︽ᠦᠨᠢᠷ ᠴᠡᠴᠡᠭ︾ ᠰᠡᠳᠬᠦᠯ  ᠤᠨ ᠬᠡᠪᠯᠡᠯ ᠡᠬᠢᠯᠡᠭᠰᠡᠨ 65 ᠵᠢᠯ᠂ ︽ᠲᠡᠯᠡᠬᠡᠢ  ᠶᠢᠨ ᠤᠳᠬ᠎ᠠ ᠵᠤᠬᠢᠶᠠᠯ︾ ᠰᠡᠳᠬᠦᠯ  ᠤᠨ ᠬᠡᠪᠯᠡᠯ ᠡᠬᠢᠯᠡᠭᠰᠡᠨ 40 ᠵᠢᠯ  ᠤᠨ ᠣᠢ ᠶᠢᠨ ᠪᠠᠶᠠᠷ  ᠢ ᠪᠡᠯᠭᠡᠯᠡᠬᠦ ︽ᠨᠠ᠊ · ᠰᠠᠶᠢᠨᠴᠤᠭᠲᠤ︾ ᠨᠡᠷᠡᠮᠵᠢᠲᠦ ᠢᠷᠠᠭᠤ ᠨᠠᠶᠢᠷᠠᠭ  ᠤᠨ ᠤᠷᠤᠯᠳᠤᠭᠠᠨ  ᠤ ᠮᠡᠳᠡᠭᠳᠡᠯ
ᠨᠡᠶᠢᠲᠡᠯᠡᠭᠰᠡᠨ ᠴᠠᠭ᠄
2020/8/13
              ᠰᠢ ᠶᠢᠨ ᠫᠢᠩ  ᠤᠨ ᠰᠢᠨ᠎ᠡ ᠴᠠᠭ ᠦᠶ᠎ᠡ ᠶᠢᠨ ᠳᠣᠮᠳᠠᠳᠣ ᠣᠯᠣᠰ ᠤᠨ ᠣᠨᠴᠠᠯᠢᠭ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠶᠢ ᠬᠦᠨᠵᠡᠭᠡᠢ ᠰᠣᠷᠣᠯᠴᠠᠨ ᠲᠤᠤᠱᠯᠠᠭᠤᠯᠵᠦ᠂ ᠮᠤᠩᠭᠤᠯ ᠤᠷᠠᠨ ᠵᠤᠬᠢᠶᠠᠯ  ᠤᠨ ᠰᠡᠳᠬᠦᠯ  ᠤᠨ ᠦᠢᠯᠡᠰ  ᠤᠨ ᠬᠦᠭᠵᠢᠯᠲᠡ  ᠶᠢ ᠤᠯᠠᠮ ᠨᠢᠭᠡ ᠠᠯᠬᠤᠮ ᠠᠬᠢᠭᠤᠯᠵᠦ᠂ ᠵᠣᠬᠢᠶᠠᠯᠴᠢ ᠬᠢᠭᠡᠳ ᠰᠡᠳᠬᠦᠯ  ᠤᠨ ᠬᠠᠷᠢᠴᠠᠭ᠎ᠠ  ᠶᠢ ᠤᠯᠠᠮ ᠨᠢᠭᠡ ᠠᠯᠬᠤᠮ ᠨᠢᠭᠲᠠᠷᠠᠭᠤᠯᠬᠤ  ᠶᠢᠨ ᠲᠤᠯᠠᠳᠠ᠂ ᠮᠠᠨ  ᠤ ᠤᠯᠤᠰ  ᠤᠨ ᠮᠤᠩᠭᠤᠯ ᠤᠷᠠᠨ ᠵᠤᠬᠢᠶᠠᠯ  ᠤᠨ ᠤᠤᠭᠠᠨ ᠰᠡᠳᠬᠦᠯ  ᠤᠨ ᠨᠢᠭᠡ — ︽ᠦᠨᠢᠷ ᠴᠡᠴᠡᠭ︾ ᠰᠡᠳᠬᠦᠯ  ᠤᠨ ᠬᠡᠪᠯᠡᠯ ᠡᠬᠢᠯᠡᠭᠰᠡᠨ 65 ᠵᠢᠯ ᠤᠨ ᠤᠢ᠂ ᠮᠠᠨ  ᠤ ᠤᠯᠤᠰ  ᠤᠨ ᠴᠤᠷ  ᠤᠨ ᠭᠠᠭᠴᠠ ᠲᠡᠯᠡᠬᠡᠢ  ᠶᠢᠨ ᠤᠷᠠᠨ ᠵᠤᠬᠢᠶᠠᠯ  ᠤᠨ ᠮᠤᠩᠭᠤᠯ ᠤᠷᠴᠢᠭᠤᠯᠭ᠎ᠠ  ᠶᠢᠨ ᠰᠡᠳᠬᠦᠯ — ︽ᠲᠡᠯᠡᠬᠡᠢ  ᠶᠢᠨ ᠤᠳᠬ᠎ᠠ ᠵᠤᠬᠢᠶᠠᠯ︾ ᠰᠡᠳᠬᠦᠯ  ᠤᠨ ᠬᠡᠪᠯᠡᠯ ᠡᠬᠢᠯᠡᠭᠰᠡᠨ 40 ᠵᠢᠯ  ᠤᠨ ᠤᠢ  ᠶᠢᠨ ᠪᠠᠶᠠᠷ ᠵᠢᠴᠢ ︽ᠦᠨᠢᠷ ᠴᠡᠴᠡᠭ︾ ᠰᠡᠳᠬᠦᠯ  ᠤᠨ ᠡᠭᠦᠰᠬᠡᠨ ᠪᠠᠶᠢᠭᠤᠯᠤᠭᠴᠢ  ᠶᠢᠨ ᠨᠢᠭᠡ — ᠠᠯᠳᠠᠷᠲᠤ ᠵᠤᠬᠢᠶᠠᠯᠴᠢ ᠨᠠ᠊ · ᠰᠠᠶᠢᠨᠴᠤᠭᠲᠤ  ᠶᠢᠨ ᠲᠤᠷᠠᠳᠬᠠᠯ  ᠳᠤ ᠵᠤᠷᠢᠭᠤᠯᠵᠦ᠂ ︽ᠦᠨᠢᠷ ᠴᠡᠴᠡᠭ︾ ᠰᠡᠳᠬᠦᠯ  ᠤᠨ ᠬᠤᠷᠢᠶ᠎ᠠ᠂ ᠰᠢᠯᠤᠭᠤᠨ ᠬᠦᠬᠡ ᠬᠤᠰᠢᠭᠤᠨ  ᠤ ᠨᠠᠮ  ᠤᠨ ᠬᠤᠷᠢᠶ᠎ᠠ  ᠶᠢᠨ ᠤᠬᠠᠭᠤᠯᠬᠤ ᠬᠡᠯᠲᠡᠰ ᠠᠴᠠ ᠭᠤᠤᠯᠯᠠᠨ ᠡᠷᠬᠢᠯᠡᠵᠦ᠂ ᠰᠢᠯᠤᠭᠤᠨ ᠬᠦᠬᠡ ᠬᠤᠰᠢᠭᠤᠨ  ᠤ ᠤᠳᠬ᠎ᠠ ᠤᠷᠠᠯᠢᠭ  ᠤᠨ ᠬᠢᠨ  ᠤ ᠬᠤᠯᠪᠤᠭ᠎ᠠ ᠰᠢᠯᠤᠭᠤᠨ ᠬᠦᠬᠡ ᠬᠤᠰᠢᠭᠤᠨ  ᠤ ᠵᠢᠭᠠᠰᠤᠲᠠᠢ ᠰᠤᠮᠤ  ᠠᠴᠠ ᠲᠠᠭᠠᠭᠠᠴᠢᠯᠠᠨ ᠡᠷᠬᠢᠯᠡᠭᠰᠡᠨ ︽ᠨᠠ᠊ · ᠰᠠᠶᠢᠨᠴᠤᠭᠲᠤ︾ ᠨᠡᠷᠡᠮᠵᠢᠲᠦ ᠢᠷᠠᠭᠤ ᠨᠠᠶᠢᠷᠠᠭ  ᠤᠨ ᠤᠷᠤᠯᠳᠤᠭᠠᠨ ᠡᠬᠢᠯᠡᠬᠦ ᠪᠤᠯᠤᠭᠰᠠᠨ  ᠢ ᠡᠷᠬᠢᠮ ᠵᠤᠬᠢᠶᠠᠯᠴᠢᠳ  ᠲᠠᠭᠠᠨ ᠠᠯᠪᠠᠨ ᠶᠣᠰᠣᠭᠠᠷ ᠮᠡᠳᠡᠭᠳᠡᠵᠣ ᠪᠠᠶᠢᠨ᠎ᠠ᠃ ᠵᠣᠬᠢᠶᠠᠯᠴᠢᠳ ᠮᠢᠨᠢ ᠪᠢᠷ ᠢᠶᠠᠨ ᠬᠤᠷᠴᠠᠯᠠᠵᠣ᠂ ᠪᠢᠯᠢᠭ ᠣᠶᠣᠨ ᠢᠶᠠᠨ ᠰᠣᠷᠢᠵᠣ ᠢᠳᠡᠪᠬᠢᠯᠡᠨ ᠤᠷᠤᠯᠴᠠᠭᠠᠷᠠᠢ᠃ ᠨᠢᠭᠡ᠂ ᠨᠠᠭᠠᠳᠣᠮ ᠳᠤ ᠣᠷᠣᠯᠴᠠᠬᠤ ᠵᠤᠬᠢᠶᠠᠯ ᠪᠦᠲᠦᠭᠡᠯ ᠤᠨ ᠲᠣᠬᠠᠢ ᠱᠠᠭᠠᠷᠳᠠᠯᠭ᠎ᠠ  1. ᠤᠷᠤᠯᠳᠤᠭᠠᠨ  ᠳᠤ ᠣᠷᠣᠯᠴᠠᠬᠤ ᠪᠦᠲᠦᠭᠡᠯ ᠨᠢ ᠠᠭᠤᠯᠭ᠎ᠠ ᠡᠷᠡᠭᠦᠯ ᠰᠠᠷᠠᠭᠤᠯ᠂ ᠬᠡᠯᠡ ᠬᠡᠯᠡᠯᠭᠡ ᠣᠷᠣᠰᠣᠮ᠎ᠠ ᠭᠤᠪᠠᠢ᠂ ᠤᠷᠠᠯᠢᠭ  ᠤᠨ ᠰᠢᠨᠡᠷᠬᠡᠭ ᠬᠦᠭᠡᠭᠡᠴᠡᠯᠳᠦᠯ ᠲᠠᠢ ᠪᠠᠶᠢᠵᠦ᠂ ᠤᠯᠤᠰ ᠤᠷᠤᠨ  ᠤᠨ ᠬᠦᠭᠵᠢᠯ ᠴᠡᠴᠡᠭᠯᠡᠯ᠂ ᠠᠷᠠᠳ  ᠤᠨ ᠠᠮᠢᠳᠤᠷᠠᠯ  ᠤᠨ ᠦᠭᠡᠳᠡᠯᠡᠯ ᠴᠢᠨᠡᠭᠡᠯᠢᠭᠵᠢᠯ ᠬᠢᠭᠡᠳ ᠰᠢᠨ᠎ᠡ ᠴᠠᠭ ᠦᠶ᠎ᠡ  ᠶᠢᠨ ᠵᠤᠷᠢᠭ ᠰᠠᠨᠠᠭ᠎ᠠ  ᠶᠢ ᠲᠤᠰᠬᠠᠨ ᠬᠠᠷᠠᠭᠤᠯᠵᠦ ᠴᠢᠳᠠᠭᠰᠠᠨ ᠪᠠᠶᠢᠬᠤ ᠬᠡᠷᠡᠭᠲᠡᠢ᠃  2. ᠨᠠᠭᠠᠳᠣᠮ ᠳᠤ ᠣᠷᠣᠯᠴᠠᠬᠤ ᠵᠤᠬᠢᠶᠠᠯ ᠪᠦᠲᠦᠭᠡᠯ ᠨᠢ ᠶᠠᠮᠠᠷ ᠴᠣ᠋ ᠣᠷᠣᠯᠳᠣᠭᠠᠨ ᠲᠡᠮᠡᠴᠡᠭᠡᠨ᠂ ᠨᠣᠮ ᠬᠡᠪᠯᠡᠯ᠂ ᠰᠣᠨᠢᠨ ᠰᠡᠳᠭᠦᠯ᠂ ᠰᠦᠯᠵᠢᠶ᠎ᠡ ᠵᠢᠷᠭᠢᠭᠡ ᠲᠡᠭᠡᠷ᠎ᠡ ᠨᠡᠶᠢᠲᠡᠯᠡᠭᠳᠡᠭᠡ ᠦᠭᠡᠢ ᠬᠤᠪᠢ ᠬᠦᠮᠦᠨ ᠤ ᠰᠢᠨ᠎ᠡ ᠪᠦᠲᠦᠭᠡᠯ ᠪᠠᠶᠢᠬᠤ ᠶᠢ ᠱᠠᠭᠠᠷᠳᠠᠨ᠎ᠠ᠃ ᠡᠯᠰᠡᠭᠰᠡᠨ ᠵᠤᠬᠢᠶᠠᠯ  ᠤᠨ ᠬᠡᠪᠯᠡᠯ  ᠤᠨ ᠡᠷᠬᠡ ᠨᠢ ᠵᠤᠬᠢᠶᠠᠨ ᠪᠠᠶᠢᠭᠤᠯᠤᠭᠰᠠᠨ ᠨᠢᠭᠡᠴᠢ  ᠳᠤ ᠬᠠᠷᠢᠶᠠᠯᠠᠭᠳᠠᠨ᠎ᠠ᠃  3. ᠤᠷᠤᠯᠴᠠᠭᠴᠢ ᠪᠦᠷᠢ ᠵᠦᠪᠬᠡᠨ ᠨᠢᠭᠡ ᠤᠷᠠᠨ ᠪᠦᠲᠦᠭᠡᠯ ᠢᠶᠠᠷ ᠤᠷᠤᠯᠴᠠᠨ᠎ᠠ᠃ ᠨᠠᠰᠣᠨ ᠤ ᠬᠢᠵᠠᠭᠠᠷᠯᠠᠯ ᠦᠭᠡᠢ ᠬᠤᠶᠠᠷ᠂ ᠵᠤᠬᠢᠶᠠᠯ ᠪᠦᠲᠦᠭᠡᠯ ᠡᠯᠰᠡᠬᠦ ᠴᠠᠭ ᠬᠤᠭᠤᠴᠠᠭ᠎ᠠ ᠬᠢᠭᠡᠳ ᠠᠩᠬᠠᠷᠬᠤ ᠵᠦᠢᠯ  1. ᠮᠡᠳᠡᠭᠳᠡᠯ ᠲᠠᠷᠬᠠᠭᠠᠭᠰᠠᠨ ᠡᠳᠦᠷ  ᠠᠴᠠ 2020 ᠣᠨ ᠤ 9 ᠳ᠋ᠤᠭᠡᠷ ᠰᠠᠷ᠎ᠠ ᠶᠢᠨ 5 ᠤ ᠡᠳᠦᠷ ᠬᠦᠷᠲᠡᠯᠡᠬᠢ ᠬᠤᠭᠤᠴᠠᠭᠠᠨ ᠳᠤ ᠪᠦᠬᠦ ᠣᠯᠣᠰ ᠤᠨ ᠭᠡᠪᠴᠢᠶᠡᠨ ᠠᠴᠠ ᠪᠦᠲᠦᠭᠡᠯ ᠡᠯᠰᠡᠨ᠎ᠡ᠃  2. ᠨᠠᠭᠠᠳᠣᠮ ᠳᠤ ᠣᠷᠣᠯᠴᠠᠬᠤ ᠪᠦᠲᠦᠭᠡᠯ ᠢᠶᠠᠨ ᠮᠦᠡᠭᠬᠡ ᠭᠠᠯ ᠤᠨ 3 ᠨᠣᠮᠧᠷᠲᠣ ᠴᠠᠭᠠᠨ ᠲᠢᠭ ᠢᠶᠠᠷ ᠰᠢᠪᠡᠵᠦ ᠢᠮᠧᠯ ᠢᠶᠠᠷ ᠢᠷᠡᠭᠦᠯᠵᠣ᠂ ᠵᠣᠬᠢᠶᠠᠭᠴᠢ ᠶᠢᠨ ᠨᠡᠷ᠎ᠡ᠂ ᠬᠠᠶ᠋ᠢᠭ᠂ ᠬᠠᠷᠢᠯᠴᠠᠬᠤ ᠣᠲᠠᠰᠣ ᠪᠠᠨ ᠵᠠᠪᠠᠯ ᠲᠣᠳᠣᠷᠬᠠᠢ ᠪᠢᠴᠢᠭᠰᠡᠨ ᠪᠠᠶᠢᠬᠤ ᠬᠡᠷᠡᠭᠲᠡᠢ᠃  3. ᠵᠤᠬᠢᠶᠠᠯ ᠪᠦᠲᠦᠭᠡᠯ ᠢᠶᠠᠨ ᠶᠠᠪᠤᠭᠤᠯᠬᠤ ᠳᠠᠭᠠᠨ ︽︿ᠨᠠ᠊ · ᠰᠠᠶᠢᠨᠴᠤᠭᠲᠤ﹀ ᠨᠡᠷᠡᠮᠵᠢᠲᠦ ᠢᠷᠠᠭᠤ ᠨᠠᠶᠢᠷᠠᠭ ᠤᠨ ᠨᠠᠭᠠᠳᠤᠮ ᠳᠤ︾ ᠭᠡᠵᠦ ᠲᠤᠳᠤᠷᠬᠠᠢᠢᠯᠠᠬᠤ ᠴᠢᠬᠤᠯᠠ ᠲᠠᠢ᠃  4. ᠬᠦᠮᠦᠨ  ᠤ ᠬᠦᠴᠦᠨ  ᠤ ᠬᠢᠵᠠᠭᠠᠷᠯᠠᠯ  ᠠᠴᠠ ᠪᠤᠯᠵᠦ ᠡᠬᠡ ᠪᠢᠴᠢᠭ  ᠢ ᠬᠤᠷᠢᠶᠠᠨ ᠤᠯᠤᠭᠰᠠᠨ  ᠤ ᠳᠠᠷᠠᠭ᠎ᠠ ᠵᠤᠬᠢᠶᠠᠭᠴᠢ  ᠳᠤ ᠬᠠᠷᠢᠭᠤ ᠮᠡᠳᠡᠭᠳᠡᠬᠦ ᠦᠭᠡᠢ᠃ ᠢᠮᠧᠯ  ᠳᠤ ᠨᠢᠭᠡᠲᠦᠯᠲᠡᠢ ᠬᠠᠷᠢᠭᠤ ᠦᠭᠭᠦ ᠪᠤᠯᠤᠨ᠎ᠠ᠃ ᠡᠬᠡ ᠪᠢᠴᠢᠭ ᠢᠯᠡᠭᠡᠭᠰᠡᠨ  ᠤ ᠳᠠᠷᠠᠭ᠎ᠠ ᠢᠮᠧᠯ  ᠢᠶᠠᠨ ᠠᠩᠬᠠᠷᠴᠦ ᠦᠵᠡᠭᠡᠷᠡᠢ᠃ ᠭᠤᠷᠪᠠ᠂ ᠰᠢᠯᠭᠠᠷᠠᠭᠤᠯᠬᠤ ᠠᠷᠭ᠎ᠠ ᠬᠡᠮᠵᠢᠶ᠎ᠡ  1. ᠤᠷᠤᠯᠳᠤᠭᠠᠨ ᠳᠤ ᠣᠷᠣᠯᠴᠠᠭᠰᠠᠨ ᠪᠦᠲᠦᠭᠡᠯ ᠤᠨ ᠵᠣᠬᠢᠶᠠᠭᠴᠢ ᠶᠢᠨ ᠬᠢᠨᠢ ᠨᠡᠷ᠎ᠡ ᠣᠰᠣ᠂ ᠬᠠᠷᠢᠯᠴᠠᠬᠤ ᠬᠠᠶ᠋ᠢᠭ ᠢ ᠲᠠᠷᠣᠵᠣ᠂ ᠢᠯᠡ ᠲᠣᠳᠣ᠂ ᠲᠦᠪ ᠭᠤᠣᠯᠴᠢ ᠵᠠᠷᠴᠢᠮ ᠢᠶᠠᠷ ᠠᠩᠬᠠᠨ  ᠤ ᠰᠢᠯᠭᠠᠷᠠᠭᠤᠯᠤᠯᠲᠠ  ᠳᠤ ᠲᠤᠨᠵᠦ ᠦᠯᠡᠳᠡᠬᠦ 16 ᠪᠦᠲᠦᠭᠡᠯ  ᠢ ᠰᠢᠯᠭᠠᠷᠠᠭᠤᠯᠣᠨ᠎ᠠ᠃ ᠰᠢᠯᠢᠳᠡᠭ 16 ᠪᠦᠲᠦᠭᠡᠯ ᠤᠨ ᠵᠣᠬᠢᠶᠠᠯᠴᠢ ᠠᠴᠠ ᠰᠢᠢᠳᠪᠦᠷᠢᠲᠦ ᠤᠷᠤᠯᠳᠤᠭᠠᠨ  ᠤ ᠠᠬᠤᠢ ᠲᠠᠯᠠᠪᠠᠢ ᠳᠤ ᠪᠦᠲᠦᠭᠡᠯ  ᠢᠶᠠᠨ ᠤᠩᠰᠢᠵᠦ ᠤᠷᠤᠯᠳᠤᠨ᠎ᠠ᠃  2. 2020 ᠤᠨ  ᠤ 9 ᠳ᠋ᠦ᠋ᠭᠡᠷ ᠰᠠᠷ᠎ᠠ  ᠶᠢᠨ 10  ᠤ ᠡᠳᠦᠷ ᠰᠢᠯᠤᠭᠤᠨ ᠬᠦᠬᠡ ᠬᠤᠰᠢᠭᠤᠨ  ᠤ ᠵᠢᠭᠠᠰᠤᠲᠠᠢ ᠰᠤᠮᠤ  ᠶᠢᠨ ᠠᠯᠲᠠᠨ ᠰᠢᠷᠡᠭᠡᠲᠦ ᠭᠠᠴᠠᠭᠠᠨ  ᠤ ︽ᠨᠠ᠊ · ᠰᠠᠶᠢᠨᠴᠤᠭᠲᠤ  ᠶᠢᠨ ᠲᠤᠷᠠᠰᠬᠠᠯ  ᠤᠨ ᠤᠷᠳᠤᠨ︾  ᠳᠤ ᠰᠢᠢᠳᠪᠦᠷᠢᠲᠦ ᠤᠷᠤᠯᠳᠤᠭᠠᠨ ᠵᠢᠴᠢ ᠱᠠᠩᠨᠠᠯ ᠤᠯᠭᠤᠬᠤ ᠶᠤᠰᠤᠯᠠᠯ  ᠢ ᠡᠷᠬᠢᠯᠡᠨ ᠶᠠᠪᠤᠭᠳᠠᠭᠤᠯᠤᠨ᠎ᠠ᠃ᠲᠦᠷᠪᠡ᠂ ᠱᠠᠩᠨᠠᠯ ᠤᠨ ᠲᠣᠬᠢᠷᠠᠭᠤᠯᠣᠯᠲᠠ 1. ᠲᠡᠷᠢᠭᠦᠨ ᠪᠠᠶᠢᠷᠢ  ᠶᠢᠨ ᠰᠠᠩᠨᠠᠯ 1 ᠨᠡᠷ᠎ᠡ᠂ ᠱᠠᠩᠨᠠᠯ  ᠤᠨ ᠮᠦᠩᠬᠦ 1 ᠲᠦᠮᠡᠨ ᠲᠦᠭᠦᠷᠢᠭ᠃   ᠲᠡᠳ᠋ ᠪᠠᠶᠢᠷᠢ ᠶᠢᠨ ᠱᠠᠩᠨᠠᠯ ᠳᠤ 2 ᠨᠠᠷ᠎ᠠ᠂ ᠱᠠᠩᠨᠠᠯ  ᠤᠨ ᠮᠦᠩᠬᠦ ᠲᠤᠰ ᠪᠦᠷᠢ 5 ᠮᠢᠩᠭᠠᠨ ᠲᠦᠭᠦᠷᠢᠭ᠃   ᠭᠤᠳᠠᠭᠠᠷ ᠪᠠᠶᠢᠷᠢ ᠶᠢᠨ ᠱᠠᠩᠨᠠᠯ ᠳᠤ 3 ᠨᠠᠷ᠎ᠠ᠂ ᠱᠠᠩᠨᠠᠯ  ᠤᠨ ᠮᠦᠩᠬᠦ ᠲᠤᠰ ᠪᠦᠷᠢ 3 ᠮᠢᠩᠭᠠᠨ ᠲᠦᠭᠦᠷᠢᠭ᠃   ᠰᠢᠯᠢᠳᠡᠭ ᠪᠠᠶᠢᠷᠢ ᠶᠢᠨ ᠱᠠᠩᠨᠠᠯ ᠳᠤ 10 ᠨᠠᠷ᠎ᠠ᠂  ᠱᠠᠩᠨᠠᠯ  ᠤᠨ ᠮᠦᠩᠬᠦ ᠲᠤᠰ ᠪᠦᠷᠢ 2 ᠮᠢᠩᠭᠠᠨ ᠲᠦᠭᠦᠷᠢᠭ᠃ᠲᠠᠪᠤ᠂ ᠬᠠᠷᠢᠯᠴᠠᠬᠤ ᠬᠦᠮᠦᠨ᠄ ᠦᠭᠡᠯᠡᠳ ᠪᠠᠭᠠᠳᠣᠷ 18504716388   ᠵᠤᠬᠢᠶᠠᠯ ᠪᠦᠲᠦᠭᠡᠯ ᠶᠠᠪᠣᠭᠤᠯᠬᠤ ᠢᠮᠧᠯ ᠤᠨ ᠬᠠᠶᠢᠷᠴᠠᠭ᠄ unqqndm@163.com                        ︽ᠦᠨᠢᠷ ᠴᠡᠴᠡᠭ︾ ᠰᠡᠳᠭᠦᠯ ᠤᠨ ᠬᠤᠷᠢᠶ᠎ᠠ                        ᠰᠢᠯᠤᠭᠤᠨ ᠬᠦᠬᠡ ᠬᠤᠰᠢᠭᠤᠨ  ᠤ ᠨᠠᠮ  ᠤᠨ ᠬᠤᠷᠢᠶ᠎ᠠ  ᠶᠢᠨ ᠤᠬᠠᠭᠤᠯᠬᠤ ᠬᠡᠯᠲᠡᠰ                        ᠰᠢᠯᠤᠭᠤᠨ ᠬᠦᠬᠡ ᠬᠤᠰᠢᠭᠤᠨ  ᠤ  ᠤᠳᠬ᠎ᠠ ᠤᠷᠠᠯᠢᠭ  ᠤᠨ ᠬᠢᠨ  ᠤ ᠬᠤᠯᠪᠤᠭ᠎ᠠ                          ᠰᠢᠯᠤᠭᠤᠨ ᠬᠦᠬᠡ ᠬᠤᠰᠢᠭᠤᠨ  ᠤ ᠵᠢᠭᠠᠰᠤᠲᠠᠢ ᠰᠤᠮᠤ  ᠶᠢᠨ ᠨᠠᠮ  ᠤᠨ ᠬᠤᠷᠢᠶ᠎ᠠ                                    2020. 8. 5
 
ᠢᠷᠡᠯᠲᠡ᠄ ᠰᠢᠯᠤᠭᠤᠨ ᠬᠥᠬᠡ ᠬᠤᠰᠢᠭᠤᠨ ᠤ ᠤᠳᠬ᠎ᠠ ᠣᠷᠠᠯᠢᠭ ᠤᠨ ᠬᠢᠨ ᠤ ᠬᠤᠯᠪᠣᠭ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号