ᠬᠡᠯᠡ ᠰᠣᠶᠣᠯ ᠢᠶᠠᠨ ᠬᠠᠮᠠᠭᠠᠯᠠᠵᠦ ᠶᠠᠪᠤᠶ᠎ᠠ︕
ᠨᠡᠶᠢᠲᠡᠯᠡᠭᠰᠡᠨ ᠴᠠᠭ᠄
2020/6/16
        ᠵᠢᠯ ᠪᠥᠷᠢ ᠶᠢᠨ 6 ᠳ᠋ᠣᠭᠠᠷ ᠰᠠᠷ᠎ᠠ ᠶᠢᠨ ᠬᠤᠶᠠᠳᠡᠬᠢ ᠭᠠᠷᠠᠭ ᠤᠨ ᠵᠢᠷᠭᠤᠭᠠᠨ᠂ ᠡᠨᠡ ᠵᠢᠯ ᠤᠨ 6 ᠳ᠋ᠣᠭᠠᠷ  ᠰᠠᠷ᠎ᠠ ᠶᠢᠨ 13 ᠤ ᠡᠳᠣᠷ ᠪᠤᠯ ᠮᠠᠨ ᠤ ᠣᠯᠣᠰ ᠤᠨ ︽ᠰᠣᠶᠣᠯ ᠪᠠ ᠪᠠᠶᠢᠭᠠᠯᠢ ᠶᠢᠨ ᠥᠪ ᠤᠨ ᠡᠳᠦᠷᠯᠢᠭ︾ ᠶᠤᠮ᠃         ᠪᠠᠶᠠᠳᠣ ᠪᠣᠰᠣ ᠰᠣᠶᠣᠯ ᠤᠨ ᠥᠪ ᠪᠤᠯ ᠨᠢᠭᠡ ᠣᠯᠣᠰ  ᠥᠨᠳᠣᠰᠣᠳᠡᠨ ᠤ  ᠥᠶ᠎ᠡ ᠶᠢᠨ  ᠥᠶ᠎ᠡ ᠳᠤ  ᠣᠯᠠᠮᠵᠢᠯᠠᠵᠦ ᠢᠷᠡᠭᠰᠡᠨ ᠥᠪ ᠰᠣᠶᠣᠯ᠂ ᠢᠮ ᠲᠠᠮᠠᠭ᠎ᠠ ᠪᠠᠶᠢᠭ᠎ᠠ ᠶᠤᠮ᠃       ᠶᠡᠷᠥᠩᠬᠡᠢ ᠱᠥᠵᠢ ᠰᠢ ᠶᠢᠨ ᠫᠢᠩ ᠪᠡᠶᠡᠳᠣ ᠪᠤᠰᠤ ᠰᠣᠶᠣᠯ ᠤᠨ ᠥᠪ ᠢ ᠠᠩᠬᠠᠷᠴᠤ  ᠬᠥᠨᠳᠣᠳᠬᠡᠭᠰᠡᠭᠡᠷ  ᠢᠷᠡᠵᠡᠢ᠃ ᠲᠡᠷᠡ ᠪᠠᠷ ᠥᠪᠤᠷ ᠮᠤᠩᠭᠤᠯ᠂ ᠬᠠᠷᠠᠮᠥ᠋ᠷᠡᠨ᠂ ᠰᠧᠴᠤᠸᠠᠨ᠂  ᠭᠤᠸᠠᠩᠳᠥ᠋ᠩ  ᠵᠡᠷᠭᠡ  ᠣᠯᠠᠨ  ᠭᠠᠵᠠᠷ ᠢᠶᠠᠷ  ᠠᠵᠢᠯ  ᠰᠢᠨᠵᠢᠵᠦ ᠪᠠᠶᠢᠴᠠᠭᠠᠨ ᠰᠤᠳᠤᠯᠤᠯᠲᠠ ᠬᠢᠬᠦ  ᠶᠠᠪᠤᠴᠠ   ᠳᠠᠭᠠᠨ  ᠪᠡᠶᠡᠳᠣ  ᠪᠤᠰᠤ  ᠰᠣᠶᠣᠯ ᠤᠨ  ᠥᠪ ᠢ  ᠣᠯᠠᠨ  ᠣᠳᠠᠭ᠎ᠠ  ᠠᠩᠬᠠᠷᠴᠤ ᠰᠣᠨᠢᠷᠬᠠᠬᠰᠠᠨ ᠪᠠᠶᠢᠳᠠᠭ᠃
        ᠰᠢ ᠶᠢᠨ ᠫᠢᠩ ︽ᠬᠡᠰᠡᠷ︾ ᠤᠨ ᠰᠣᠶᠣᠯ ᠤᠨ ᠥᠪ ᠤᠨ ᠣᠯᠠᠮᠵᠢᠯᠠᠬᠴᠢ  ᠵᠢᠮᠪᠡᠵᠠᠮᠰᠣ᠂  ᠣᠳᠬᠤᠨᠪᠠᠶᠠᠷ  ᠨᠡᠷ   ᠲᠠᠢ ᠠᠭᠤᠯᠵᠠᠵᠦ ᠪᠠᠶᠢᠭ᠎ᠠ              2019 ᠤᠨ ᠤ 7 ᠳ᠋ᠣᠭᠠᠷ ᠰᠠᠷ᠎ᠠ ᠳᠤ ᠰᠢ   ᠶᠢᠨ  ᠫᠢᠩ  ᠥᠪᠤᠷ  ᠮᠤᠩᠭᠤᠯ ᠤᠨ  ᠣᠯᠠᠭᠠᠨᠬᠠᠳᠠ ᠳᠤ  ᠬᠥᠷᠴᠣ ᠪᠠᠶᠢᠴᠠᠭᠠᠨ ᠰᠤᠳᠤᠯᠤᠯᠲᠠ ᠬᠢᠬᠦ ᠥᠶ᠎ᠡ ᠬᠡᠰᠡᠷ ᠬᠠᠶᠢᠯᠬᠤ ᠶᠢ ᠰᠣᠨᠣᠰᠴᠣ ︽ᠴᠥᠬᠡᠨ  ᠲᠤᠭᠠᠳᠣ  ᠥᠨᠳᠣᠰᠣᠳᠡᠨ ᠤ  ᠰᠣᠶᠣᠯ ᠢ ᠣᠯᠠᠮᠵᠢᠯᠠᠨ ᠬᠠᠮᠠᠭᠠᠯᠠᠵᠦ᠂ ︿ᠬᠡᠰᠡᠷ﹀ ᠵᠡᠷᠭᠡ ᠪᠡᠶᠡᠳᠣ ᠪᠤᠰᠣ ᠰᠣᠶᠣᠯ ᠤᠨ ᠥᠪ ᠢ ᠥᠶ᠎ᠡ ᠶᠢᠨ  ᠥᠶ᠎ᠡ ᠳᠡᠭᠡᠨ  ᠣᠯᠠᠮᠵᠢᠯᠠᠨ ᠵᠠᠯᠭᠠᠮᠵᠢᠯᠠᠬᠤ ᠭᠡᠷᠡᠭᠳᠡᠢ︾ ᠭᠡᠵᠦ ᠵᠠᠬᠢᠬᠰᠠᠨ ᠪᠠᠶᠢᠨ᠎ᠠ᠃
       ᠰᠢ ᠶᠢᠨ ᠫᠢᠩ ᠥᠪᠤᠷ ᠮᠤᠩᠭᠤᠯ ᠤᠨ ᠶᠡᠭᠡ ᠰᠣᠷᠭᠠᠭᠤᠯᠢ ᠶᠢᠨ  ᠨᠤᠮ ᠤᠨ  ᠰᠠᠩ ᠳᠤ  ᠮᠤᠩᠭᠤᠯ  ᠨᠤᠮ  ᠪᠢᠴᠢᠭ ᠢ ᠰᠣᠨᠢᠷᠬᠠᠨ ᠥᠵᠡᠵᠦ ᠪᠠᠶᠢᠭ᠎ᠠ             ᠰᠢ ᠶᠢᠨ ᠫᠢᠩ ᠥᠪᠤᠷ ᠮᠤᠩᠭᠤᠯ ᠤᠨ ᠶᠡᠭᠡ ᠰᠣᠷᠭᠠᠭᠤᠯᠢ ᠳᠤ ᠬᠥᠷᠴᠣ  ᠪᠠᠶᠢᠴᠠᠭᠠᠨ  ᠰᠤᠳᠤᠯᠤᠯᠲᠠ  ᠬᠢᠬᠦ  ᠥᠶ᠎ᠡ ︽ᠮᠤᠩᠭᠤᠯ ᠰᠣᠷᠪᠤᠯᠵᠢ  ᠪᠢᠴᠢᠭ ᠢ  ᠬᠠᠶᠢᠨ  ᠴᠤᠬᠯᠠᠭᠤᠯᠬᠤ᠂  ᠡᠮᠬᠢᠳᠬᠡᠨ  ᠲᠢᠭᠯᠡᠬᠦ᠂  ᠬᠠᠳᠠᠭᠠᠯᠠᠵᠦ  ᠬᠠᠮᠠᠭᠠᠯᠠᠬᠤ  ᠠᠵᠢᠯ ᠢ ᠴᠢᠩᠭᠠᠳᠬᠠᠵᠦ᠂ ᠮᠤᠩᠭᠤᠯ ᠰᠣᠷᠪᠤᠯᠵᠢ ᠪᠢᠴᠢᠭ ᠲᠤ ᠠᠭᠤᠯᠤᠬᠳᠠᠵᠦ ᠪᠠᠶᠢᠭ᠎ᠠ ᠥᠨᠳᠣᠰᠣᠳᠡᠨ ᠤ  ᠪᠥᠯᠬᠦᠮᠳᠡᠯ  ᠲᠡᠪᠰᠢᠯᠳᠠ ᠶᠢᠨ ᠥᠵᠡᠯ ᠰᠠᠨᠠᠭ᠎ᠠ ᠶᠢ ᠲᠠᠨᠢᠨ  ᠪᠠᠳᠠᠷᠠᠭᠤᠯᠵᠦ᠂  ᠥᠨᠳᠣᠰᠣᠳᠡᠨ ᠨᠦᠭᠦᠳ ᠤᠨ  ᠪᠥᠯᠬᠦᠮᠳᠡᠨ  ᠲᠡᠮᠡᠴᠡᠵᠦ  ᠬᠠᠮᠳᠣᠪᠡᠷ  ᠭᠦᠭᠵᠢᠬᠦ ᠢᠳᠡᠭᠡᠯ ᠵᠤᠷᠢᠭ ᠢ ᠬᠥᠪᠴᠢᠯᠡᠬᠦ ᠭᠡᠷᠡᠭᠳᠡᠢ︾ ᠭᠡᠵᠦ ᠴᠢᠬᠤᠯᠠᠴᠢᠯᠠᠬᠰᠠᠨ ᠶᠤᠮ᠃       ᠡᠳᠡᠭᠡᠷ ᠨᠢ ᠪᠥᠷ  ᠥᠨᠳᠣᠰᠣᠳᠡᠨ ᠤ  ᠬᠡᠯᠡ  ᠰᠣᠶᠣᠯ ᠢ  ᠬᠠᠮᠠᠭᠠᠯᠠᠵᠦ  ᠶᠠᠪᠤᠬᠤ ᠶᠢ  ᠴᠢᠬᠤᠯᠠᠴᠢᠯᠠᠬᠰᠠᠨ  ᠶᠠᠪᠤᠳᠠᠯ ᠪᠤᠯᠤᠨ᠎ᠠ᠃         ᠣᠳᠣ ᠪᠢᠳᠠ ᠥᠨᠳᠣᠰᠣᠳᠡᠨ ᠤ ᠰᠣᠶᠣᠯ ᠢ ᠣᠯᠠᠮᠵᠢᠯᠠᠵᠦ ᠬᠠᠮᠠᠭᠠᠯᠠᠬᠤ  ᠲᠤᠬᠠᠢ  ᠶᠡᠷᠥᠩᠬᠡᠢ  ᠱᠥᠵᠢ ᠶᠢᠨ  ᠠᠯᠲᠠᠨ ᠰᠤᠷᠭᠠᠯ ᠢ ᠲᠥᠪ ᠲᠧᠯᠸᠢᠰ ᠤᠨ ᠣᠬᠤᠷ ᠪᠢᠴᠢᠯᠭᠡ ᠲᠠᠢ ᠬᠠᠮᠳᠣ ᠲᠠ ᠪᠥᠬᠦᠨ ᠳᠤ ᠬᠥᠷᠭᠡᠶ᠎ᠠ᠃        ᠰᠣᠶᠣᠯ ᠪᠤᠯ ᠨᠢᠭᠡ ᠣᠯᠣᠰ ᠥᠨᠳᠣᠰᠣᠳᠡᠨ ᠤ ᠬᠠᠮᠳᠣ ᠶᠢᠨ ᠰᠡᠳᠬᠢᠬᠦᠢ ᠪᠤᠶᠤ ᠣᠢ ᠤᠬᠠᠭᠠᠨ ᠶᠤᠮ᠃ ᠰᠣᠶᠣᠯ   ᠨᠢ ᠨᠢᠭᠡ ᠣᠯᠣᠰ ᠥᠨᠳᠣᠰᠣᠳᠡᠨ ᠤ ᠵᠤᠷᠢᠭ ᠰᠠᠨᠠᠭᠠᠨ ᠤ ᠣᠯᠠᠮᠵᠢᠯᠡᠯ ᠣᠴᠢᠷ ᠠᠴᠠ ᠲᠡᠭᠦᠨ ᠢ ᠥᠶ᠎ᠡ ᠶᠢᠨ ᠥᠶ᠎ᠡ ᠳᠤ ᠣᠯᠠᠮᠵᠢᠯᠠᠨ ᠬᠠᠮᠠᠭᠠᠯᠠᠵᠦ ᠶᠠᠪᠤᠬᠤ ᠴᠢᠬᠤᠯᠠᠳᠠᠢ ᠪᠥᠭᠡᠳ ᠴᠠᠭ ᠥᠶ᠎ᠡ ᠲᠠᠢ ᠵᠡᠷᠭᠡᠪᠡᠷ ᠰᠢᠨᠡᠴᠢᠯᠡᠵᠦ ᠭᠦᠭᠵᠢᠬᠦᠯᠬᠦ ᠴᠢᠬᠤᠯᠠᠳᠠᠢ᠃                 — — ᠰᠢ ᠶᠢᠨ ᠫᠢᠩ         ᠲᠤᠮᠳᠠᠳᠣ ᠶᠢᠨ ᠰᠣᠶᠣᠯ 5000 ᠭᠠᠷᠤᠢ ᠵᠢᠯ ᠤᠨ ᠤᠷᠳᠣ ᠤᠳᠠᠭᠠᠨ ᠲᠡᠣᠬᠡᠨ ᠵᠠᠮᠨᠠᠯ ᠢ  ᠲᠤᠭᠤᠯᠵᠦ᠂  ᠶᠡᠷᠥ ᠠᠴᠠ ᠲᠠᠰᠣᠯᠳᠠᠭ᠎ᠠ ᠦᠭᠡᠢ ᠥᠷᠭᠦᠯᠵᠢᠯᠡᠭᠰᠡᠭᠡᠷ᠃ ᠲᠡᠷᠡ ᠨᠢ ᠲᠤᠮᠳᠠᠳᠣ ᠶᠢᠨ ᠥᠨᠳᠣᠰᠣᠳᠡᠨ ᠤ ᠬᠠᠮᠤᠭ ᠤᠨ ᠬᠥᠨ  ᠲᠠᠪᠬᠤᠷᠭ᠎ᠠ ᠶᠢᠨ ᠵᠤᠷᠢᠭ ᠰᠠᠨᠠᠭᠠᠨ ᠤ ᠬᠥᠰᠡᠯ ᠭᠥᠭᠡᠭᠡᠴᠡᠯᠳᠣᠯ ᠢ ᠠᠭᠤᠯᠵᠦ ᠢᠷᠡᠭᠰᠡᠨ ᠪᠥᠭᠡᠳ ᠲᠤᠮᠳᠠᠳᠣ ᠶᠢᠨ  ᠥᠨᠳᠣᠰᠣᠳᠡᠨ ᠤ  ᠥᠪᠡᠷᠮᠢᠴᠡ ᠵᠤᠷᠢᠭ ᠰᠠᠨᠠᠭᠠᠨ ᠤ ᠢᠯᠡᠷᠬᠡᠶᠢᠯᠡᠯ ᠪᠤᠯᠤᠬᠰᠠᠨ ᠪᠠᠶᠢᠳᠠᠭ᠃                 — — ᠰᠢ ᠶᠢᠨ ᠫᠢᠩ         ᠬᠥᠮᠥᠨ ᠲᠥᠷᠥᠯᠬᠢᠳᠡᠨ ᠤ ᠪᠥᠳᠥᠭᠡᠭᠰᠡᠨ  ᠡᠯ᠎ᠡ  ᠵᠥᠢᠯ ᠤᠨ  ᠰᠣᠶᠣᠯ   ᠨᠢ  ᠪᠥᠷ  ᠬᠥᠳᠡᠯᠮᠥᠷᠢ  ᠪᠤᠯᠤᠨ  ᠣᠶᠣᠨ ᠤᠬᠠᠭᠠᠨ ᠤ ᠥᠨᠡᠳᠣ ᠥᠪ ᠶᠤᠮ᠃ ᠡᠶᠢᠮᠥ ᠠᠴᠠ ᠰᠣᠶᠣᠯ ᠪᠥᠬᠦᠨ ᠢ ᠬᠥᠨᠳᠣᠳᠬᠡᠵᠦ ᠶᠠᠪᠤᠬᠤ ᠭᠡᠷᠡᠭᠳᠡᠢ᠂ ᠰᠤᠶᠤᠯ  ᠪᠥᠬᠦᠨ ᠢ ᠨᠠᠨᠳᠢᠩᠨᠠᠵᠦ ᠶᠠᠪᠤᠬᠤ ᠭᠡᠷᠡᠭᠳᠡᠢ᠃                  — — ᠰᠢ ᠶᠢᠨ ᠫᠢᠩ         ᠲᠤᠮᠳᠠᠳᠣ ᠣᠯᠣᠰ ᠤᠨ ᠬᠥᠰᠡᠯ ᠢ ᠪᠡᠶᠡᠯᠡᠭᠦᠯᠬᠦ ᠨᠢ ᠪᠤᠳᠠᠰ ᠤᠨ ᠪᠤᠯᠪᠠᠰᠣᠨ ᠪᠤᠯᠤᠨ ᠣᠶᠣᠨ ᠤ ᠪᠤᠯᠪᠠᠰᠣᠨ ᠢ ᠵᠡᠷᠭᠡᠪᠡᠷ ᠭᠦᠭᠵᠢᠭᠦᠯᠬᠦ ᠶᠠᠪᠤᠴᠠ ᠶᠤᠮ᠃ ᠲᠤᠮᠳᠠᠳᠣ ᠣᠯᠣᠰ ᠤᠨ ᠠᠵᠦ ᠠᠬᠤᠢ ᠨᠡᠶᠢᠭᠡᠮ ᠲᠠᠰᠣᠷᠠᠯᠳᠠ ᠦᠭᠡᠢ ᠭᠦᠭᠵᠢᠬᠦ ᠶᠢ ᠲᠠᠭᠠᠯᠳᠣᠨ᠂ ᠲᠤᠮᠳᠠᠳᠣ ᠶᠢᠨ ᠥᠨᠳᠣᠰᠣᠳᠡᠨ ᠤ ᠰᠣᠶᠣᠯ ᠴᠣ᠋ ᠴᠠᠭ ᠥᠶ᠎ᠡ ᠲᠠᠢ ᠵᠡᠷᠭᠡᠪᠡᠷ  ᠭᠦᠭᠵᠢᠵᠦ᠂  ᠨᠡᠩ  ᠶᠡᠭᠡ  ᠥᠷᠨᠢᠨ  ᠮᠠᠨᠳᠣᠬᠤ ᠠᠮᠢᠵᠢᠷᠠᠯ ᠤᠨ ᠬᠥᠴᠥᠨ ᠲᠠᠢ ᠪᠤᠯᠬᠤ ᠨᠢ ᠯᠠᠪᠳᠠᠢ ᠶᠤᠮ᠃                  — — ᠰᠢ ᠶᠢᠨ ᠫᠢᠩ        ᠮᠥᠽᠸᠢ ᠳᠤ ᠬᠠᠳᠠᠭᠠᠯᠠᠬᠳᠠᠵᠦ ᠪᠠᠶᠢᠭ᠎ᠠ ᠲᠤᠷᠠᠰᠬᠠᠯᠳᠣ ᠪᠤᠳᠠᠰ᠂ ᠡᠯ᠎ᠡ ᠭᠠᠵᠠᠷ ᠲᠤ ᠲᠠᠷᠬᠠᠬᠰᠠᠨ ᠰᠣᠶᠣᠯ ᠤᠨ  ᠥᠪ᠂ ᠡᠷᠳᠡᠨ ᠤ ᠨᠤᠮ ᠰᠣᠳᠣᠷ ᠲᠤ ᠰᠡᠶᠢᠯᠥᠭᠳᠡᠭᠰᠡᠨ ᠥᠰᠥᠭ ᠪᠢᠴᠢᠭ ᠢ  ᠪᠥᠷ  ᠠᠮᠢᠯᠠᠭᠤᠯᠵᠦ᠂  ᠲᠤᠮᠳᠠᠳᠣ ᠶᠢᠨ  ᠥᠨᠳᠣᠰᠣᠳᠡᠨ ᠤ ᠰᠣᠶᠣᠯ ᠢ ᠲᠡᠯᠡᠬᠡᠢ ᠶᠢᠨ ᠡᠯ᠎ᠡ ᠣᠯᠣᠰ ᠤᠨ ᠠᠷᠠᠳ  ᠲᠥᠮᠡᠨ ᠤ  ᠪᠥᠳᠥᠭᠡᠭᠰᠡᠨ  ᠥᠨᠢᠷ  ᠪᠠᠶᠠᠨ  ᠰᠣᠶᠣᠯ  ᠪᠤᠯᠪᠠᠰᠣᠨ   ᠲᠠᠢ ᠬᠠᠮᠳᠣᠪᠡᠷ ᠬᠥᠮᠥᠨ ᠲᠥᠷᠥᠯᠬᠢᠳᠡᠨ ᠤ ᠵᠥᠪ ᠰᠠᠶᠢᠬᠠᠨ ᠵᠤᠷᠢᠭ ᠰᠠᠨᠠᠭᠠᠨ ᠤ  ᠤᠳᠤᠷᠢᠳᠣᠮᠵᠢ  ᠪᠠ  ᠬᠥᠴᠥᠷᠭᠡᠭ  ᠶᠡᠭᠡ  ᠵᠤᠷᠢᠭ ᠰᠠᠨᠠᠭᠠᠨ ᠤ ᠬᠥᠳᠡᠯᠭᠡᠭᠴᠢ ᠬᠥᠴᠥᠨ ᠪᠤᠯᠭᠠᠶ᠎ᠠ︕                 — — ᠰᠢ ᠶᠢᠨ ᠫᠢᠩ     ᠢᠷᠡᠯᠲᠡ᠄  ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号