ᠲᠡᠭᠡᠳᠦ ᠰᠣᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠠᠢ ᠰᠢᠯᠭᠠᠯᠲᠠ ᠶᠢᠨ ᠡᠷᠡᠮᠡᠯᠵᠡᠯ ᠢ ᠢᠩᠬᠢᠵᠦ ᠲᠠᠭᠯᠠᠭᠠᠷᠠᠢ
ᠨᠡᠶᠢᠲᠡᠯᠡᠭᠰᠡᠨ ᠴᠠᠭ᠄
2020/7/23
            ᠤᠯᠤᠰ ᠤᠨ ᠨᠢᠭᠡᠲᠦᠯᠲᠡᠢ ᠰᠢᠯᠭᠠᠯᠲᠠ ᠶᠢᠨ ᠬᠤᠪᠢ ᠤᠳᠠᠯ ᠦᠭᠡᠢ ᠭᠠᠷᠬᠤ ᠪᠣᠯᠣᠯ᠎ᠠ᠃ ᠡᠷᠡᠮᠡᠯᠵᠡᠯ ᠲᠠᠭᠯᠠᠬᠤ  ᠎ ᠳᠠᠭᠠᠨ ᠲᠠ ᠬᠠᠯᠠᠮᠰᠢᠯ ᠲᠠᠢ ᠲᠤᠰᠬᠠᠶ ᠮᠡᠷᠭᠡᠵᠢᠯ᠂ ᠰᠢᠨ᠎ᠡ ᠪᠠᠷ  ᠬᠥᠭᠵᠢᠭᠰᠡᠨ  ᠲᠤᠰᠬᠠᠢ  ᠮᠡᠷᠭᠡᠵᠢᠯ  ᠰᠤᠷᠬᠤ  ᠶᠤᠮ  ᠦᠦ᠂  ᠡᠰᠡᠬᠦᠯ᠎ᠡ ᠣᠨᠴᠠᠭᠠᠢ ᠲᠥᠷᠥᠯ ᠤᠨ ᠲᠤᠰᠬᠠᠶ ᠮᠡᠷᠭᠡᠵᠢᠯ ᠰᠤᠷᠬᠤ  ᠰᠠᠨᠠᠭ᠎ᠠ  ᠎ ᠲᠠᠢ  ᠦᠦ︖  ᠵᠢᠩᠬᠢᠨᠢ  ᠠᠩᠭᠢ ᠪᠠᠨ  ᠦᠵᠡᠵᠦ  ᠪᠠᠷᠠᠭᠠᠳ ᠦᠷᠭᠦᠯᠵᠢᠯᠡᠨ ᠰᠤᠷᠤᠯᠴᠠᠬᠤ ᠰᠠᠨᠠᠭ᠎ᠠ ᠲᠠᠢ ᠶᠤᠮ ᠦᠦ᠂ ᠡᠰᠡᠬᠦᠯ᠎ᠡ ᠰᠢᠭᠤᠳ ᠠᠵᠢᠯ ᠣᠯᠬᠤ ᠰᠠᠨᠠᠭ᠎ᠠ ᠲᠠᠢ ᠶᠤᠮ  ᠦᠦ︖  ᠶᠠᠮᠠᠷ ᠠᠵᠢᠯ ᠲᠥᠷᠥᠯ ᠳᠤ ᠠᠵᠢᠯᠯᠠᠳᠠᠭ ᠪᠤᠢ︖ ᠠᠯᠢ ᠬᠤᠲᠠ ᠳᠤ ᠦᠨᠳᠦᠰᠦ ᠬᠠᠳᠬᠤᠬᠤ ᠪᠣᠶ︖ ᠶᠠᠮᠠᠷ ᠶᠠᠩᠵᠤ ᠶᠢᠨ ᠠᠮᠢᠳᠤᠷᠠᠯ ᠢ ᠥᠩᠭᠡᠷᠡᠭᠡᠬᠦ ᠪᠤᠢ︖ ᠮᠡᠳᠡᠭᠡ ᠵᠠᠩᠭᠢ ᠴᠤᠭᠯᠠᠭᠤᠯᠬᠤ ᠠᠵᠢᠯ ᠢ ᠴᠤᠬᠤᠮ ᠬᠡᠷᠬᠢᠨ ᠰᠠᠶᠢᠲᠤᠷ ᠬᠢᠵᠦ᠂ ᠡᠷᠡᠮᠡᠯᠵᠡᠯ ᠲᠠᠭᠯᠠᠬᠤ ᠤᠷ᠎ᠠ ᠳᠡᠮ ᠢ ᠬᠡᠷᠬᠢᠨ ᠡᠵᠡᠮᠰᠢᠨ᠂ ᠠᠶᠤᠯ ᠲᠦᠭᠰᠢᠭᠦᠷᠢ ᠠᠴᠠ ᠬᠡᠷᠬᠢᠨ  ᠵᠦᠶ  ᠵᠣᠬᠢᠰᠲᠠᠶ  ᠵᠠᠶᠢᠯᠠᠵᠤ᠂  ᠡᠯᠰᠡᠬᠦ  ᠨᠣᠷᠮ᠎ᠠ ᠶᠢ  ᠬᠡᠷᠬᠢᠨ ᠳᠡᠭᠡᠭᠰᠢᠯᠡᠭᠦᠯᠬᠦ ᠪᠣᠶ︖ ᠲᠤᠰᠬᠠᠶ ᠮᠡᠷᠭᠡᠵᠢᠯᠲᠡᠨ ᠪᠠ ᠲᠤᠰᠬᠠᠶ ᠮᠡᠷᠭᠡᠵᠢᠯᠲᠡᠨ ᠤ ᠰᠠᠨᠠᠭᠤᠯᠭ᠎ᠠ ᠶᠢ ᠰᠣᠨᠣᠰᠤᠭᠠᠷᠠᠶ᠃         ᠬᠤᠪᠢ ᠶᠢ ᠮᠡᠳᠡᠬᠦ᠂ ᠱᠤᠭᠤᠮ ᠢ ᠮᠡᠳᠡᠬᠦ᠂ ᠪᠠᠶᠢᠷᠢ ᠶᠢ ᠮᠡᠳᠡᠬᠦ        — — ᠬᠦᠰᠡᠯ ᠡᠷᠡᠮᠡᠯᠵᠡᠯ ᠲᠠᠭᠯᠠᠨ ᠮᠡᠳᠡᠭᠦᠯᠬᠦ ᠲᠡᠷᠢᠭᠦᠨ  ᠴᠢᠬᠤᠯᠠ  ᠵᠠᠷᠴᠢᠮ  ᠪᠣᠯ  ᠥᠪᠡᠷ ᠤᠨ  ᠬᠤᠪᠢ  ᠪᠠ ᠵᠢᠭᠰᠠᠯ ᠠᠴᠠ ᠡᠭᠦᠰᠦᠨ᠎ᠡ         ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ  ᠨᠢᠭᠡᠲᠦᠯᠲᠡᠢ  ᠰᠢᠯᠭᠠᠯᠲᠠ ᠶᠢᠨ  ᠬᠢᠷᠢ  ᠪᠦᠲᠦᠮᠵᠢ ᠭᠠᠷᠴᠤ ᠢᠷᠡᠭᠰᠡᠨ ᠤ ᠳᠠᠷᠠᠭ᠎ᠠ᠂ ᠰᠢᠯᠭᠠᠭᠤᠯᠤᠭᠴᠢ ᠶᠡᠷᠦᠩᠬᠡᠶ ᠬᠤᠪᠢ ᠶᠢ ᠬᠠᠮᠤᠭ ᠠᠴᠠ ᠢᠯᠡᠭᠦᠤ ᠠᠩᠬᠠᠷᠳᠠᠭ᠃ ᠦᠨᠡᠨ ᠳᠡᠭᠡᠨ᠂ ᠶᠡᠷᠦᠩᠬᠡᠶ ᠬᠤᠪᠢ ᠶᠢᠨ ᠲᠤᠭ᠎ᠠ ᠲᠠᠢ ᠠᠳᠠᠯᠢ ᠴᠢᠬᠤᠯᠠ ᠨᠢ ᠪᠠᠰᠠ ︽ᠠᠳᠠᠯᠢ  ᠬᠤᠪᠢ  ᠪᠠ  ᠠᠳᠠᠯᠢ  ᠬᠤᠪᠢ ᠶᠢᠨ  ᠬᠡᠰᠡᠭ ᠤᠨ ᠬᠦᠰᠦᠨᠦᠭᠲᠦ︾ ᠮᠦᠨ᠃         ᠱᠠᠨᠰᠢ ᠶᠢᠨ ᠪᠠᠭᠰᠢ ᠶᠢᠨ ᠶᠡᠭᠡ ᠰᠤᠷᠭᠠᠭᠤᠯᠢ ᠶᠢᠨ ᠰᠤᠷᠤᠭᠴᠢ ᠡᠯᠰᠡᠬᠦ ᠠᠯᠪᠠᠨ ᠭᠡᠷ ᠤᠨ ᠡᠷᠬᠢᠯᠡᠭᠴᠢ  ᠰᠢᠨ  ᠰᠢᠶᠠᠩ ᠷᠧᠨ ᠢᠯᠡᠷᠬᠡᠶᠢᠯᠡᠬᠦ ᠳᠡᠭᠡᠨ᠂ ᠡᠷᠡᠮᠡᠯᠵᠡᠯ ᠲᠠᠭᠯᠠᠨ ᠮᠡᠳᠡᠭᠦᠯᠬᠦ ᠶᠢᠨ ᠨᠢᠭᠡᠳᠦᠭᠡᠷ  ᠠᠯᠬᠤᠮ  ᠪᠣᠯ  ᠳᠠᠷᠤᠶ  ︽ᠬᠤᠪᠢ ᠶᠢ  ᠮᠡᠳᠡᠬᠦ᠂ ᠱᠤᠭᠤᠮ ᠢ ᠮᠡᠳᠡᠬᠦ᠂ ᠪᠠᠶᠢᠷᠢ ᠶᠢ ᠮᠡᠳᠡᠬᠦ︾ ᠶᠠᠪᠤᠳᠠᠯ ᠪᠣᠯᠤᠨ᠎ᠠ᠃  ︽ᠬᠤᠪᠢ  ᠮᠡᠳᠡᠬᠦ  ᠱᠤᠭᠤᠮ  ᠮᠡᠳᠡᠬᠦ︾  ᠭᠡᠳᠡᠭ ᠨᠢ  ᠳᠠᠷᠤᠶ ᠰᠢᠯᠭᠠᠭᠤᠯᠤᠭᠴᠢ ᠥᠪᠡᠷ ᠤᠨ ᠬᠤᠪᠢ ᠵᠢᠴᠢ ᠡᠯ᠎ᠡ ᠪᠦᠯᠦᠭ ᠤᠳᠠᠭ᠎ᠠ ᠶᠢᠨ ᠰᠣᠷᠣᠭᠴᠢ ᠡᠯᠰᠡᠬᠦ ᠶᠢ  ᠬᠢᠵᠠᠭᠠᠷᠯᠠᠬᠤ  ᠬᠤᠪᠢ ᠶᠢᠨ ᠱᠤᠭᠤᠮ ᠢᠶᠠᠨ ᠮᠡᠳᠡᠬᠦ ᠬᠡᠷᠡᠭᠲᠡᠶ︔ ᠭᠡᠲᠡᠯ᠎ᠡ ︽ᠪᠠᠶᠢᠷᠢ︾ ᠭᠡᠳᠡᠭ ᠨᠢ  ᠰᠢᠯᠭᠠᠭᠤᠯᠤᠭᠴᠢ ᠶᠢᠨ  ᠶᠡᠭᠡ  ᠳᠡᠭᠡᠳᠦ  ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠶᠡᠷᠦᠩᠬᠡᠶ ᠬᠤᠪᠢ ᠶᠢᠨ ᠪᠥᠬᠦ ᠮᠤᠵᠢ ᠶᠢᠨ ᠠᠳᠠᠯᠢ  ᠲᠥᠷᠥᠯ ᠤᠨ ᠰᠢᠯᠭᠠᠭᠤᠯᠤᠭᠴᠢ ᠶᠢᠨ ᠨᠡᠷᠡᠰ ᠤᠨ ᠵᠢᠭᠰᠠᠭᠠᠯᠲᠠ ᠳᠠᠬᠢ ᠬᠠᠷᠠᠭᠠᠯᠵᠠᠭᠰᠠᠨ ᠣᠷᠣᠨ ᠪᠠᠶᠢᠷᠢ ᠶᠢ ᠵᠢᠭᠠᠵᠤ ᠪᠣᠶ᠃  ᠳᠠᠷᠤᠶ  ︽ᠠᠳᠠᠯᠢ ᠬᠤᠪᠢ ᠪᠠ ᠠᠳᠠᠯᠢ ᠬᠤᠪᠢ ᠶᠢᠨ ᠬᠡᠰᠡᠭ ᠤᠨ ᠬᠦᠰᠦᠨᠦᠭᠲᠦ︾ ᠳᠡᠭᠡᠷᠡᠬᠢ ᠣᠷᠣᠨ ᠤ ᠳᠠᠷᠠᠭᠠᠯᠠᠯ ᠪᠣᠯᠤᠨ᠎ᠠ᠃ ︽ᠰᠢᠯᠭᠠᠭᠤᠯᠤᠭᠴᠢ ᠠᠳᠠᠯᠢ ᠬᠤᠪᠢ ᠪᠠ ᠠᠳᠠᠯᠢ ᠬᠤᠪᠢ ᠶᠢᠨ ᠬᠡᠰᠡᠭ ᠤᠨ ᠬᠦᠰᠦᠨᠦᠭᠲᠦ ᠠᠴᠠ᠂ ᠥᠪᠡᠷ ᠤᠨ ᠣᠷᠣᠨ ᠪᠠᠶᠢᠷᠢ ᠶᠢᠨ  ᠳᠠᠷᠠᠭᠠᠯᠠᠯ ᠪᠠᠨ ᠡᠯ᠎ᠡ ᠶᠡᠭᠡ  ᠳᠡᠭᠡᠳᠦ  ᠰᠤᠷᠭᠠᠭᠤᠯᠢ ᠶᠢᠨ  ᠥᠩᠭᠡᠷᠡᠭᠰᠡᠨ  ᠵᠢᠯ ᠤᠨ  ᠣᠷᠣᠨ  ᠪᠠᠶᠢᠷᠢ ᠶᠢᠨ  ᠳᠠᠷᠠᠭᠠᠯᠠᠯ ᠲᠠᠢ  ᠬᠠᠷᠢᠴᠠᠭᠤᠯᠵᠤ ᠪᠣᠯᠤᠨ᠎ᠠ᠃ ᠥᠪᠡᠷ ᠤᠨ ᠪᠠᠶᠢᠭ᠎ᠠ ᠪᠠᠶᠢᠷᠢ ᠶᠢᠨ ᠳᠠᠷᠠᠭᠠᠯᠠᠯ ᠤᠨ ᠮᠡᠳᠡᠭᠦᠯᠵᠦ ᠪᠣᠯᠬᠤ ᠶᠡᠭᠡ ᠳᠡᠭᠡᠳᠦ ᠰᠤᠷᠭᠠᠭᠤᠯᠢ ᠠᠴᠠ  ᠵᠢᠭᠠᠬᠠᠨ ᠥᠨᠳᠥᠷ᠂ ᠠᠳᠠᠯᠢ ᠲᠦᠪᠰᠢᠨ ᠤ ᠪᠤᠶᠤ ᠵᠢᠭᠠᠬᠠᠨ ᠳᠣᠣᠷ᠎ᠠ ᠪᠠᠶᠢᠬᠤ ᠠᠷᠪᠠᠨ ᠬᠡᠳᠦᠨ ᠶᠡᠭᠡ ᠳᠡᠭᠡᠳᠦ ᠰᠤᠷᠭᠠᠭᠤᠯᠢ ᠶᠢ ᠤᠷᠢᠳᠠᠪᠡᠷ ᠰᠤᠩᠭᠤᠨ ᠲᠣᠭᠲᠠᠭᠠᠵᠤ᠂ ᠬᠦᠷᠢᠶ᠎ᠡ ᠬᠡᠪᠴᠢᠶ᠎ᠡ ᠪᠠᠨ  ᠪᠠᠭᠠᠰᠬᠠᠨ᠂  ᠭᠤᠤᠯᠳᠠᠯᠭ᠎ᠠ ᠲᠠᠢ  ᠣᠶᠢᠯᠠᠭᠠᠬᠤ ᠳᠤ  ᠳᠥᠭᠦᠮ  ᠪᠣᠯᠭᠠᠵᠤ ᠪᠣᠯᠣᠨ᠎ᠠ︾ ᠭᠡᠵᠡᠢ᠃         ︽ᠶᠠᠮᠠᠷ ᠬᠤᠪᠢ ᠣᠯᠤᠭᠰᠠᠨ᠂ ᠮᠤᠵᠢ ᠶᠢᠨ ᠳᠣᠲᠣᠷ᠎ᠠ ᠪᠠᠨ ᠬᠡᠳᠦᠶ ᠥᠨᠳᠥᠷ ᠵᠢᠭᠰᠠᠭᠠᠭᠳᠠᠭᠰᠠᠨ᠂ ᠶᠠᠮᠠᠷ ᠶᠠᠩᠵᠤ ᠶᠢᠨ ᠰᠤᠷᠭᠠᠭᠤᠯᠢ᠂ ᠲᠤᠰᠬᠠᠶ ᠮᠡᠷᠭᠡᠵᠢᠯ ᠰᠤᠷᠴᠤ ᠳᠡᠶᠢᠯᠬᠦ ᠨᠢ ᠣᠯᠠᠨ ᠵᠢᠯ ᠤᠨ ᠲᠤᠷᠰᠢᠬᠢ ᠲᠤᠰ  ᠣᠷᠣᠨ ᠤ  ᠰᠢᠯᠭᠠᠭᠤᠯᠤᠭᠴᠢ ᠶᠢᠨ ᠪᠦᠬᠦᠯᠢ ᠴᠣᠭᠴᠠ ᠶᠢᠨ ᠡᠯᠰᠡᠬᠦ ᠪᠠᠶᠢᠳᠠᠯ ᠲᠠᠢ ᠦᠨᠳᠦᠰᠦᠨ ᠳᠡᠭᠡᠨ ᠠᠳᠠᠯᠢ ᠪᠠᠶᠢᠳᠠᠭ᠃︾ ᠳᠤᠮᠳᠠᠳᠤ  ᠣᠷᠣᠨ ᠤ  ᠪᠠᠭᠰᠢ ᠶᠢᠨ ᠶᠡᠭᠡ ᠰᠤᠷᠭᠠᠭᠤᠯᠢ ᠶᠢᠨ ᠬᠡᠮᠵᠢᠯᠲᠡ ᠪᠠ ᠦᠨᠡᠯᠡᠯᠲᠡ ᠶᠢᠨ  ᠲᠥᠪ ᠤᠨ  ᠡᠷᠬᠢᠯᠡᠭᠴᠢ  ᠬᠤ᠋  ᠰᠢᠶᠠᠩ  ᠳ᠋ᠦᠩ᠄  ︽ᠬᠤᠪᠢ ᠶᠢᠨ ᠪᠠᠶᠢᠷᠢ ᠠᠴᠠ  ᠳᠠᠪᠠᠭᠰᠠᠨ  ᠰᠤᠷᠤᠭᠴᠢ  ᠡᠯᠰᠡᠬᠦ  ᠦᠷ᠎ᠡ  ᠳ᠋ᠦᠩ ᠢ  ᠣᠯᠤᠨ᠎ᠠ  ᠭᠡᠵᠦ  ᠪᠢᠲᠡᠭᠡᠶ  ᠭᠤᠷᠢᠳᠠ᠃  ᠨᠠᠩ   ᠴᠤ ᠬᠤᠳᠠᠯᠳᠤᠭᠠᠨ ᠤ ᠪᠠᠶᠢᠭᠤᠯᠤᠮᠵᠢ ᠶᠢᠨ ᠤᠬᠠᠭᠤᠯᠭ᠎ᠠ ᠶᠢ  ᠢᠲᠡᠭᠡᠵᠦ᠂  ᠲᠡᠳᠡᠨ ᠤ  ᠵᠢᠯᠣᠭᠤᠳᠤᠯᠭ᠎ᠠ ᠪᠠᠷ  ᠳᠠᠮᠵᠢᠨ᠂  ᠬᠤᠨᠵᠢᠵᠤ ᠴᠢᠳᠠᠨ᠎ᠠ ᠭᠡᠳᠡᠭ ᠲᠤ ᠢᠲᠡᠭᠡᠵᠦ ᠪᠣᠯᠬᠤ ᠦᠭᠡᠢ︾ ᠭᠡᠵᠡᠢ᠃        ᠰᠢᠯᠭᠠᠯᠲᠠ ᠶᠢᠨ ᠬᠤᠪᠢ᠂ ᠰᠤᠷᠭᠠᠭᠤᠯᠢ ᠶᠢᠨ ᠡᠯᠰᠡᠬᠦ ᠱᠤᠭᠤᠮ ᠠᠴᠠ ᠭᠠᠳᠠᠨ᠎ᠠ ᠪᠠᠰᠠ ᠶᠠᠮᠠᠷ ᠶᠠᠮᠠᠷ ᠮᠡᠳᠡᠭᠡ ᠵᠠᠩᠭᠢ ᠶᠢ ᠴᠢᠬᠤᠯᠠᠴᠢᠯᠠᠬᠤ ᠴᠢᠬᠤᠯᠠᠲᠠᠶ ᠪᠣᠶ︖         ᠰᠢᠨ ᠰᠢᠶᠠᠩ ᠷᠧᠨ᠄ ᠠᠩᠬᠠᠷᠬᠤ ᠴᠢᠬᠤᠯᠠᠲᠠᠶ ᠵᠠᠩᠭᠢᠯᠠᠭ᠎ᠠ ᠶᠢᠨ ᠠᠭᠤᠯᠭ᠎ᠠ ᠳᠤ ᠪᠠᠰᠠ ᠲᠠᠩᠰᠠ ᠡᠪᠬᠡᠮᠡᠯ ᠥᠭᠬᠦ ᠠᠷᠭ᠎ᠠ ᠮᠠᠶ᠋ᠢᠭ᠂ ᠪᠦᠯᠦᠭ ᠤᠳᠠᠭ᠎ᠠ ᠶᠢᠨ ᠲᠣᠬᠢᠷᠠᠭᠤᠯᠤᠯᠲᠠ ᠪᠣᠶ᠃ ᠪᠦᠯᠦᠭ ᠤᠳᠠᠭ᠎ᠠ ᠪᠦᠷᠢ ᠳᠤ ᠬᠡᠳᠦᠨ  ᠰᠤᠷᠭᠠᠭᠤᠯᠢ ᠳᠤ  ᠲᠠᠭᠯᠠᠵᠤ ᠪᠣᠯᠬᠤ ᠪᠤᠢ︖  ᠶᠡᠭᠡ  ᠳᠡᠭᠡᠳᠦ  ᠰᠤᠷᠭᠠᠭᠤᠯᠢ  ᠨᠢᠭᠡᠪᠦᠷᠢ  ᠬᠡᠳᠦᠨ  ᠲᠤᠰᠬᠠᠶ  ᠮᠡᠷᠭᠡᠵᠢᠯ ᠳᠤ  ᠲᠠᠭᠯᠠᠵᠤ  ᠪᠣᠯᠬᠤ  ᠪᠤᠢ︖ ᠲᠣᠬᠢᠷᠠᠭᠤᠯᠭ᠎ᠠ ᠶᠢ ᠳᠠᠭᠠᠬᠤ ᠪᠤᠯᠤᠩ ᠭᠠᠷᠭᠠᠬᠤ  ᠦᠦ  ᠦᠭᠡᠢ  ᠦᠦ︖  ︽ᠳᠡᠭᠡᠷᠡᠬᠢ  ᠮᠡᠳᠡᠭᠡ  ᠵᠠᠩᠭᠢ ᠶᠢ  ᠵᠠᠪᠠᠯ  ᠰᠤᠷᠭᠠᠨ ᠬᠥᠮᠦᠵᠢᠯ ᠤᠨ ᠶᠠᠮᠤᠨ ᠤ ᠶᠠᠩ ᠭᠤᠸᠠᠩ  ᠳᠡᠭᠡᠳᠦ  ᠰᠤᠷᠭᠠᠭᠤᠯᠢ ᠳᠤ  ᠰᠣᠷᠣᠭᠴᠢ  ᠡᠯᠰᠡᠬᠦ  ᠰᠢᠯᠭᠠᠯᠲᠠ ᠶᠢᠨ  ᠢᠯᠡ  ᠮᠡᠳᠡᠭᠡ ᠵᠠᠩᠭᠢ ᠶᠢᠨ ᠲᠠᠪᠴᠠᠩ᠂ ᠮᠤᠵᠢ ᠶᠢᠨ ᠲᠡᠰ ᠤᠨ ᠰᠢᠯᠭᠠᠯᠲᠠ ᠶᠢᠨ ᠬᠦᠷᠢᠶᠡᠯᠡᠩ᠂  ᠬᠠᠷᠠᠯᠲᠠ  ᠶᠡᠭᠡ  ᠳᠡᠭᠡᠳᠦ  ᠰᠤᠷᠭᠠᠭᠤᠯᠢ ᠶᠢᠨ ᠠᠯᠪᠠᠨ ᠰᠦᠯᠵᠢᠶ᠎ᠡ ᠪᠠᠷ ᠳᠠᠮᠵᠢᠭᠤᠯᠤᠨ ᠣᠯᠵᠤ᠂ ᠳᠣᠲᠣᠷ᠎ᠠ ᠪᠠᠨ ᠲᠤᠭ᠎ᠠ ᠲᠠᠢ ᠪᠠᠶᠢᠬᠤ ᠬᠡᠷᠡᠭᠲᠡᠢ︾ ᠭᠡᠵᠦ  ᠰᠢᠯᠭᠠᠭᠤᠯᠤᠭᠴᠢ ᠳᠤ ᠰᠠᠨᠠᠭᠤᠯᠪᠠ᠃         ︽ᠲᠣᠮᠣ ᠲᠣᠪᠶᠤᠭ︾ ᠳᠡᠭᠡᠷ᠎ᠡ ︽ᠵᠢᠵᠢᠭ ᠲᠣᠪᠶᠤᠭ︾ ᠨᠡᠮᠡᠨ᠎ᠡ         — — ᠳᠤᠷ᠎ᠠ ᠰᠣᠨᠢᠷᠬᠠᠯ᠂ ᠠᠵᠢᠯ ᠮᠡᠷᠭᠡᠵᠢᠯ ᠤᠨ ᠲᠥᠯᠥᠪᠵᠢᠭᠦᠯᠭᠡ ᠪᠠᠨ ᠨᠡᠶᠢᠭᠡᠮ ᠤᠨ ᠬᠡᠷᠡᠭᠴᠡᠭᠡ  ᠱᠠᠭᠠᠷᠳᠠᠯᠭ᠎ᠠ ᠲᠠᠢ ᠤᠶᠠᠯᠳᠤᠭᠤᠯᠬᠤ ᠬᠡᠷᠡᠭᠲᠡᠶ         ᠥᠪᠡᠷ  ᠪᠤᠰᠤᠳ ᠤᠨ  ᠪᠠᠶᠢᠳᠠᠯ ᠢ  ᠮᠡᠳᠡᠭᠰᠡᠨ ᠤ ᠪᠠᠨ  ᠳᠠᠷᠠᠭ᠎ᠠ᠂  ᠰᠤᠷᠭᠠᠭᠤᠯᠢ  ᠪᠠ  ᠲᠤᠰᠬᠠᠢ   ᠮᠡᠷᠭᠡᠵᠢᠯ ᠤᠨ ᠰᠣᠩᠭᠤᠯᠲᠠ ᠶᠢ  ᠪᠣᠳᠣᠯᠬᠢᠯᠠᠬᠤ  ᠬᠡᠷᠡᠭᠲᠡᠢ᠃  ᠶᠡᠷᠦ ᠳᠡᠭᠡᠨ᠂  ᠳᠤᠷ᠎ᠠ  ᠪᠠᠬ᠎ᠠ  ᠳᠤᠷ᠎ᠠ  ᠰᠣᠨᠢᠷᠬᠠᠯ᠂  ᠠᠵᠢᠯ  ᠮᠡᠷᠭᠡᠵᠢᠯ ᠤᠨ ᠲᠥᠯᠥᠪᠵᠢᠭᠦᠯᠭᠡ ᠶᠢ ᠨᠡᠶᠢᠭᠡᠮ ᠤᠨ ᠬᠡᠷᠡᠭᠴᠡᠭᠡ ᠱᠠᠭᠠᠷᠳᠠᠯᠭ᠎ᠠ ᠲᠠᠢ ᠤᠶᠠᠯᠳᠤᠭᠤᠯᠵᠤ᠂ ᠲᠣᠬᠢᠷᠠᠮᠵᠢᠲᠠᠶ  ᠰᠤᠷᠭᠠᠭᠤᠯᠢ᠂  ᠲᠤᠰᠬᠠᠶ ᠮᠡᠷᠭᠡᠵᠢᠯ ᠢ ᠰᠣᠩᠭᠤᠬᠤ ᠬᠡᠷᠡᠭᠲᠡᠶ᠃         ᠨᠠᠨᠵᠢᠩ ᠶᠡᠭᠡ ᠰᠤᠷᠭᠠᠭᠤᠯᠢ ᠶᠢᠨ ᠰᠤᠷᠭᠠᠨ ᠬᠥᠮᠦᠵᠢᠯ ᠤᠨ  ᠰᠤᠳᠤᠯᠭᠠᠨ ᠤ  ᠬᠦᠷᠢᠶᠡᠯᠡᠩ ᠤᠨ  ᠳᠡᠳ᠋  ᠫᠷᠤᠹᠧᠰᠰᠤᠷ ᠰᠦᠨ  ᠵᠢᠶᠦ᠋ᠨ  ᠬᠤᠸᠠ ᠶᠢᠨ  ᠦᠵᠡᠬᠦ ᠪᠠᠷ᠂  ︽ᠡᠷᠡᠮᠡᠯᠵᠡᠯ ᠢᠶᠠᠨ  ᠲᠠᠭᠯᠠᠨ  ᠮᠡᠳᠡᠭᠦᠯᠬᠦ ᠳᠤ  ᠵᠣᠬᠢᠬᠤ  ᠴᠠᠭ  ᠦᠶ᠎ᠡ ᠶᠢᠨ ᠠᠮᠢᠳᠤᠷᠠᠯ ᠤᠨ ᠲᠥᠯᠥᠪᠵᠢᠭᠦᠯᠭᠡ ᠳᠤ ᠰᠠᠭᠤᠷᠢᠯᠠᠵᠤ ᠰᠣᠩᠭᠤᠯᠲᠠ ᠬᠢᠬᠦ ᠶᠢᠨ ᠳᠠᠭᠠᠥ᠂ ᠡᠩ ᠲᠡᠷᠢᠭᠦᠨ ᠳᠤ  ᠬᠤᠪᠢ  ᠬᠥᠮᠦᠨ ᠤ ᠳᠤᠷ᠎ᠠ ᠰᠣᠨᠢᠷᠬᠠᠯ ᠢᠶᠠᠨ ᠲᠣᠳᠣᠷᠬᠠᠶᠢᠯᠠᠨ᠂ ᠠᠵᠢᠯ ᠮᠡᠷᠭᠡᠵᠢᠯ ᠤᠨ ᠠᠮᠢᠳᠤᠷᠠᠯ ᠢᠶᠠᠨ ᠡᠷᠲᠡᠬᠡᠨ ᠲᠥᠯᠥᠪᠵᠢᠭᠦᠯᠬᠦ ᠬᠡᠷᠡᠭᠲᠡᠶ᠃︾ ᠬᠤ᠋ ᠰᠢᠶᠠᠩ ᠳ᠋ᠦᠩ ᠡᠭᠦᠨ ᠢ ᠵᠥᠪᠰᠢᠶᠡᠷᠡᠵᠦ ᠪᠠᠶᠢᠬᠤ ᠪᠠᠨ ᠢᠯᠡᠳᠬᠡᠵᠦ᠂ ︽ᠰᠤᠷᠭᠠᠭᠤᠯᠢ᠂  ᠲᠤᠰᠬᠠᠶ  ᠮᠡᠷᠭᠡᠵᠢᠯ  ᠬᠢᠭᠡᠳ  ᠭᠠᠵᠠᠷ ᠣᠷᠣᠨ ᠤ ᠬᠤᠭᠤᠷᠣᠨᠳᠣᠬᠢ ᠰᠣᠩᠭᠤᠯᠲᠠ ᠨᠢ ᠬᠤᠪᠢ ᠬᠥᠮᠦᠨ ᠤ ᠬᠢᠷᠢ ᠪᠦᠲᠦᠮᠵᠢ ᠪᠠ ᠭᠡᠷ ᠪᠦᠯᠢ ᠶᠢᠨ ᠪᠠᠶᠢᠳᠠᠯ ᠠᠴᠠ  ᠪᠤᠯᠵᠤ ᠠᠳᠠᠯᠢ ᠦᠭᠡᠢ  ᠪᠠᠶᠢᠳᠠᠭ᠃  ᠭᠤᠣᠯ ᠨᠢ  ᠥᠪᠡᠷ ᠤᠨ  ᠳᠤᠷ᠎ᠠ  ᠰᠣᠨᠢᠷᠬᠠᠯ᠂  ᠣᠯᠣᠭᠰᠠᠨ  ᠬᠤᠪᠢ  ᠪᠠ  ᠭᠡᠷ  ᠪᠦᠯᠢ ᠶᠢᠨ ᠨᠥᠬᠦᠴᠡᠯ ᠳᠤ ᠵᠣᠬᠢᠴᠠᠭᠰᠠᠨ ᠰᠤᠷᠭᠠᠭᠤᠯᠢ ᠶᠢ ᠡᠷᠢᠵᠦ ᠤᠯᠬᠤ ᠬᠡᠷᠡᠭᠲᠡᠢ᠃ ᠵᠠᠷᠢᠮ  ᠬᠥᠮᠦᠨ ᠤ  ᠬᠡᠯᠡᠬᠦ ᠪᠠᠷ  ᠰᠤᠷᠭᠠᠭᠤᠯᠢ ᠶᠢᠨ ᠰᠣᠩᠭᠤᠯᠲᠠ ᠨᠢ ᠭᠡᠷ ᠠᠴᠠ ᠬᠡᠳᠦᠢ ᠬᠤᠯᠠ ᠪᠣᠯ ᠲᠡᠳᠦᠢ ᠰᠠᠶᠢᠨ ᠭᠡᠨ᠎ᠡ᠂ ᠭᠡᠲᠡᠯ᠎ᠡ  ᠬᠠᠶᠢᠨᠠᠨ ᠳᠤ  ᠰᠠᠭᠤᠭ᠎ᠠ  ᠰᠢᠯᠭᠠᠭᠤᠯᠤᠭᠴᠢ ᠬᠠᠷᠪᠢᠨ ᠳᠤ ᠢᠷᠡᠵᠦ ᠪᠢᠴᠢᠭ ᠦᠵᠡᠪᠡᠯ᠂ ᠵᠠᠮ ᠬᠠᠷᠢᠯᠴᠠᠭᠠᠨ ᠤ ᠵᠠᠷᠤᠳᠠᠯ ᠨᠢ ᠴᠤ ᠯᠤᠲᠤ ᠶᠡᠭᠡ ᠵᠠᠷᠤᠯᠭ᠎ᠠ ᠪᠣᠯᠬᠤ ᠤᠴᠢᠷ ᠠᠴᠠ ᠡᠨᠡ ᠰᠣᠩᠭᠤᠯᠲᠠ ᠨᠢ ᠴᠤ ᠬᠠᠮᠤᠭ ᠤᠨ ᠰᠢᠯᠢᠳᠡᠭ ᠰᠣᠩᠭᠤᠯᠲᠠ ᠪᠢᠰᠢ ᠶᠤᠮ︾ ᠭᠡᠵᠡᠢ᠃         ᠰᠤᠷᠭᠠᠭᠤᠯᠢ ᠪᠠ ᠲᠤᠰᠬᠠᠶ ᠮᠡᠷᠭᠡᠵᠢᠯ ᠰᠤᠩᠭᠤᠬᠤ ᠳᠤ ᠶᠠᠮᠠᠷ ᠶᠠᠮᠠᠷ ᠠᠯᠬᠤᠮ ᠳᠠᠷᠠᠭ᠎ᠠ ᠪᠠᠶᠢᠬᠤ ᠪᠣᠶ︖         ᠬᠤ᠋ ᠰᠢᠶᠠᠩ ᠳ᠋ᠦᠩ ᠰᠢᠯᠭᠠᠭᠤᠯᠤᠭᠴᠢᠳ ᠲᠤ  ᠥᠪᠡᠷ ᠤᠨ  ᠬᠤᠪᠢ ᠶᠢᠨ  ᠣᠷᠣᠨ  ᠪᠠᠶᠢᠷᠢ ᠪᠠᠨ  ᠦᠨᠳᠦᠰᠦᠯᠡᠨ᠂ ᠥᠪᠡᠷ ᠤᠨ  ᠰᠣᠩᠭᠤᠵᠤ  ᠪᠣᠯᠬᠤ  ᠰᠤᠷᠭᠠᠭᠤᠯᠢ ᠪᠠᠨ  ᠲᠣᠳᠣᠷᠬᠠᠶᠢᠯᠠᠨ᠎ᠠ᠂   ᠳᠠᠷᠤᠶ   ᠥᠪᠡᠷ ᠤᠨ   ᠰᠣᠩᠭᠤᠵᠤ   ᠪᠣᠯᠬᠤ ᠰᠤᠷᠭᠠᠭᠤᠯᠢ ᠶᠢᠨ ︽ᠲᠣᠮᠣ ᠲᠣᠪᠶᠤᠭ︾ ᠵᠣᠬᠢᠶᠠᠨ᠂ ᠳᠠᠷᠠᠭ᠎ᠠ ᠨᠢ ᠥᠪᠡᠷ ᠤᠨ ᠳᠤᠷ᠎ᠠ ᠰᠣᠨᠢᠷᠬᠠᠯ᠂ ᠳᠤᠷ᠎ᠠ ᠪᠠᠬ᠎ᠠ᠂ ᠬᠤᠲᠠ ᠶᠢᠨ ᠳᠤᠷ᠎ᠠ  ᠰᠣᠨᠢᠷᠬᠠᠯ᠂  ᠠᠵᠢᠯ  ᠣᠯᠭᠤᠯᠲᠠ ᠶᠢᠨ  ᠬᠠᠨᠳᠤᠰᠢ  ᠵᠡᠷᠭᠡ ᠶᠢ  ᠡᠮᠬᠢᠯᠡᠨ᠂  ᠥᠪᠡᠷ ᠤᠨ  ᠬᠤᠪᠢ  ᠪᠠ  ᠰᠣᠩᠭᠤᠬᠤ ᠴᠢᠭᠯᠡᠯ ᠲᠠᠢ ᠪᠠᠨ ᠪᠦᠷ ᠵᠣᠬᠢᠴᠠᠯᠳᠤᠭᠰᠠᠨ ᠰᠤᠷᠭᠠᠭᠤᠯᠢ ᠶᠢ  ᠰᠣᠩᠭᠤᠨ  ᠭᠠᠷᠭᠠᠵᠤ᠂  ᠰᠣᠩᠭᠤᠵᠤ  ᠪᠣᠯᠬᠤ  ᠰᠤᠷᠭᠠᠭᠤᠯᠢ ᠶᠢᠨ ᠭᠠᠷᠴᠠᠭ ᠤᠨ  ︽ᠵᠢᠵᠢᠭ  ᠲᠣᠪᠶᠤᠭ︾᠎ ᠢ  ᠲᠣᠭᠲᠠᠭᠠᠨ᠎ᠠ᠃  ᠳᠠᠬᠢᠨ  ᠬᠠᠷᠠᠯᠲᠠᠲᠤ  ᠰᠤᠷᠭᠠᠭᠤᠯᠢ ᠶᠢᠨ  ︽ᠰᠤᠷᠤᠭᠴᠢ  ᠡᠯᠰᠡᠬᠦ ᠳᠦᠷᠢᠮ︾ ᠪᠣᠯᠤᠨ ᠲᠥᠯᠥᠪᠯᠡᠭᠡ ᠶᠢᠨ ᠲᠤᠭ᠎ᠠ ᠶᠢ ᠤᠩᠰᠢᠵᠤ᠂ ᠬᠢᠴᠢᠶᠡᠯ ᠲᠥᠷᠥᠯ᠂ ᠲᠤᠰᠬᠠᠶ ᠮᠡᠷᠭᠡᠵᠢᠯ ᠤᠨ ᠲᠡᠰ ᠤᠨ ᠵᠥᠷᠢᠶ᠎ᠡ ᠪᠠᠶᠢᠬᠤ ᠡᠰᠡᠬᠦ᠂ ᠲᠣᠬᠢᠷᠠᠭᠤᠯᠬᠤ ᠲᠥᠷᠥ ᠶᠢᠨ ᠪᠣᠳᠣᠯᠭ᠎ᠠ᠂ ᠳᠠᠩ ᠬᠢᠴᠢᠶᠡᠯ ᠲᠥᠷᠥᠯ ᠤᠨ ᠱᠠᠭᠠᠷᠳᠠᠯᠭ᠎ᠠ ᠪᠠᠶᠢᠬᠤ  ᠡᠰᠡᠬᠦ  ᠵᠡᠷᠭᠡ ᠲᠠᠯ᠎ᠠ ᠶᠢᠨ  ᠱᠠᠭᠠᠷᠳᠠᠯᠭ᠎ᠠ ᠶᠢ  ᠣᠶᠢᠯᠠᠭᠠᠵᠤ᠂  ᠳᠠᠬᠢᠨ  ᠵᠣᠬᠢᠴᠠᠭᠤᠯᠬᠤ ᠶᠢ  ᠰᠠᠨᠠᠭᠤᠯᠵᠠᠢ᠃  ᠬᠤ᠋  ᠰᠢᠶᠠᠩ  ᠳ᠋ᠦᠩ   ᠪᠠᠰᠠ ᠰᠠᠨᠠᠭᠤᠯᠬᠤ ᠳᠠᠭᠠᠨ᠂ ︽ᠵᠢᠵᠢᠭ ᠲᠣᠪᠶᠤᠭ︾᠎ ᠤᠨ ᠰᠠᠭᠤᠷᠢᠨ ᠳᠡᠭᠡᠷ᠎ᠡ᠂ ᠥᠪᠡᠷ ᠤᠨ  ︽ᠥᠪᠡᠷᠮᠢᠴᠡ  ᠴᠢᠨᠠᠷ ᠤᠨ  ᠲᠣᠪᠶᠤᠭ︾ ᠳᠠᠷᠤᠶ ︽ᠡᠷᠡᠮᠡᠯᠵᠡᠯ ᠤᠨ ᠲᠥᠰᠦᠯ︾᠎ ᠢᠶᠠᠨ ᠲᠤᠭᠤᠷᠪᠢᠨ ᠲᠣᠭᠲᠠᠭᠠᠬᠤ ᠬᠡᠷᠡᠭᠲᠡᠶ ᠭᠡᠵᠡᠶ᠃ ᠬᠡᠷᠪᠡ  ᠨᠥᠬᠦᠴᠡᠯ ᠲᠠᠢ  ᠪᠣᠯ  ᠵᠠᠷᠢᠮ ᠪᠠᠭᠰᠢ᠂ ᠬᠠᠨᠳᠤᠯᠭ᠎ᠠ ᠲᠠᠢ ᠰᠤᠷᠭᠠᠭᠤᠯᠢ ᠶᠢᠨ ᠨᠣᠮ ᠤᠨ ᠠᠬ᠎ᠠ ᠡᠭᠡᠴᠢ ᠵᠡᠷᠭᠡ ᠠᠴᠠ ᠰᠠᠨᠠᠯ ᠬᠤᠷᠢᠶᠠᠵᠤ ᠪᠣᠯᠤᠨ᠎ᠠ ᠭᠡᠵᠡᠢ᠃         ᠪᠣᠯᠭᠤᠮᠵᠢᠯᠠᠬᠤ ᠶᠢᠨ ᠳᠡᠭᠡᠷ᠎ᠡ ᠪᠣᠯᠭᠤᠮᠵᠢᠯᠠᠵᠤ᠂ ᠠᠳᠡᠭᠦᠷᠡᠯ ᠠᠴᠠ ᠵᠠᠶᠢᠯᠠᠬᠤ ᠬᠡᠷᠡᠭᠲᠡᠢ         — — ᠵᠡᠷᠭᠡᠴᠡᠭᠰᠡᠨ ᠡᠷᠡᠮᠡᠯᠵᠡᠯ ᠨᠢ ᠲᠦᠭᠰᠢᠭᠦᠷᠢ ᠥᠬᠡᠶ ᠭᠡᠰᠡᠨ ᠦᠭᠡ ᠪᠢᠰᠢ         ᠣᠳᠣᠬᠠᠨ ᠳᠤ ᠪᠥᠬᠦ ᠤᠯᠤᠰ ᠲᠤ ᠭᠤᠤᠯᠳᠠᠭᠤ ᠬᠤᠶᠠᠷ ᠵᠦᠢᠯ ᠤᠨ ᠲᠠᠩᠰᠠ  ᠡᠪᠬᠡᠮᠡᠯ  ᠭᠠᠷᠭᠠᠬᠤ  ᠠᠷᠭ᠎ᠠ  ᠬᠡᠯᠪᠡᠷᠢ ᠪᠣᠶ᠄ ᠵᠡᠷᠭᠡᠴᠡᠭᠰᠡᠨ ᠲᠠᠩᠰᠠ ᠡᠪᠬᠡᠮᠡᠯ ᠥᠭᠬᠦ ᠪᠠ ᠱᠠᠲᠤᠯᠢᠭ ᠲᠠᠩᠰᠠ ᠡᠪᠬᠡᠮᠡᠯ ᠥᠭᠬᠦ ᠪᠣᠯᠣᠨ᠎ᠠ᠃         ᠵᠡᠷᠭᠡᠴᠡᠭᠰᠡᠨ ᠡᠷᠡᠮᠡᠯᠵᠡᠯ ᠤᠨ ᠲᠠᠩᠰᠠ ᠡᠪᠬᠡᠮᠡᠯ ᠥᠭᠬᠦ ᠵᠠᠷᠴᠢᠮ ᠪᠣᠯ  ︽ᠬᠤᠪᠢ ᠶᠢ  ᠤᠷᠢᠳ ᠢᠶᠠᠷ  ᠪᠣᠳᠣᠯᠬᠢᠯᠠᠵᠤ᠂ ᠡᠷᠡᠮᠡᠯᠵᠡᠯ ᠢ ᠵᠢᠷᠤᠮᠯᠠᠨ᠎ᠠ︾᠂ ᠲᠤᠬᠠᠶᠢᠯᠠᠪᠠᠯ ᠥᠨᠳᠥᠷ ᠠᠴᠠ  ᠳᠣᠣᠷ᠎ᠠ  ᠬᠦᠷᠲᠡᠯᠡᠬᠢ  ᠳᠡᠰ  ᠳᠠᠷᠠᠭᠠᠯᠠᠯ  ᠪᠠ  ᠰᠢᠯᠭᠠᠭᠤᠯᠤᠭᠴᠢ ᠨᠢᠭᠡᠪᠦᠷᠢ ᠶᠢᠨ ᠡᠷᠡᠮᠡᠯᠵᠡᠯ ᠨᠢᠭᠡᠪᠦᠷᠢ ᠶᠢᠨ ᠡᠮᠦᠨ᠎ᠡ ᠬᠤᠶᠢᠨᠠᠬᠢ ᠳᠡᠰ ᠳᠠᠷᠠᠭᠠᠯᠠᠯ ᠢᠶᠠᠷ ᠬᠠᠶᠢᠨ ᠰᠦᠪᠡᠭᠴᠢᠯᠡᠵᠦ᠂  ᠨᠢᠭᠡ  ᠤᠳᠠᠭ᠎ᠠ ᠳᠠᠩᠰᠠ ᠡᠪᠬᠡᠮᠡᠯ ᠥᠭᠭᠦᠨ᠎ᠡ᠃ ᠱᠠᠲᠤᠴᠢ ᠡᠷᠡᠮᠡᠯᠵᠡᠯ ᠤᠨ ᠲᠠᠩᠰᠠ ᠡᠪᠬᠡᠮᠡᠯ ᠥᠭᠬᠦ ᠵᠠᠷᠴᠢᠮ  ᠪᠣᠯ  ︽ᠡᠷᠡᠮᠡᠯᠵᠡᠯ ᠢ  ᠤᠷᠢᠳᠠᠪᠡᠷ ᠲᠠᠯᠪᠢᠵᠤ᠂ ᠬᠤᠪᠢ ᠶᠢ ᠵᠢᠷᠤᠮᠯᠠᠬᠤ︾ ᠶᠠᠪᠤᠳᠠᠯ ᠪᠣᠯᠤᠨ᠎ᠠ᠃ ᠢᠩᠭᠢᠬᠦᠯᠡᠷ  ᠨᠢᠭᠡᠳᠦᠭᠡᠷ  ᠡᠷᠡᠮᠡᠯᠵᠡᠯ  ᠎ ᠨᠢ  ᠲᠦᠢᠯ ᠤᠨ  ᠴᠢᠬᠤᠯᠠ ᠶᠤᠮ᠃         ᠰᠢᠨ  ᠰᠢᠶᠠᠩ  ᠷᠧᠨ ᠤ  ᠲᠠᠨᠢᠯᠴᠠᠭᠤᠯᠤᠭᠰᠠᠨ ᠢᠶᠠᠷ᠂  ᠤᠳᠤ  ᠵᠥᠪᠬᠡᠨ  ᠤᠷᠢᠳᠴᠢᠯᠠᠨ  ᠪᠦᠯᠦᠭ   ᠤᠳᠠᠭ᠎ᠠ ᠨᠢ ᠱᠠᠲᠤᠴᠢᠯᠠᠭᠰᠠᠨ  ᠡᠷᠡᠮᠡᠯᠵᠡᠯ ᠳᠤ  ᠬᠠᠷᠢᠶᠠᠯᠠᠭᠳᠠᠨ᠎ᠠ᠂  ᠣᠯᠠᠩᠬᠢ  ᠮᠤᠵᠢ  ᠣᠷᠣᠨ ᠨᠢ  ᠴᠥᠮ  ᠵᠡᠷᠭᠡᠴᠡᠭᠰᠡᠨ  ᠡᠷᠡᠮᠡᠯᠵᠡᠯ ᠳᠤ ᠲᠣᠭᠠᠴᠠᠭᠳᠠᠨ᠎ᠠ᠃  ︽ᠵᠡᠷᠭᠡᠴᠡᠭᠰᠡᠨ  ᠡᠷᠡᠮᠡᠯᠵᠡᠯ  ᠲᠠᠭᠯᠠᠬᠤ   ᠵᠠᠭᠪᠤᠷ ᠨᠢ   ᠰᠢᠯᠭᠠᠭᠤᠯᠤᠭᠴᠢ ᠶᠢᠨ   ᠡᠷᠡᠮᠡᠯᠵᠡᠯ   ᠲᠠᠭᠯᠠᠬᠤ ᠰᠤᠩᠭᠤᠯᠲᠠ ᠶᠢᠨ ᠬᠡᠪᠴᠢᠶ᠎ᠡ ᠶᠢ ᠥᠷᠭᠡᠳᠬᠡᠵᠦ᠂ ᠡᠷᠡᠮᠡᠯᠵᠡᠯ ᠢᠶᠠᠨ ᠲᠠᠭᠯᠠᠨ ᠮᠡᠳᠡᠭᠦᠯᠬᠦ ᠠᠶᠤᠯ ᠲᠦᠭᠰᠢᠭᠦᠷᠢ ᠶᠢ ᠪᠠᠭᠤᠷᠠᠭᠤᠯᠪᠠ᠂ ᠭᠡᠪᠡᠴᠦ ᠵᠡᠷᠭᠡᠴᠡᠭᠰᠡᠨ ᠡᠷᠡᠮᠡᠯᠵᠡᠯ ᠨᠢ ᠠᠶᠤᠯ ᠲᠦᠭᠰᠢᠭᠦᠷᠢ ᠦᠭᠡᠢ ᠭᠡᠰᠡᠨ ᠶᠠᠪᠤᠳᠠᠯ ᠪᠢᠰᠢ ᠶᠤᠮ᠃︾         ︽ᠡᠨᠡ ᠬᠦ ᠠᠶᠤᠯ ᠲᠦᠭᠰᠢᠭᠦᠷᠢ ᠨᠢ ᠡᠩ ᠲᠡᠷᠢᠭᠦᠨ ᠳᠤ ᠶᠡᠭᠡ ᠳᠡᠭᠡᠳᠦ  ᠰᠤᠷᠭᠠᠭᠤᠯᠢ  ᠳᠡᠪᠰᠢᠬᠦ  ᠎ ᠪᠠᠷ  ᠲᠠᠭᠯᠠᠭᠰᠠᠨ ᠡᠷᠡᠮᠡᠯᠵᠡᠯ ᠨᠢ ᠱᠠᠲᠤᠴᠢ ᠴᠢᠨᠠᠷ ᠢᠶᠠᠷ ᠴᠢᠩᠭ᠎ᠠ ᠥᠬᠡᠶ ᠳᠡᠭᠡᠷ᠎ᠡ ᠢᠯᠡᠷᠡᠳᠡᠭ᠃︾ ᠰᠢᠨ ᠰᠢᠶᠠᠩ ᠷᠧᠨ ᠬᠡᠯᠡᠬᠦ ᠳᠡᠭᠡᠨ᠂  ᠱᠠᠨᠰᠢ ᠪᠠᠷ ᠵᠢᠱᠢᠶᠡᠯᠡᠪᠡᠯ᠂ ᠵᠡᠷᠭᠡᠴᠡᠭᠰᠡᠨ ᠡᠷᠡᠮᠡᠯᠵᠡᠯ ᠳᠤ  ᠰᠢᠯᠭᠠᠭᠤᠯᠤᠭᠴᠢ  ᠶᠡᠷᠦ ᠳᠡᠭᠡᠨ  6  ᠶᠡᠭᠡ  ᠳᠡᠭᠡᠳᠦ  ᠰᠤᠷᠭᠠᠭᠤᠯᠢ ᠶᠢ  ᠲᠠᠭᠯᠠᠨ ᠮᠡᠳᠡᠭᠦᠯᠵᠦ ᠪᠣᠯᠤᠨ᠎ᠠ᠂ ᠬᠡᠷᠪᠡ ᠰᠢᠯᠭᠠᠭᠤᠯᠤᠭᠴᠢ ᠶᠢᠨ ᠰᠣᠩᠭᠤᠭᠰᠠᠨ ᠶᠡᠭᠡ ᠳᠡᠭᠡᠳᠦ  ᠰᠤᠷᠭᠠᠭᠤᠯᠢ ᠶᠢᠨ  ᠲᠠᠰ  ᠳᠠᠪᠬᠤᠷᠭ᠎ᠠ ᠨᠢ ᠠᠳᠠᠯᠢᠪᠲᠤᠷ ᠪᠣᠯ ᠨᠢᠭᠡ ᠯᠡ ᠡᠷᠡᠮᠡᠯᠵᠡᠯ ᠲᠠᠭᠯᠠᠭᠰᠠᠨ ᠲᠠᠢ ᠠᠳᠠᠯᠢ ᠪᠣᠯᠵᠤ᠂ ᠠᠮᠠᠷᠬᠠᠨ ︽ᠪᠦᠬᠦᠯᠢ ᠴᠣᠭᠴᠠ ᠶᠢᠨ ᠭᠤᠯᠭᠤᠯᠲᠠ︾ ᠪᠤᠶᠤ ︽ᠬᠤᠭᠤᠰᠤᠨ ᠳᠡᠭᠡᠷ᠎ᠡ ᠭᠢᠰᠬᠢᠬᠦ︾ ᠪᠠᠶᠢᠳᠠᠯ ᠡᠭᠦᠰᠦᠨ᠎ᠡ᠃  ᠡᠶᠢᠮᠦ ᠠᠴᠠ  ᠰᠢᠯᠭᠠᠭᠤᠯᠤᠭᠴᠢ  ᠳᠡᠭᠡᠳᠦ  ᠰᠤᠷᠭᠠᠭᠤᠯᠢ ᠳᠤ ᠰᠣᠷᠣᠭᠴᠢ ᠡᠯᠰᠡᠬᠦ ᠰᠢᠯᠭᠠᠯᠲᠠ ᠶᠢᠨ ᠬᠤᠪᠢ᠂ ᠳᠤᠷ᠎ᠠ ᠰᠣᠨᠢᠷᠬᠠᠯ ᠪᠠ ᠪᠡᠶ᠎ᠡ ᠮᠠᠬᠠᠪᠣᠳ ᠤᠨ ᠨᠥᠬᠦᠴᠡᠯ ᠵᠡᠷᠭᠡ ᠬᠦᠴᠦᠨ ᠵᠦᠢᠯ ᠢ ᠦᠨᠳᠦᠰᠦᠯᠡᠨ᠂ ︽ᠤᠷᠤᠭᠰᠢ ᠲᠡᠮᠡᠴᠡᠬᠦ ᠰᠤᠩᠭᠤᠯᠲᠠ᠂ ᠲᠣᠭᠲᠠᠭᠤᠨ ᠪᠠᠶᠢᠯᠭᠠᠬᠤ  ᠰᠤᠩᠭᠤᠯᠲᠠ᠂  ᠪᠠᠲᠤᠯᠠᠬᠤ  ᠰᠤᠩᠭᠤᠯᠲᠠ᠂ ᠠᠳᠠᠭ ᠤᠨ ᠰᠤᠩᠭᠤᠯᠲᠠ︾᠎ ᠶᠢᠨ ᠵᠠᠷᠴᠢᠮ ᠶᠣᠰᠣᠭᠠᠷ᠂ ᠳᠡᠭᠡᠳᠦ ᠰᠤᠷᠭᠠᠭᠤᠯᠢ ᠶᠢᠨ ᠡᠷᠡᠮᠡᠯᠵᠡᠯ ᠤᠨ  ᠱᠠᠲᠤ ᠶᠢ  ᠵᠦᠶ  ᠵᠣᠬᠢᠰᠲᠠᠶ ᠦᠷᠭᠡᠳᠬᠡᠬᠦ ᠬᠡᠷᠡᠭᠲᠡᠢ ᠭᠡᠵᠡᠢ᠃         ︽ᠬᠤᠶᠠᠳᠤᠭᠠᠷ ᠲᠦᠭᠰᠢᠭᠦᠷᠢ ᠪᠣᠯ ᠲᠤᠰᠬᠠᠶ ᠮᠡᠷᠭᠡᠵᠢᠯ ᠤᠨ ᠲᠣᠬᠢᠷᠠᠭᠤᠯᠤᠯᠲᠠ ᠶᠢ ᠳᠠᠭᠠᠬᠤ ᠥᠬᠡᠶ ᠠᠴᠠ  ᠪᠣᠯᠤᠭᠰᠠᠨ ᠲᠠᠩᠰᠠ ᠡᠪᠬᠡᠮᠡᠯ ᠢ ᠪᠤᠴᠠᠭᠠᠬᠤ ᠲᠦᠭᠰᠢᠭᠦᠷᠢ ᠪᠣᠯᠤᠨ᠎ᠠ᠃︾ ᠰᠢᠨ ᠰᠢᠶᠠᠩ ᠷᠧᠨ ᠢᠯᠡᠷᠬᠡᠶᠢᠯᠡᠬᠦ ᠳᠡᠭᠡᠨ᠂ ᠡᠨᠡ ᠪᠣᠯ ᠵᠡᠷᠭᠡᠴᠡᠭᠰᠡᠨ ᠡᠷᠡᠮᠡᠯᠵᠡᠯ ᠤᠨ ᠲᠠᠩᠰᠠ ᠡᠪᠬᠡᠮᠡᠯ ᠳᠤ ᠣᠷᠣᠭᠰᠠᠨ ᠤ ᠳᠠᠷᠠᠭ᠎ᠠ ᠲᠠᠩᠰᠠ ᠡᠪᠬᠡᠮᠡᠯ ᠪᠤᠴᠠᠭᠠᠬᠤ ᠶᠢᠨ ᠭᠤᠤᠯ ᠰᠢᠯᠲᠠᠭᠠᠨ ᠪᠣᠯᠤᠨ᠎ᠠ᠃ ᠱᠠᠨᠰᠢ ᠳᠤ᠂ ᠡᠩ ᠤᠨ ᠵᠡᠷᠭᠡᠴᠡᠭᠰᠡᠨ ᠡᠷᠡᠮᠡᠯᠵᠡᠯ  ᠳᠣᠲᠣᠷ᠎ᠠ  ᠳᠡᠭᠡᠳᠦ  ᠰᠤᠷᠭᠠᠭᠤᠯᠢ  ᠨᠢᠭᠡᠪᠦᠷᠢ  6  ᠲᠤᠰᠬᠠᠶ  ᠮᠡᠷᠭᠡᠵᠢᠯ ᠤᠨ ᠡᠷᠡᠮᠡᠯᠵᠡᠯ  ᠪᠠ  1  ᠲᠣᠬᠢᠷᠠᠭᠤᠯᠭ᠎ᠠ ᠶᠢ  ᠳᠠᠭᠠᠬᠤ  ᠪᠤᠯᠤᠩ  ᠲᠣᠬᠢᠷᠠᠭᠤᠯᠳᠠᠭ᠃  ᠬᠡᠷᠪᠡ  ᠰᠢᠯᠭᠠᠭᠤᠯᠤᠭᠴᠢ   ᠳᠠᠩᠰᠠᠨ ᠳᠤ ᠣᠷᠣᠭᠰᠠᠨ ᠤ ᠳᠠᠷᠠᠭ᠎ᠠ᠂ ᠬᠤᠪᠢ ᠨᠢ ᠳᠣᠣᠷ᠎ᠠ ᠠᠴᠠ ᠪᠣᠯᠵᠤ  ᠲᠤᠰᠬᠠᠶ  ᠮᠡᠷᠭᠡᠵᠢᠯ ᠤᠨ  ᠬᠦᠰᠡᠯ  ᠡᠷᠡᠮᠡᠯᠵᠡᠯ ᠢ ᠨᠢ  ᠬᠠᠩᠭᠠᠵᠤ ᠳᠡᠶᠢᠯᠬᠦ ᠥᠬᠡᠶ ᠮᠥᠷᠲᠡᠭᠡᠨ ᠰᠢᠯᠭᠠᠭᠤᠯᠤᠭᠴᠢ ᠲᠣᠬᠢᠷᠠᠭᠤᠯᠤᠯᠲᠠ ᠶᠢ ᠳᠠᠭᠠᠬᠤ ᠥᠬᠡᠶ ᠪᠣᠯ ᠲᠠᠩᠰᠠ ᠡᠪᠬᠡᠮᠡᠯ ᠢ ᠨᠢ ᠪᠤᠴᠠᠭᠠᠨ᠎ᠠ᠃ ᠵᠡᠷᠭᠡᠴᠡᠭᠰᠡᠨ ᠡᠷᠡᠮᠡᠯᠵᠡᠯ ᠪᠣᠯ ᠬᠤᠪᠢ ᠶᠢ ᠤᠷᠢᠳ ᠢᠶᠠᠷ ᠪᠣᠳᠣᠯᠬᠢᠯᠠᠵᠤ᠂ ᠨᠢᠭᠡ ᠯᠡ ᠤᠳᠠᠭ᠎ᠠ ᠲᠠᠩᠰᠠ ᠡᠪᠬᠡᠮᠡᠯ  ᠥᠭᠳᠡᠭ ᠠᠴᠠ ᠬᠡᠷᠪᠡ ᠰᠢᠯᠭᠠᠭᠤᠯᠤᠭᠴᠢᠳ ᠶᠡᠭᠡ  ᠳᠡᠭᠡᠳᠦ  ᠰᠤᠷᠭᠠᠭᠤᠯᠢ ᠶᠢᠨ  ᠳᠠᠩᠰᠠ  ᠡᠪᠬᠡᠮᠡᠯ ᠢᠶᠠᠨ  ᠪᠤᠴᠠᠭᠠᠭᠳᠠᠪᠠᠯ᠂  ᠰᠢᠯᠭᠠᠭᠤᠯᠤᠭᠴᠢ ᠵᠥᠪᠬᠡᠨ ᠲᠣᠰ ᠪᠦᠯᠦᠭ ᠤᠳᠠᠭ᠎ᠠ ᠶᠢᠨ ᠨᠦᠬᠦᠪᠦᠷᠢᠯᠡᠨ ᠡᠯᠰᠡᠬᠦ  ᠪᠤᠶᠤ  ᠲᠠᠷᠠᠭᠠᠴᠢ ᠶᠢᠨ  ᠪᠦᠯᠦᠭ  ᠤᠳᠠᠭ᠎ᠠ ᠶᠢᠨ  ᠰᠣᠷᠣᠭᠴᠢ ᠡᠯᠰᠡᠬᠦ ᠳᠤ ᠣᠷᠣᠯᠴᠠᠬᠤ ᠯᠡ ᠬᠡᠷᠡᠭ ᠪᠣᠯᠣᠨ᠎ᠠ᠃ ︽ᠡᠶᠢᠮᠦ ᠠᠴᠠ ᠵᠡᠷᠭᠡᠴᠡᠭᠰᠡᠨ ᠡᠷᠡᠮᠡᠯᠵᠡᠯ ᠤᠨ ᠠᠷᠭ᠎ᠠ ᠪᠠᠷ  ᠲᠠᠩᠰᠠ  ᠡᠪᠬᠡᠮᠡᠯ ᠥᠭᠬᠦ ᠦᠶ᠎ᠡ ᠳᠤ ᠰᠢᠯᠭᠠᠭᠤᠯᠤᠭᠴᠢᠳ ᠲᠤᠰᠬᠠᠶ ᠮᠡᠷᠭᠡᠵᠢᠯ ᠤᠨ  ᠲᠣᠬᠢᠷᠠᠭᠤᠯᠤᠯᠲᠠ ᠶᠢ  ᠴᠢᠳᠠᠬᠤ ᠶᠢᠨ  ᠬᠢᠷᠢ ᠪᠠᠷ  ᠳᠠᠭᠠᠵᠤ᠂ ᠲᠠᠩᠰᠠ ᠡᠪᠬᠡᠮᠡᠯ ᠪᠤᠴᠠᠭᠠᠬᠤ ᠠᠶᠤᠯ ᠲᠦᠭᠰᠢᠭᠦᠷᠢ ᠶᠢ ᠪᠠᠭᠠᠰᠬᠠᠬᠤ ᠬᠡᠷᠡᠭᠲᠡᠢ︾ ᠭᠡᠵᠡᠢ᠃         ︽ᠭᠤᠷᠪᠠᠳᠤᠭᠠᠷ ᠲᠦᠭᠰᠢᠭᠦᠷᠢ ᠪᠣᠯ ᠪᠡᠶ᠎ᠡ ᠮᠠᠬᠠᠪᠣᠳ ᠤᠨ ᠬᠢᠵᠠᠭᠠᠷᠯᠠᠯ ᠠᠴᠠ ᠪᠣᠯᠤᠭᠰᠠᠨ ᠲᠠᠩᠰᠠ ᠡᠪᠬᠡᠮᠡᠯ ᠪᠤᠴᠠᠭᠠᠬᠤ ᠪᠤᠶᠤ ᠳᠣᠭᠢᠷᠠᠭᠤᠯᠬᠤ  ᠲᠦᠭᠰᠢᠭᠦᠷᠢ  ᠪᠣᠯᠤᠨ᠎ᠠ᠃︾  ᠰᠢᠨ  ᠰᠢᠶᠠᠩ  ᠷᠧᠨ  ᠬᠡᠯᠡᠬᠦ  ᠎ ᠳᠡᠭᠡᠨ᠂  ᠵᠢᠯ  ᠪᠦᠷᠢ  ᠨᠢᠭᠡ  ᠪᠦᠯᠦᠭ ᠰᠢᠯᠭᠠᠭᠤᠯᠤᠭᠴᠢ ᠪᠡᠶ᠎ᠡ ᠶᠢᠨ ᠪᠠᠶᠢᠴᠠᠭᠠᠯᠲᠠ ᠳᠤ ᠬᠢᠵᠠᠭᠠᠷᠯᠠᠭᠳᠠᠭᠰᠠᠨ ᠠᠴᠠ ᠪᠣᠯᠵᠣ ᠲᠤᠰᠬᠠᠢ  ᠮᠡᠷᠭᠡᠵᠢᠯ ᠤᠨ  ᠲᠣᠬᠢᠷᠠᠭᠤᠯᠤᠯᠲᠠ ᠬᠢᠬᠦ ᠪᠤᠶᠤ ᠲᠠᠩᠰᠠ ᠡᠪᠬᠡᠮᠡᠯ ᠢ ᠨᠢ ᠪᠤᠴᠠᠭᠠᠳᠠᠭ᠃ ᠰᠢᠯᠭᠠᠭᠤᠯᠤᠭᠰᠠᠳ ᠤᠨ ᠪᠡᠶ᠎ᠡ ᠮᠠᠬᠠᠪᠣᠳ ᠤᠨ ᠡᠷᠡᠭᠦᠯ ᠮᠡᠨᠳᠦ ᠶᠢᠨ  ᠪᠠᠶᠢᠳᠠᠯ ᠳᠤ᠂ ᠡᠯ᠎ᠡ ᠶᠡᠭᠡ ᠳᠡᠭᠡᠳᠦ ᠰᠤᠷᠭᠠᠭᠤᠯᠢ ᠭᠤᠤᠯᠳᠠᠭᠤ ᠰᠤᠷᠭᠠᠨ ᠬᠥᠮᠦᠵᠢᠯ ᠤᠨ  ᠶᠠᠮᠤᠨ᠂  ᠤᠤᠯ ᠤᠨ  ᠡᠷᠡᠭᠦᠯ  ᠬᠠᠮᠠᠭᠠᠯᠠᠯ ᠤᠨ ᠶᠠᠮᠤᠨ᠂ ᠳᠤᠮᠳᠠᠳᠤ ᠤᠯᠤᠰ ᠤᠨ ᠵᠡᠮᠳᠡᠭᠴᠦᠳ ᠤᠨ ᠬᠤᠯᠪᠣᠭᠠᠲᠤ ᠬᠤᠷᠠᠯ ᠤᠨ ᠳᠠᠷᠤᠮᠠᠯᠯᠠᠨ  ᠲᠠᠷᠬᠠᠭᠠᠭᠰᠠᠨ  ︽ᠡᠩ ᠤᠨ  ᠶᠡᠭᠡ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠪᠡᠶ᠎ᠡ ᠶᠢᠨ ᠡᠷᠡᠬᠦᠯ ᠤᠨ ᠰᠢᠨᠵᠢᠯᠡᠭᠡ ᠶᠢᠨ  ᠠᠵᠢᠯ ᠤᠨ  ᠵᠢᠯᠣᠭᠤᠳᠬᠤ  ᠰᠠᠨᠠᠯ︾ ᠵᠢᠴᠢ  ᠨᠥᠬᠦᠪᠥᠷᠢ  ᠲᠣᠭᠲᠠᠭᠠᠯ ᠢᠶᠠᠷ  ᠯᠠᠪᠯᠠᠯᠲᠠ  ᠪᠣᠯᠭᠠᠬᠤ  ᠬᠡᠷᠡᠭᠲᠡᠢ᠂  ᠪᠢᠴᠢᠭ  ᠮᠠᠲ᠋ᠧᠷᠢᠶᠠᠯ ᠳᠤ   ᠰᠢᠯᠭᠠᠭᠤᠯᠤᠭᠴᠢ ᠶᠢᠨ ᠥᠩᠭᠡ ᠶᠢᠨ ᠰᠡᠷᠡᠯ᠂  ᠬᠠᠷᠠᠭ᠎ᠠ᠂  ᠰᠣᠨᠣᠷ᠂  ᠪᠡᠶ᠎ᠡ ᠶᠢᠨ  ᠥᠨᠳᠥᠷ  ᠵᠡᠷᠭᠡ  ᠲᠠᠯ᠎ᠠ ᠪᠠᠷ ᠬᠢ  ᠱᠠᠭᠠᠷᠳᠠᠯᠭ᠎ᠠ ᠶᠢ  ᠲᠣᠳᠣᠷᠬᠠᠶ ᠲᠣᠭᠲᠠᠭᠠᠪᠠ᠃ ᠡᠭᠦᠨ ᠠᠴᠠ ᠭᠠᠳᠠᠨ᠎ᠠ᠂ ᠡᠯ᠎ᠡ ᠶᠡᠭᠡ ᠳᠡᠭᠡᠳᠦ ᠰᠤᠷᠭᠠᠭᠤᠯᠢ ᠪᠠᠰᠠ ︽ᠰᠣᠷᠣᠭᠴᠢ ᠡᠯᠰᠡᠬᠦ ᠲᠦᠷᠢᠮ︾᠎ ᠳᠤ  ᠪᠡᠶ᠎ᠡ ᠮᠠᠬᠠᠪᠣᠳ ᠤᠨ ᠨᠥᠬᠦᠴᠡᠯ ᠤᠨ ᠪᠤᠰᠤᠳ ᠱᠠᠭᠠᠷᠳᠠᠯᠭ᠎ᠠ ᠶᠢ ᠲᠣᠳᠣᠷᠬᠠᠶᠢᠯᠠᠬᠤ ᠪᠣᠯᠤᠨ᠎ᠠ ᠭᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号