ᠬᠡᠵᠢᠶ᠎ᠡ ᠬᠠᠳᠤᠯᠠᠩ ᠳᠤ ᠭᠠᠷᠪᠠᠯ ᠲᠣᠬᠢᠷᠠᠮᠵᠢᠲᠠᠢ ᠪᠤᠢ︖ ᠠᠩᠬᠠᠷᠤᠯ ᠳᠠᠭᠠᠨ ᠬᠠᠨᠳᠤᠭᠤᠯᠤᠭᠠᠷᠠᠢ︕
ᠨᠡᠶᠢᠲᠡᠯᠡᠭᠰᠡᠨ ᠴᠠᠭ᠄
2020/8/12
       ᠬᠠᠯᠢᠭᠤᠨ ᠨᠠᠮᠤᠷ ᠪᠣᠯᠵᠤ᠂ ᠬᠠᠳᠤᠯᠠᠩ ᠤᠨ ᠤᠯᠠᠷᠢᠯ ᠬᠦᠷᠴᠦ ᠢᠷᠡᠯ᠎ᠡ᠃ ᠬᠡᠵᠢᠶ᠎ᠡ ᠬᠠᠳᠤᠯᠠᠩ ᠳᠤ ᠭᠠᠷᠬᠤ᠂ ᠬᠠᠳᠤᠯᠠᠩ ᠤᠨ ᠴᠠᠭ ᠶᠠᠭᠤ ᠶᠢ ᠠᠩᠬᠠᠷᠬᠤ ᠲᠤᠬᠠᠢ ᠲᠤᠰᠬᠠᠢ ᠮᠡᠷᠭᠡᠵᠢᠯᠲᠡᠨ ᠤ ᠶᠠᠷᠢᠶ᠎ᠠ ᠶᠢ ᠰᠣᠨᠤᠰᠤᠭᠠᠷᠠᠢ᠃        ᠬᠠᠳᠤᠯᠠᠩ ᠳᠤ ᠭᠠᠷᠬᠤ ᠴᠠᠭ ᠤᠨ ᠡᠷᠲᠡ ᠣᠷᠣᠢ ᠨᠢ ᠡᠪᠡᠰᠦᠨ ᠤ ᠰᠢᠮ᠎ᠡ ᠲᠡᠵᠢᠭᠡᠯ ᠢ ᠨᠥᠯᠥᠭᠡᠯᠡᠳᠡᠭ᠃ ᠣᠯᠠᠨ ᠵᠢᠯ ᠤᠨ ᠴᠠᠭ ᠠᠭᠤᠷ ᠤᠨ ᠮᠠᠲ᠋ᠧᠷᠢᠶᠠᠯ ᠢ ᠦᠨᠳᠦᠰᠦᠯᠡᠪᠡᠯ᠂ ᠰᠢᠯᠢ ᠶᠢᠨ ᠭᠤᠤᠯ ᠤᠨ ᠲᠠᠯ᠎ᠠ ᠨᠤᠲᠤᠭ ᠤᠨ ᠳᠤᠮᠳᠠᠴᠢ ᠬᠢᠷᠠᠭᠤ ᠤᠨᠠᠬᠤ ᠬᠤᠭᠤᠴᠠᠭ᠎ᠠ ᠨᠢ 9 ᠰᠠᠷ᠎ᠠ ᠶᠢᠨ ᠡᠬᠢᠨ ᠳᠤ ᠪᠠᠶᠢᠵᠤ᠂ ᠬᠡᠲᠦ ᠤᠳᠠᠭ᠎ᠠ ᠬᠢᠷᠠᠭᠤ ᠤᠨᠠᠭᠰᠠᠨ ᠤ ᠳᠠᠷᠠᠭ᠎ᠠ᠂ ᠪᠡᠯᠴᠢᠭᠡᠷ ᠡᠪᠡᠰᠦ ᠪᠦᠷ ᠰᠢᠷᠠᠯᠠᠳᠠᠭ᠂ 9 ᠰᠠᠷ᠎ᠠ ᠶᠢᠨ 10 ᠤ ᠡᠳᠦᠷ ᠠᠴᠠ ᠬᠤᠶᠢᠰᠢ ᠬᠠᠳᠤᠭᠰᠠᠨ ᠬᠠᠳᠤᠯᠠᠩ ᠢ ︽ᠬᠢᠷᠠᠭᠤᠲᠤ ᠰᠢᠷ᠎ᠠ ᠡᠪᠡᠰᠦ︾ ᠭᠡᠳᠡᠭ᠂ ᠡᠨᠡ ᠡᠪᠡᠰᠦᠨ ᠤ ᠬᠠᠷᠢᠴᠠᠯ ᠨᠢ ᠳᠤᠮᠳᠠᠴᠢ ᠪᠠᠷ 40% ᠳᠤ ᠬᠦᠷᠴᠦ᠂ ᠡᠪᠡᠰᠦᠨ ᠤ ᠶᠠᠰᠤ ᠴᠢᠨᠠᠷ ᠨᠢ ᠢᠯᠡᠳᠲᠡ ᠳᠣᠷᠣᠭᠰᠢᠯᠠᠭᠰᠠᠨ ᠪᠠᠶᠢᠳᠠᠭ᠃        ᠡᠶᠢᠮᠦ ᠠᠴᠠ ᠡᠪᠡᠰᠦ ᠬᠠᠳᠤᠬᠤ ᠬᠤᠷᠳᠤᠴᠠ ᠶᠢ ᠲᠦᠷᠭᠡᠳᠬᠡᠬᠦ ᠶᠢᠨ ᠬᠠᠮᠲᠤ ᠣᠬᠤᠷ ᠬᠤᠭᠤᠴᠠᠭᠠᠨ ᠳᠣᠲᠣᠷ᠎ᠠ ᠵᠥᠭᠡᠭᠡᠪᠦᠷᠢᠯᠡᠨ ᠬᠠᠳᠠᠭᠠᠯᠠᠪᠠᠯ᠂ ᠬᠢᠷᠠᠭᠤᠲᠤ ᠰᠢᠷ᠎ᠠ ᠡᠪᠡᠰᠦᠨ ᠤ ᠬᠠᠷᠢᠴᠠᠯ ᠢᠯᠡᠳᠲᠡ ᠪᠠᠭᠠᠰᠳᠠᠭ᠂ ᠬᠠᠳᠤᠬᠤ ᠴᠠᠭ ᠨᠢ ᠤᠯᠠᠮ ᠣᠬᠤᠷ ᠪᠣᠯ᠂ ᠤᠯᠠᠮ ᠰᠠᠶᠢᠨ ᠬᠠᠳᠣᠯᠠᠠᠩ ᠢ ᠬᠤᠷᠢᠶᠠᠵᠤ ᠲᠡᠶᠢᠯᠦᠨ᠎ᠡ᠃ᠡᠬᠢ ᠪᠠᠶᠠᠯᠢᠭ ᠢ ᠦᠷᠭᠦᠯᠵᠢᠯᠡᠨ ᠠᠰᠢᠭᠯᠠᠬᠤ ᠲᠤᠬᠠᠢ ᠶᠠᠷᠢᠪᠠᠯ        ᠶᠡᠷᠦ ᠳᠡᠭᠡᠨ ᠣᠯᠠᠨ ᠨᠠᠰᠤᠲᠤ ᠤᠷᠭᠤᠮᠠᠯ ᠢᠷᠡᠬᠦ ᠵᠢᠯ ᠳᠤ ᠳᠠᠬᠢᠨ ᠰᠣᠶᠣᠭᠠᠯᠠᠬᠤ ᠶᠢᠨ ᠲᠥᠯᠥᠭᠡ᠂ ᠨᠠᠮᠤᠷ ᠤᠨ ᠤᠯᠠᠷᠢᠯ ᠳᠤ ᠨᠢᠭᠡ ᠬᠡᠰᠡᠭ ᠰᠢᠮ᠎ᠡ ᠲᠡᠵᠢᠭᠡᠯ ᠢᠶᠠᠨ ᠦᠨᠳᠦᠰᠦᠨ ᠬᠡᠰᠡᠭ ᠲᠤ ᠪᠠᠨ ᠰᠢᠯᠵᠢᠭᠦᠯᠦᠨ ᠬᠠᠳᠠᠭᠠᠯᠠᠵᠤ᠂ ᠢᠷᠡᠬᠦ ᠵᠢᠯ ᠰᠣᠶᠤᠭᠠᠯᠠᠬᠤ ᠳᠠᠭᠠᠨ ᠪᠠᠯᠠᠳᠭᠡᠳᠡᠭ᠂ ᠡᠪᠡᠰᠦ ᠬᠠᠳᠤᠬᠤ ᠴᠠᠭ ᠨᠢ ᠳᠡᠩᠳᠡᠭᠦᠦ ᠣᠷᠣᠢ ᠪᠣᠯᠪᠠᠯ᠂ ᠬᠠᠳᠤᠭᠳᠠᠭᠰᠠᠨ ᠡᠪᠡᠰᠦ ᠰᠢᠮ᠎ᠡ ᠲᠡᠵᠢᠭᠡᠯ ᠢᠶᠠᠨ ᠭᠠᠵᠠᠷ ᠳᠣᠣᠷ᠎ᠠ ᠭᠦᠢᠴᠡᠳ ᠨᠥᠭᠡᠴᠡᠯᠡᠵᠦ ᠴᠢᠳᠠᠬᠤ ᠦᠭᠡᠢ ᠪᠣᠯᠵᠤ᠂ ᠢᠷᠡᠬᠦ ᠵᠢᠯ ᠲᠤ ᠳᠠᠬᠢᠨ ᠰᠣᠶᠤᠭᠠᠯᠠᠬᠤ ᠶᠢ ᠨᠥᠯᠦᠭᠡᠯᠡᠨ᠎ᠡ᠃  ᠢᠩᠭᠢᠪᠡᠯ ᠤᠳᠠᠭᠠᠨ ᠳᠠᠭᠠᠨ ᠪᠡᠯᠴᠢᠭᠡᠷ ᠮᠠᠭᠤᠳᠠᠬᠤ ᠪᠣᠯᠣᠨ᠎ᠠ᠃ ᠡᠶᠢᠮᠦ ᠠᠴᠠ ᠡᠪᠡᠰᠦ ᠬᠠᠳᠤᠬᠤ ᠬᠤᠭᠤᠴᠠᠭ᠎ᠠ ᠶᠢ ᠵᠣᠬᠢᠬᠤ ᠬᠡᠮᠵᠢᠶᠡᠨ ᠳᠤ ᠤᠷᠢᠳᠴᠢᠯᠠᠨ ᠲᠣᠬᠢᠷᠠᠭᠤᠯᠬᠤ ᠨᠢ ᠵᠦᠢᠲᠠᠢ᠃        ᠰᠢᠯᠢ ᠶᠢᠨ ᠭᠤᠤᠯ ᠤᠨ ᠲᠠᠯ᠎ᠠ ᠨᠤᠲᠤᠭ ᠪᠣᠯ ᠮᠠᠨ ᠤ ᠤᠯᠤᠰ ᠤᠨ ᠬᠠᠮᠤᠭ ᠤᠨ ᠲᠥᠯᠥᠭᠡᠯᠡᠬᠦ ᠴᠢᠨᠠᠷᠲᠠᠶ ᠪᠠᠶᠢᠭᠠᠯᠢᠯᠢᠭ ᠲᠠᠯ᠎ᠠ ᠨᠤᠲᠤᠭ ᠪᠣᠯᠬᠤ ᠪᠥᠭᠡᠳ ᠪᠠᠰᠠ ᠴᠤ ᠮᠠᠨ ᠤ ᠤᠯᠤᠰ ᠤᠨ ᠮᠠᠯ ᠠᠵᠤ ᠠᠬᠤᠢ ᠶᠢᠨ ᠬᠥᠭᠵᠢᠯᠲᠡ ᠬᠢᠭᠡᠳ ᠮᠠᠯ ᠠᠵᠤ ᠠᠬᠤᠢ ᠶᠢᠨ ᠣᠷᠣᠰᠢᠨ ᠲᠣᠭᠲᠠᠨᠢᠬᠤ ᠴᠢᠬᠤᠯᠠ ᠪᠣᠳᠠᠰ ᠤᠨ ᠰᠠᠭᠤᠷᠢ ᠪᠣᠯᠤᠨ᠎ᠠ᠃ᠳ᠋ᠦᠩᠨᠡᠯᠲᠡ        ᠵᠦᠶ ᠵᠣᠬᠢᠰ ᠦᠭᠡᠢ ᠡᠪᠡᠰᠦ ᠬᠠᠳᠤᠬᠤ ᠨᠢ ᠨᠤᠲᠤᠭ ᠪᠡᠯᠴᠢᠭᠡᠷ ᠠᠮᠢ ᠠᠬᠤᠢ ᠶᠢᠨ ᠰᠢᠰᠲ᠋ᠧᠮ ᠤᠨ ᠳᠦᠷᠢᠮ ᠢ ᠡᠪᠳᠡᠬᠦ ᠪᠠᠷ ᠪᠠᠷᠠᠬᠤ ᠦᠭᠡᠢ᠂ ᠬᠥᠷᠥᠰᠥᠨ ᠤ ᠣᠷᠭᠠᠨᠢᠭ ᠪᠣᠳᠠᠰ ᠶᠢ ᠪᠠᠭᠠᠰᠬᠠᠵᠤ᠂ ᠬᠦᠷᠦᠰᠦ ᠶᠢ ᠳᠠᠴᠢᠷᠰᠢᠭᠤᠯᠤᠨ᠎ᠠ᠃ ᠡᠭᠦᠨ ᠤ ᠬᠠᠮᠲᠤ ᠡᠪᠡᠰᠦ ᠪᠡᠯᠴᠢᠭᠡᠷ ᠤᠨ ᠦᠷ᠎ᠡ ᠶᠢᠨ ᠤᠨᠠᠯᠲᠠ ᠶᠢ ᠨᠥᠯᠥᠭᠡᠯᠡᠵᠦ᠂ ᠨᠤᠲᠤᠭ ᠪᠡᠯᠴᠢᠭᠡᠷ ᠠᠮᠢ ᠠᠬᠤᠢ ᠶᠢᠨ ᠰᠢᠰᠲ᠋ᠧᠮ ᠤᠨ ᠬᠡᠪ ᠤᠨ ᠪᠠᠶᠢᠳᠠᠯ ᠪᠠ ᠰᠢᠨᠡᠴᠢᠯᠡᠯ ᠳᠤ ᠠᠰᠢᠭ ᠦᠭᠡᠢ ᠪᠠᠶᠢᠳᠠᠭ᠃        ᠵᠦᠶ ᠵᠣᠬᠢᠰᠲᠠᠶ ᠡᠪᠡᠰᠦ ᠬᠠᠳᠤᠵᠤ ᠬᠠᠳᠠᠭᠠᠯᠠᠬᠤ ᠳᠦᠷᠢᠮ ᠢ ᠪᠠᠶᠢᠭᠤᠯᠬᠤ ᠨᠢ ᠳᠠᠴᠢᠷᠰᠢᠭᠰᠠᠨ ᠨᠤᠲᠤᠭ ᠪᠡᠯᠴᠢᠭᠡᠷ ᠢ ᠵᠠᠰᠠᠬᠤ ᠳᠤ ᠠᠰᠢᠭᠲᠠᠶ ᠪᠠᠷ ᠪᠠᠷᠠᠬᠤ ᠦᠭᠡᠢ ᠪᠠᠰᠠ ᠨᠤᠲᠤᠭ ᠪᠡᠯᠴᠢᠭᠡᠷ ᠤᠨ ᠦᠷᠭᠦᠯᠵᠢᠯᠡᠨ ᠬᠦᠭᠵᠢᠬᠦ ᠶᠢᠨ ᠴᠢᠬᠤᠯᠠ ᠠᠷᠭ᠎ᠠ ᠬᠡᠮᠵᠢᠶ᠎ᠡ ᠪᠣᠯᠤᠨ᠎ᠠ᠃        ᠥᠨᠥ ᠵᠢᠯ ᠬᠠᠳᠤᠯᠠᠩ ᠲᠤ ᠬᠡᠳᠦᠢ ᠶᠢᠨ ᠪᠠᠷᠤᠭ ᠢᠶᠠᠷ ᠭᠠᠷᠤᠪᠠᠯ ᠲᠣᠬᠢᠷᠠᠮᠵᠢᠲᠠᠢ ᠪᠣᠶ︖        ᠱᠠᠩᠳᠤ ᠪᠠᠯᠭᠠᠰᠤ᠂ ︽ᠲᠠᠪᠦ‍ ᠨᠢᠭᠡ︾ ᠮᠠᠯᠵᠢᠯ ᠤᠨ ᠲᠠᠯᠠᠪᠠᠶ᠂ ᠪᠣᠷᠤᠬᠤᠲᠠ ᠵᠢᠱᠢᠶ᠎ᠡ ᠦᠵᠡᠭᠦᠯᠬᠦ ᠣᠷᠣᠨ ᠵᠡᠷᠭᠡ ᠨᠣᠬᠠᠢ ᠶᠢᠨ ᠰᠢᠪᠡᠭᠡ ᠠᠷᠪᠢᠨ ᠤᠷᠭᠤᠳᠠᠭ ᠭᠠᠵᠠᠷ 8 ᠰᠠᠷ᠎ᠠ ᠶᠢᠨ 20 ᠤ ᠡᠳᠦᠷ ᠠᠴᠠ ᠡᠬᠢᠯᠡᠨ ᠡᠪᠡᠰᠦ ᠬᠠᠳᠤᠵᠤ ᠪᠣᠯᠤᠨ᠎ᠠ ᠃ ᠤᠮᠠᠷᠠᠲᠤ ᠬᠡᠰᠡᠭ ᠤᠨ ᠬᠤᠯᠠᠨ ᠰᠢᠷᠭ᠎ᠠ ᠳᠠᠭ᠎ᠠ ᠶᠢᠨ ᠮᠠᠩᠬᠠᠨ ᠣᠷᠣᠨ ᠳᠤ 8 ᠰᠠᠷ᠎ᠠ ᠶᠢᠨ 25 ᠤ ᠡᠳᠦᠷ ᠠᠴᠠ ᠬᠤᠶᠢᠰᠢ ᠰᠠᠶ᠋ᠢ ᠬᠠᠳᠤᠵᠤ ᠪᠣᠯᠤᠨ᠎ᠠ ᠰᠢᠦ᠃ᠡᠪᠡᠰᠦ ᠬᠠᠳᠤᠬᠤ ᠦᠶᠡᠰ ᠶᠠᠭᠤ ᠶᠢ ᠠᠩᠬᠠᠷᠪᠠᠯ ᠵᠣᠬᠢᠬᠤ ᠪᠤᠢ︖        500 ᠮᠦ ᠠᠴᠠ ᠳᠣᠷᠣᠭᠰᠢᠬᠢ ᠬᠠᠳᠤᠯᠠᠩ ᠤᠨ ᠪᠡᠯᠴᠢᠭᠡᠷ ᠲᠤ ᠠᠯᠠᠭᠯᠠᠨ ᠬᠠᠳᠤᠬᠤ ᠳᠦᠷᠢᠮ ᠢ ᠬᠡᠷᠡᠭᠵᠢᠭᠦᠯᠵᠦ᠂ ᠭᠤᠷᠪᠠᠨ ᠵᠠᠭᠤᠨ ᠮᠧᠲᠷ ᠥᠷᠭᠡᠨ ᠬᠠᠳᠤᠬᠤ ᠪᠦᠷᠢ 5 ᠠᠴᠠ 10 ᠮᠧᠲᠷ ᠤᠨ ᠥᠷᠭᠡᠨ ᠭᠠᠵᠠᠷ ᠤᠨ ᠤᠷᠭᠤᠮᠠᠯ ᠶᠢ ᠦᠯᠡᠳᠡᠭᠡᠵᠦ ᠡᠪᠡᠰᠦᠨ ᠤ ᠦᠷ᠎ᠡ ᠤᠨᠠᠭᠤᠯᠬᠤ ᠪᠦᠰᠡ ᠪᠣᠯᠭᠠᠨ᠂ ᠪᠦᠬᠦᠨ ᠢ ᠬᠠᠳᠤᠬᠤ ᠶᠢ ᠴᠢᠩᠭ᠎ᠠ ᠴᠠᠭᠠᠵᠠᠯᠠᠵᠤ᠂ ᠡᠪᠡᠰᠦᠨ ᠶᠣᠵᠣᠭᠤᠷ ᠢ 6cm ᠦᠯᠡᠳᠡᠭᠡᠬᠦ ᠴᠢᠬᠤᠯᠠᠲᠠᠢ᠃        ᠮᠠᠳᠡᠯ᠎ᠡ ᠮᠡᠳᠡᠯ᠎ᠡ᠂ ᠬᠤᠷᠳᠤᠨ ᠶᠠᠭᠤᠮ᠎ᠠ ᠪᠠᠨ ᠲᠢᠭᠯᠡᠵᠦ ᠬᠠᠳᠤᠯᠠᠩ ᠳᠠᠭᠠᠨ ᠭᠠᠷᠬᠤ ᠪᠠᠷ ᠪᠡᠯᠡᠳᠭᠡᠶ᠎ᠡ᠃ᠪᠣᠤ ᠶᠠᠭᠠᠷᠠᠵᠤ ᠪᠠᠢ᠂ ᠨᠠᠮᠤᠷ ᠤᠨ ᠤᠯᠠᠷᠢᠯ ᠳᠤ ᠡᠪᠡᠰᠦ ᠵᠦᠭᠡᠭᠡᠬᠦ ᠲᠡᠷᠭᠡ ᠣᠯᠠᠰᠢᠷᠠᠵᠤ᠂ ᠬᠥᠮᠦᠨ ᠬᠠᠷ᠎ᠠ ᠣᠯᠠᠨ ᠠᠴᠠ ᠡᠷᠬᠡᠪᠰᠢ ᠲᠠᠯ᠎ᠠ ᠨᠤᠲᠤᠭ ᠤᠨ ᠭᠠᠯ ᠰᠡᠷᠭᠡᠶᠢᠯᠡᠬᠦ ᠶᠢ ᠠᠩᠬᠠᠷᠴᠤ᠂ ᠬᠡᠭᠡᠷ᠎ᠡ ᠭᠠᠳᠠᠨ᠎ᠠ ᠭᠠᠯ ᠬᠡᠷᠡᠭᠯᠡᠬᠦ ᠶᠢ ᠴᠢᠩᠭ᠎ᠠ ᠴᠠᠭᠠᠵᠠᠯᠠᠬᠤ ᠬᠡᠷᠡᠭᠲᠡᠶ᠃ ᠦᠭᠡᠢ ᠪᠣᠯ ᠲᠠᠯᠠᠭᠠᠷ ᠶᠠᠭᠠᠷᠠᠭᠰᠠᠨ ᠲᠡᠳᠦᠢ ᠦᠭᠡᠢ᠂ ᠬᠤᠬᠢᠷᠠᠯ ᠴᠤ ᠶᠡᠭᠡ ᠭᠠᠷᠬᠤ ᠪᠣᠯᠤᠨ᠎ᠠ ᠰᠢᠦ ᠵᠠ᠂ ᠲᠡᠭᠡ᠃ᠤᠷᠠᠯᠢᠭ ᠣᠷᠴᠢᠭᠤᠯᠵᠤ ᠮᠦᠳᠡᠭ ᠬᠢᠨᠠᠪᠠ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号