ᠮᠤᠩᠭᠤᠯ ᠤᠷᠤᠠ ᠤ ᠠᠷᠡᠳ ᠤᠨ ᠴᠠᠭ ᠠᠭᠤᠷ ᠰᠢᠨᠵᠢᠬᠦ ᠤᠯᠠᠮᠵᠢᠯᠠᠯᠳᠤ ᠠᠷᠭ᠎ᠠ ᠳᠡᠮ
ᠨᠡᠶᠢᠲᠡᠯᠡᠭᠰᠡᠨ ᠴᠠᠭ᠄
2020/8/21
           ᠮᠠᠨ ᠤ ᠡᠪᠦᠭᠡ ᠲᠡᠭᠡᠳᠤᠰ ᠪᠠᠶᠢᠭᠠᠯᠢ ᠶᠢᠨ ᠡᠯᠳᠡᠪ ᠶᠠᠭᠤᠮᠠᠰ ᠦᠵᠡᠭᠳᠡᠯ ᠤᠨ ᠬᠤᠯᠪᠤᠭ᠎ᠠ ᠬᠠᠷᠢᠴᠠᠭ᠎ᠠ ᠶᠢ ᠰᠤᠷᠭᠤᠭ ᠢᠶᠠᠷ ᠠᠵᠢᠭᠯᠠᠨ ᠡᠷᠬᠢᠴᠡᠭᠦᠯᠤᠨ ᠳ᠋ᠦᠩᠨᠡᠵᠤ᠂ ᠠᠮᠢᠳᠤᠷᠠᠯ ᠠᠬᠤᠢ ᠳᠠᠭᠠᠨ ᠮᠦᠷᠳᠡᠯᠭᠡ ᠪᠤᠯᠭᠠᠵᠤ ᠢᠷᠡᠭᠰᠡᠨ ᠪᠠᠶᠠᠯᠢᠭ ᠤᠯᠠᠮᠵᠢᠯᠠᠯ ᠲᠠᠢ᠃ ᠲᠡᠭᠦᠨ ᠤ ᠨᠢᠭᠡᠨ ᠵᠢᠱᠢᠶ᠎ᠡ ᠪᠤᠯ ᠨᠠᠷᠠ᠂ ᠰᠠᠷᠠ᠂ ᠤᠳᠤᠳ ᠤᠨ ᠲᠤᠬᠢᠶᠠᠯ᠂ ᠡᠭᠦᠯᠡ᠂ ᠠᠭᠠᠷ ᠰᠠᠯᠬᠢᠨ ᠤ ᠬᠤᠪᠢᠰᠤᠯ ᠬᠦᠳᠡᠯᠭᠡᠭᠡᠨ ᠢᠶᠠᠷ ᠢᠷᠡᠬᠦ ᠴᠠᠭ ᠤᠨ ᠲᠡᠭᠷᠢ ᠶᠢᠨ ᠠᠶᠠᠰ ᠢ ᠤᠷᠢᠳᠴᠢᠯᠠᠨ ᠮᠡᠳᠡᠵᠤ ᠪᠠᠶᠢᠭᠰᠠᠨ ᠶᠠᠪᠤᠳᠠᠯ ᠪᠢᠯᠡ᠃          ᠪᠡᠶ᠎ᠡ ᠨᠤᠵᠤᠭᠤᠷᠠᠨ ᠵᠠᠯᠬᠠᠭᠤ ᠬᠦᠷᠴᠤ ᠨᠦᠢᠷᠮᠤᠭᠯᠠᠪᠠᠯ ᠵᠤᠨ ᠤ ᠴᠠᠭ ᠲᠤ ᠪᠤᠷᠤᠭ᠎ᠠ ᠤᠷᠤᠬᠤ ᠶᠢᠨ ᠰᠢᠨᠵᠢ᠃          ᠪᠡᠶ᠎ᠡ ᠬᠦᠨᠳᠤᠷᠡᠨ ᠤᠭᠤᠴᠠ ᠪᠠᠷ ᠬᠦᠰᠢᠵᠤ ᠨᠢᠳᠤ ᠪᠦᠷᠤᠯᠵᠠᠨ ᠲᠠᠷᠢᠬᠢ ᠲᠤᠯᠤᠭᠠᠢ ᠲᠦᠨᠡᠷᠡᠬᠦ ᠨᠢ ᠲᠡᠭᠷᠢ ᠡᠪ ᠦᠭᠡᠶᠢᠷᠡᠬᠦ ᠶᠢᠨ ᠲᠡᠮᠳᠡᠭ᠃          ᠭᠠᠩᠰᠠᠨ ᠤ ᠪᠤᠬᠢ ᠲᠦᠭᠵᠢᠷᠡᠵᠤ ᠤᠰᠤᠳᠤᠵᠤ ᠢᠷᠡᠬᠦ ᠨᠢ ᠲᠡᠭᠷᠢ ᠮᠠᠭᠤᠳᠠᠵᠤ ᠪᠤᠷᠤᠭ᠎ᠠ ᠤᠷᠤᠬᠤ ᠶᠢᠨ ᠰᠢᠨᠵᠢ᠃          ᠤᠭᠤᠳᠠ ᠰᠠᠪᠠ ᠲᠠᠢ ᠲᠠᠮᠠᠬᠢ ᠲᠠᠪᠤᠰᠤ ᠴᠢᠭᠢᠭᠳᠡᠬᠦ ᠨᠢ ᠪᠤᠷᠤᠭ᠎ᠠ ᠤᠷᠤᠬᠤ ᠶᠢᠨ ᠰᠢᠨᠵᠢ᠃          ᠬᠡᠳᠦ᠋ᠢᠪᠡᠷ ᠰᠠᠷᠢᠭᠦᠪᠳᠤᠷ ᠬᠦᠢᠳᠡᠨ ᠪᠠᠶᠢᠪᠠᠴᠤ ᠴᠤᠩᠬᠤ ᠬᠦᠯᠤᠷᠡᠬᠦ ᠨᠢ ᠲᠤᠯᠠᠭᠠᠷᠠᠬᠤ ᠶᠢᠨ ᠰᠢᠨᠵᠢ᠃          ᠬᠦᠭᠵᠢᠮ ᠤᠨ ᠤᠳᠠᠰᠤ ᠤᠷᠳᠤᠰᠤᠨ ᠮᠤᠯᠳᠤᠷᠠᠭᠠᠳ ᠪᠠᠶᠢᠪᠠᠯ ᠪᠤᠷᠤᠭ᠎ᠠ ᠤᠷᠤᠬᠤ᠂ ᠲᠠᠰᠤᠷᠠᠭᠠᠳ ᠪᠠᠶᠢᠪᠠᠯ ᠠᠭᠠᠷ ᠬᠠᠭᠤᠷᠠᠢ ᠲᠡᠭᠷᠢ ᠰᠠᠶᠢᠬᠠᠨ ᠪᠠᠶᠢᠬᠤ ᠶᠢᠨ ᠲᠡᠮᠳᠡᠭ᠃          ᠵᠣᠤᠬ᠎ᠠ᠂ ᠫᠢᠰᠢᠩ ᠳᠤ ᠬᠢᠭᠰᠡᠨ ᠮᠤᠳᠤ ᠶᠢ ᠠᠰᠠᠭᠠᠬᠤ ᠳᠤ ᠲᠦᠷᠡᠯᠵᠡᠨ ᠰᠢᠳᠠᠵᠤ ᠲᠦᠯᠤ ᠨᠢ ᠬᠦᠪᠡᠭᠡ ᠤᠷᠤᠭᠤ ᠪᠠᠨ ᠲᠠᠳᠠᠭᠳᠠᠵᠤ ᠪᠠᠶᠢᠪᠠᠯ ᠰᠠᠯᠬᠢ᠂ ᠰᠢᠭᠤᠷᠭ᠎ᠠ ᠪᠤᠯᠬᠤ᠂ ᠮᠤᠳᠤ ᠴᠠᠳ ᠫᠠᠳᠬᠢᠨ ᠲᠤᠤᠭᠠᠷᠤᠨ ᠤᠳᠤᠭ᠎ᠠ ᠰᠠᠪᠰᠠᠨ ᠮᠠᠭᠤ ᠰᠢᠳᠠᠵᠤ ᠪᠠᠶᠢᠪᠠᠯ ᠪᠤᠷᠤᠭ᠎ᠠ ᠬᠤᠷ᠎ᠠ ᠤᠷᠤᠬᠤ ᠪᠤᠶᠤ ᠲᠤᠯᠠᠭᠠᠨ ᠲᠤᠭᠳᠠᠭᠤᠨ ᠡᠳᠤᠷ ᠪᠤᠯᠬᠤ ᠶᠢᠨ ᠰᠢᠨᠵᠢ᠃          ᠠᠷᠭᠠᠯ ᠲᠦᠯᠡᠰᠢ ᠴᠢᠬᠢᠭᠳᠦᠪᠡᠯ ᠬᠤᠷ᠎ᠠ ᠤᠷᠤᠬᠤ ᠶᠢᠨ ᠲᠡᠮᠳᠡᠭ᠃          ᠶᠠᠨᠳᠤᠩ ᠤᠨ ᠤᠳᠤᠭ᠎ᠠ ᠡᠭ᠍ᠴᠡ ᠲᠡᠭᠡᠭᠰᠢ ᠪᠠᠨ ᠬᠦᠭᠡᠷᠴᠤ ᠪᠠᠶᠢᠪᠠᠯ ᠡᠳᠤᠷ ᠲᠡᠭᠡᠨ ᠰᠠᠯᠬᠢ ᠪᠠᠭ᠎ᠠ ᠲᠠᠢ᠂ ᠲᠤᠭᠳᠠᠭᠤᠨ ᠪᠠᠶᠢᠬᠤ᠂ ᠤᠳᠤᠭ᠎ᠠ ᠬᠦᠭᠡᠷᠬᠦ ᠦᠭᠡᠢ ᠬᠤᠷᠭᠤᠳᠠᠬᠤ ᠪᠤᠶᠤ ᠬᠠᠵᠠᠭᠤ ᠲᠡᠰᠢ ᠪᠠᠨ ᠬᠡᠶᠢᠰᠴᠤ ᠪᠠᠶᠢᠪᠠᠯ ᠰᠠᠯᠬᠢ ᠰᠢᠷᠤᠭᠦᠰᠴᠤ ᠲᠡᠭᠷᠢ ᠪᠦᠷᠬᠦᠵᠤ ᠬᠤᠷ᠎ᠠ ᠤᠷᠤᠬᠤ ᠶᠢᠨ ᠰᠢᠨᠵᠢ᠃          ᠲᠤᠭᠤᠭ᠎ᠠ ᠵᠤᠤᠬᠠᠨ ᠤ ᠬᠦ᠋ ᠰᠢᠳᠠᠵᠤ ᠢᠮᠠᠭᠠᠷᠠᠪᠠᠯ ᠰᠢᠭᠤᠷᠴᠤ ᠰᠠᠯᠬᠢᠯᠠᠬᠤ ᠶᠢᠨ ᠲᠡᠮᠳᠡᠭ᠃          ᠬᠤᠪᠴᠠᠰᠤ᠂ ᠰᠤᠷ᠂ ᠪᠤᠰᠤᠳ ᠮᠠᠲ᠋ᠧᠷᠢᠶᠠᠯ ᠴᠢᠭᠢᠭ ᠲᠠᠭᠠᠭᠠᠪᠠᠯ ᠪᠤᠷᠤᠭ᠎ᠠ ᠤᠷᠤᠬᠤ ᠶᠢᠨ ᠰᠢᠨᠵᠢ᠃          ᠰᠢᠷᠢ ᠰᠠᠪᠬᠢᠠ ᠡᠳ᠋ᠯᠡᠯ ᠵᠦᠭᠡᠯᠡᠷᠡᠪᠡᠯ ᠬᠤᠷ᠎ᠠ ᠪᠤᠷᠤᠭ᠎ᠠ ᠤᠷᠤᠨ᠎ᠠ ᠭᠡᠵᠤ ᠮᠡᠳᠡ᠃          ᠢᠰᠡᠬᠡᠢ ᠲᠠᠪᠤᠤ ᠢᠯᠠᠩᠭᠤᠶ᠎ᠠ ᠪᠡᠷᠵᠡᠭᠡᠭᠡᠨ ᠪᠦᠷᠢᠶᠡᠰᠤ ᠭᠡᠷ ᠤᠨ ᠬᠢᠯᠭᠠᠰᠤᠨ ᠬᠤᠰᠢᠯᠠᠩ ᠪᠦᠰᠡ᠂ ᠲᠡᠭᠡᠰᠤᠨ ᠴᠤᠯᠪᠤᠭᠤᠷ ᠤᠯᠤᠰᠤ ᠠᠭᠰᠢᠵᠤ ᠴᠢᠩᠭᠠᠷᠠᠪᠠᠯ ᠲᠡᠭᠷᠢ ᠪᠦᠷᠬᠦᠵᠤ ᠪᠤᠷᠤᠭ᠎ᠠ ᠤᠷᠤᠬᠤ ᠶᠢᠨ ᠰᠢᠨᠵᠢ᠃          ᠰᠠᠪᠠᠯᠠᠭᠰᠠᠨ ᠬᠤᠷᠢᠶᠠᠭᠰᠠᠨ ᠨᠤᠤᠰᠤ ᠬᠢᠯᠭᠠᠰᠤ ᠴᠢᠭᠢᠭ ᠲᠠᠭᠠᠭᠠᠬᠤ ᠨᠢ ᠪᠤᠷᠤᠭ᠎ᠠ ᠬᠤᠷ᠎ᠠ ᠤᠷᠤᠬᠤ ᠶᠢᠨ ᠰᠠᠨᠠᠮᠵᠢ ᠭᠡᠵᠤ ᠪᠤᠳᠤ᠃          ᠠᠭᠠᠷ ᠤᠨ ᠲᠠᠷᠤᠯᠳᠠ ᠬᠡᠮᠵᠢᠬᠦ ᠪᠠᠭᠠᠵᠢ ᠦᠭᠡᠢ ᠪᠤᠯ ᠠᠷᠢᠬᠢᠨ ᠤ ᠰᠢᠯ ᠳᠤ ᠭᠤᠤᠯ ᠤᠨ ᠤᠰᠤᠨ ᠠᠴᠠ ᠲᠠᠯ᠎ᠠ ᠬᠤᠪᠢ ᠬᠦᠷᠳᠡᠯ᠎ᠡ ᠬᠢᠭᠡᠳ ᠰᠠᠶᠢᠳᠤᠷ ᠪᠦᠭᠯᠡᠵᠤ᠂ ᠠᠪᠳᠠᠷ᠎ᠠ ᠰᠢᠷᠡᠭᠡ ᠴᠤᠩᠬᠤᠨ ᠤ ᠲᠠᠪᠴᠠᠩ ᠳᠡᠭᠡᠷ᠎ᠡ ᠲᠠᠯᠪᠢᠭᠠᠳ ᠠᠰᠢᠭᠯᠠᠵᠤ ᠪᠤᠯᠤᠨ᠎ᠠ᠃ ᠰᠢᠯ ᠲᠠᠢ ᠤᠰᠤᠨ ᠤ ᠲᠡᠭᠡᠳᠤ ᠬᠡᠰᠡᠭ ᠤᠨ ᠰᠢᠯ ᠤᠨ ᠬᠠᠨᠠᠨ ᠳᠤ ᠤᠰᠤᠨ ᠤ ᠲᠤᠰᠤᠯ ᠲᠤᠭᠳᠠᠵᠤ ᠪᠠᠶᠢᠪᠠᠯ ᠲᠡᠭᠷᠢ ᠤᠳᠠᠯ ᠦᠭᠡᠢ ᠮᠠᠭᠤᠳᠠᠬᠤ ᠶᠢᠨ ᠰᠢᠠᠵᠢ᠂ ᠬᠡᠷᠪᠡ ᠲᠡᠭᠷᠢ ᠡᠪ ᠦᠭᠡᠶᠢᠳᠡᠭᠰᠡᠨ ᠦᠶ᠎ᠡ ᠳᠤ ᠰᠢᠯ ᠤᠨ ᠬᠠᠨᠠᠨ ᠳᠠᠬᠢ ᠤᠰᠤᠨ ᠲᠤᠰᠤᠯ ᠠᠷᠢᠯᠤᠭᠰᠠᠨ ᠪᠤᠯ ᠲᠡᠭᠷᠢ ᠰᠠᠶᠢᠵᠢᠷᠠᠬᠤ ᠶᠢᠨ ᠰᠢᠨᠵᠢ᠃          ᠰᠦᠨᠢ ᠬᠤᠳᠤᠭᠤᠷ ᠬᠦᠨᠳᠠᠢ ᠭᠠᠵᠠᠷ ᠬᠦᠢᠳᠡᠪᠳᠤᠷ᠂ ᠲᠤᠪᠤ ᠲᠤᠯᠤᠭᠠᠳ ᠦᠨᠳᠤᠷ ᠭᠠᠵᠠᠷ ᠢᠶᠠᠷ ᠲᠤᠯᠠᠭᠠᠪᠳᠤᠷ ᠪᠠᠶᠢᠪᠠᠯ ᠮᠠᠷᠭᠠᠰᠢ ᠨᠢ ᠲᠡᠭᠷᠢ ᠲᠤᠭᠳᠠᠭᠤᠨ ᠪᠠᠶᠢᠨ᠎ᠠ᠃          ᠬᠠᠪᠤᠷ ᠨᠤᠭᠤᠭ᠎ᠠ ᠭᠠᠷᠬᠤ ᠲᠠᠢ ᠵᠡᠷᠭᠡᠴᠡᠨ ᠮᠤᠳᠤ ᠨᠠᠪᠴᠢᠯᠠᠬᠤ ᠨᠢ ᠵᠤᠨ ᠳᠠᠭᠠᠨ ᠭᠠᠩᠳᠠᠬᠤ ᠶᠢᠨ ᠰᠢᠨᠵᠢ᠃          ᠡᠪᠤᠯ ᠮᠤᠳᠤ ᠱᠤᠤᠭᠢᠵᠤ ᠪᠠᠶᠢᠪᠠᠯ ᠲᠤᠯᠠᠭᠠᠷᠠᠬᠤ ᠶᠢᠨ ᠰᠢᠨᠵᠢ᠃          ᠠᠭᠤᠯᠠ ᠶᠢᠨ ᠮᠤᠳᠤ ᠲᠣᠣᠷ᠎ᠠ ᠲᠠᠯ᠎ᠠ ᠠᠴᠠ ᠪᠠᠨ ᠡᠬᠢᠯᠡᠨ ᠰᠢᠷᠠᠯᠠᠵᠤ᠂ ᠨᠠᠪᠴᠢ ᠰᠢᠯᠮᠤᠤᠰᠤ ᠨᠢ ᠲᠦᠷᠭᠡᠨ ᠤᠨᠠᠪᠠᠯ ᠴᠠᠰᠤ ᠪᠠᠭ᠎ᠠ ᠲᠠᠢ ᠲᠤᠯᠠᠭᠠᠨ ᠡᠪᠤᠯ ᠪᠤᠯᠤᠨ᠎ᠠ᠃ ᠤᠷᠤᠢ ᠪᠠᠷ ᠢᠶᠠᠨ ᠡᠬᠢᠯᠡᠨ ᠰᠢᠷᠠᠯᠠᠵᠤ ᠨᠠᠪᠴᠢ ᠰᠢᠯᠮᠤᠤᠰᠤ ᠨᠢ ᠤᠳᠠᠭᠠᠨ ᠤᠨᠠᠪᠠᠯ ᠵᠤᠳᠷᠠᠬᠤ ᠶᠢᠨ ᠰᠢᠨᠵᠢ᠃          ᠡᠪᠤᠯ ᠮᠤᠳᠤᠨ ᠤ ᠮᠦᠴᠢᠷ ᠳᠡᠭᠡᠷ᠎ᠡ ᠴᠠᠰᠤ ᠪᠠᠭ᠎ᠠ ᠪᠠᠶᠢᠪᠠᠯ ᠵᠤᠨ ᠨᠢ ᠤᠢ ᠳᠤ ᠮᠦᠬᠦ ᠵᠢᠮᠢᠰ ᠪᠠᠭ᠎ᠠ ᠪᠠᠶᠢᠨ᠎ᠠ᠃          ᠭᠠᠴᠣᠷ᠎ᠠ ᠶᠢᠨ ᠬᠠᠭᠤᠷᠠᠢ ᠮᠦᠴᠢᠷ ᠪᠦᠬᠦ᠋ᠢᠭᠰᠡᠨ ᠪᠠᠶᠢᠪᠠᠯ ᠰᠢᠭᠤᠷᠭ᠎ᠠ ᠪᠤᠯᠬᠤ ᠶᠢᠨ ᠳᠣᠬᠢᠶ᠎ᠠ᠃          ᠰᠠᠯᠬᠢᠨ ᠳᠤ ᠮᠤᠳᠤᠨ ᠨᠠᠪᠴᠢᠨ ᠤ ᠲᠡᠭᠡᠳᠤ ᠲᠠᠯ᠎ᠠ ᠨᠢ ᠲᠤᠭᠤᠭᠰᠢ ᠬᠠᠷᠠᠬᠤ ᠪᠤᠶᠤ ᠰᠠᠯᠬᠢ ᠦᠭᠡᠢ ᠡᠳᠤᠷ ᠤᠨᠠᠪᠠᠯ ᠪᠤᠷᠤᠭ᠎ᠠ ᠤᠷᠤᠨ᠎ᠠ᠃ ︵ᠴᠢᠭᠡᠴᠢ ᠡᠮᠭᠢᠳᠬᠡᠪᠡ︶  
 
ᠢᠷᠡᠯᠲᠡ᠄ ᠥᠪᠥᠷ ᠮᠣᠩᠭᠤᠯ ᠤᠨ ᠦᠨᠳᠦᠰᠦᠳᠡᠨ ᠤ ᠵᠠᠯᠠᠭᠤᠴᠣᠳ ᠪᠠᠭᠠᠴᠣᠳ ᠤᠨ ᠰᠡᠳᠭᠦᠯ ᠤᠨ ᠬᠤᠷᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号