᠰ ᠬᠡᠨ᠎ᠡ᠃ ᠲᠡᠬᠦᠨ ᠤ ᠤᠩᠭᠤᠨ ᠪᠤᠯᠠᠰᠢ᠂ ᠰᠦᠮ᠎ᠡ ᠬᠡᠶᠢᠳ᠂ ᠬᠠᠮᠢᠶᠠᠷᠤᠨ ᠵᠠᠬᠢᠷᠴᠦ ᠶᠠᠪᠤᠭᠰᠠᠨ ᠠᠪᠠ ᠶᠢᠨ ᠬᠦᠷᠢᠶ᠎ᠡ ᠡᠳᠦᠬᠡ ᠪᠠᠰᠠ ᠪᠠᠶᠢᠭᠰᠠᠭᠠᠷ ᠬᠡᠨ᠎ᠡ᠃ ᠴᠢᠯᠠᠭᠤᠨ ᠤᠶᠠᠭ᠎ᠠ ᠠᠷᠪᠠᠨ ᠬᠤᠶᠠᠷ᠂ ᠮᠤᠩᠭᠤᠯᠴᠤᠳ ᠤᠨ ᠤᠨ ᠵᠢᠯ ᠢ ᠲᠡᠮᠳᠡᠭᠯᠡᠭᠰᠡᠨ ᠠᠷᠪᠠᠨ ᠬᠤᠶᠠᠷ ᠠᠮᠢᠳᠠᠨ ᠤ ᠪᠡᠯᠬᠡᠳᠡᠯ᠂ ︽ᠵᠠᠩᠭᠠᠷ︾  ᠤᠨ ᠲᠤᠤᠯᠢ ᠳᠤ ᠭᠠᠷᠳᠠᠭ ᠠᠷᠪᠠᠨ ᠬᠤᠶᠠᠷ ᠪᠠᠭᠠᠳᠤᠷ ᠤᠨ ᠪᠡᠯᠬᠡᠳᠡᠯ ᠪᠤᠯᠪᠠᠤ᠂ ᠲᠡᠭᠡᠳᠦ ᠨᠠᠶᠢᠰᠯᠠᠯ ᠱᠠᠩᠳᠤ ᠬᠤᠳᠠ  ᠶᠢᠨ ᠡᠷᠬᠢᠨ ᠲᠤᠭᠤᠷᠢᠨ ᠳᠤ ︽ᠪᠠᠳᠤ ᠬᠠᠨ ᠠᠭᠤᠯᠠ︾᠂ ︽ᠪᠠᠳᠤ ᠴᠢᠯᠠᠭᠤᠨ ᠤᠶᠠᠭ᠎ᠠ︾᠂ ︽ᠪᠠᠳᠤ ᠪᠤᠯᠠᠭ︾ ᠭᠤᠤᠯ   ᠭᠤᠷᠤᠬ᠎ᠠ ᠪᠠᠶᠢᠬᠤ ᠨᠢ ᠦᠨᠢ ᠡᠷᠳᠡᠨ ᠤ ᠲᠡᠤᠬᠡᠨ ᠤᠯᠪᠠᠭ᠎ᠠ ᠲᠠᠢ ᠪᠠᠶᠢᠬ᠎ᠠ᠃ ᠵᠡᠬᠦᠨ ᠰᠠᠷᠢᠬᠦᠨ ᠤᠷᠳᠤᠨ ︽ᠴᠠᠭᠠᠨ ᠬᠤᠳᠠ︾ ᠠᠴᠠ ᠭᠤᠴᠢᠭᠠᠳ ᠭᠠᠵᠠᠷ ᠵᠠᠶᠢᠳᠠᠢ᠂ ᠨᠤᠳᠤᠭ ᠨᠢ ᠠᠯᠳᠠᠭᠳᠠᠵᠦ᠂ ᠠᠳᠤᠭᠤ ᠨᠢ ᠬᠤᠪᠤᠷᠳᠡᠵᠦ᠂ ᠬᠦᠷᠢᠶ᠎ᠡ ᠨᠢ ᠪᠠᠯᠠᠷᠰᠢᠭᠰᠠᠨ ᠪᠤᠯᠪᠠᠴᠤ ︽ᠰᠤᠶᠤᠯ︾ ᠨᠢ ᠠᠮᠠ ᠲᠠᠮᠵᠢᠨ ᠦᠯᠡᠳᠡᠭᠰᠡᠨ ᠨᠢ ᠶᠠᠭᠤᠳᠠᠢ ᠠᠮᠢ ᠪᠦᠬᠡ ᠠᠵᠠᠢ᠃ ᠶᠠᠭ ᠯᠠ ᠤᠷᠤᠢ ᠶᠢᠨ ᠰᠢᠩᠬᠡᠭᠰᠡᠨ ᠨᠠᠷᠠ᠂ ᠦᠷᠯᠦᠬᠡ ᠮᠠᠨᠳᠤᠭᠰᠠᠨ ᠮᠡᠳᠦ ᠲᠡᠯᠡᠬᠡᠢ ᠶᠢᠨ ᠬᠦᠮᠦᠰ ᠲᠤ ᠮᠤᠩᠭᠤᠯ ᠶᠤᠸᠠᠨ ᠤ ᠰᠤᠶᠤᠯ ᠤᠨ ᠲᠡᠭᠡᠵᠢ ᠶᠢ ᠠᠮᠰᠠᠭᠤᠯᠤᠨ᠎ᠠ᠃   —— ︽ᠲᠡᠭᠡᠳᠦ ᠨᠠᠶᠢᠰᠯᠠᠯ ᠱᠠᠩᠳᠤ ᠶᠢᠨ ᠨᠤᠳᠤᠭ ᠤᠰᠤᠨ︾ ᠬᠡᠮᠡᠬᠦ ᠨᠤᠮ ᠠᠴᠠ ᠰᠡᠶᠢᠷᠡᠬᠦᠯᠪᠡ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号