ᠬᠡᠶᠢᠪᠤᠩ ᠭᠤᠤᠯ ᠤᠨ ᠵᠤᠰᠠᠭᠠᠯ ᠳᠤ ᠵᠢᠭᠤᠯᠴᠢᠯᠠᠯ ᠬᠥᠭᠵᠢᠶᠡᠨ ᠲᠠᠢ ᠪᠠᠶᠢᠨ᠎ᠠ
ᠨᠡᠶᠢᠲᠡᠯᠡᠭᠰᠡᠨ ᠴᠠᠭ᠄
2020/8/26
          ᠵᠤᠨ ᠤ ᠬᠠᠯᠠᠭᠤᠨ ᠪᠤᠯᠬᠤ ᠪᠠᠷ ᠬᠤᠳᠠ ᠶᠢᠨ ᠬᠦᠮᠦᠰ ᠬᠦᠳᠡᠭᠡ ᠶᠢᠨ ᠰᠠᠯᠬᠢᠨ ᠳᠤ ᠭᠠᠷᠴᠦ ᠠᠮᠠᠷᠠᠯᠳᠠ ᠠᠪᠬᠤ  ᠨᠢ ᠣᠯᠠᠨ ᠪᠤᠯᠵᠦ ᠪᠠᠶᠢᠨ᠎ᠠ᠃ ᠡᠨᠡ ᠪᠠᠶᠢᠳᠠᠯ ᠳᠤ ᠦᠪᠦᠷ ᠮᠣᠩᠭᠤᠯ ᠤᠨ ᠡᠯ᠎ᠡ ᠭᠠᠵᠠᠷ ᠤᠨ ᠬᠢᠨ ᠠᠶᠠᠯᠠᠯ ᠵᠢᠭᠤᠯᠴᠢᠯᠠᠯ ᠤᠨ ᠦᠢᠯᠡᠰ ᠢ ᠡᠷᠬᠢᠯᠡᠨ ᠤᠷᠤᠯᠭ᠎ᠠ ᠪᠠᠨ ᠨᠡᠮᠡᠭᠳᠡᠬᠦᠯᠬᠦ ᠪᠤᠯᠵᠠᠢ᠃ ᠣᠶᠢᠷ᠎ᠡ ᠶᠢᠨ ᠵᠢᠯ ᠠᠴᠠ ᠳᠣᠷᠠᠳᠣᠭᠳᠠᠵᠦ ᠪᠠᠶᠢᠭ᠎ᠠ ᠪᠦᠬᠦ ᠣᠷᠣᠨ ᠪᠦᠰᠡ ᠶᠢᠨ ᠠᠶᠠᠯᠠᠯ ᠵᠢᠭᠤᠯᠴᠢᠯᠠᠯ ᠤᠨ ᠳᠦᠷᠦ ᠶᠢᠨ ᠪᠤᠳᠤᠯᠭ᠎ᠠ ᠨᠢ ᠡᠨᠡ ᠳᠠᠯ᠎ᠠ ᠶᠢᠨ ᠬᠦᠭᠵᠢᠯᠳᠡ ᠶᠢ ᠣᠯᠠᠮ ᠢᠳᠡᠪᠬᠢᠳᠡᠢ ᠪᠤᠯᠭᠠᠭᠰᠠᠨ ᠪᠠᠶᠢᠳᠠᠭ᠃           ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤ ᠶᠤᠸᠠᠨ ᠤ ᠳᠡᠬᠡᠳᠦ ᠨᠡᠶᠢᠰᠯᠡᠯ ᠤᠨ ᠪᠠᠭᠤᠷᠢ  ᠪᠠᠷ ᠢᠶᠠᠨ ᠳᠡᠯᠡᠬᠡᠢ ᠳ᠋ᠠᠬᠢᠨ᠎ᠠ ᠠᠯᠳᠠᠷᠰᠢᠭᠰᠠᠨ ᠪᠠᠶᠢᠳᠠᠭ ᠪᠤᠯ ᠤᠶᠢᠷ᠎ᠠ ᠶᠢᠨ ᠵᠢᠯ ᠠᠴᠠ ᠡᠯᠡᠰᠦ ᠮᠠᠩᠬᠠᠨ ᠤ ᠦᠷᠦᠴᠡᠨ ᠳᠤ ᠪᠠᠶᠢᠳᠠᠭ ᠬᠡᠶᠢᠪᠤᠩ ᠭᠤᠤᠯ ᠤᠨ ᠵᠤᠰᠠᠭᠠᠯ ᠵᠢᠭᠤᠯᠴᠢᠳ ᠤᠨ ᠠᠩᠬᠠᠷᠣᠯ ᠳᠤ ᠣᠷᠣᠵᠦ᠂ ᠠᠳᠡ ᠢᠷᠡᠬᠦ ᠬᠦᠮᠦᠨ ᠵᠢᠯ ᠠᠴᠠ ᠵᠢᠯ ᠳᠤ ᠨᠡᠮᠡᠭᠳᠡᠵᠦ ᠪᠠᠶᠢᠭ᠎ᠠ ᠶᠤᠮ᠃ ᠰᠢᠯᠤᠭᠤᠨ ᠬᠦᠬᠡ ᠬᠤᠰᠢᠭᠤ ᠨᠢ ︽ᠶᠤᠸᠠᠨ ᠤ ᠳᠡᠬᠡᠳᠦ ᠨᠡᠶᠢᠰᠯᠡᠯ︾ ︽ᠬᠤᠯᠠᠨ ᠰᠢᠷᠭ᠎ᠠ ᠳᠠᠭ᠎ᠠ ᠶᠢᠨ ᠡᠯᠡᠰᠦ︾ ᠬᠤᠶᠠᠷ ᠳᠣᠮᠣ ᠰᠣᠶᠣᠯ ᠵᠢᠭᠤᠯᠴᠢᠯᠠᠯ ᠤᠨ ᠨᠡᠷᠡᠳᠦ ᠳᠡᠮᠳᠡᠭ ᠢ ᠭᠤᠤᠯᠳᠠᠯᠭ᠎ᠠ ᠲᠠᠢ ᠠᠳᠬᠤᠵᠦ ᠤᠷᠤᠨ ᠨᠤᠳᠤᠭ ᠤᠨ ᠵᠢᠭᠤᠯᠴᠢᠯᠠᠯ ᠢ ᠡᠷᠴᠢᠳᠠᠢ ᠬᠦᠭᠵᠢᠬᠦᠯᠬᠦ ᠪᠠᠷ ᠴᠢᠷᠮᠠᠶᠢᠵᠦ ᠪᠠᠶᠢᠳᠠᠭ᠃ ᠪᠡᠬᠡᠵᠢᠩ ᠬᠤᠳᠠ  ᠠᠴᠠ ᠣᠶᠢᠷᠬᠠᠨ᠂ ᠵᠠᠮ ᠬᠠᠷᠢᠯᠴᠠᠭ᠎ᠠ ᠳᠦᠬᠦᠮ ᠪᠠᠶᠢᠳᠠᠭ ᠠᠴᠠ ᠵᠤᠨ ᠤ ᠬᠠᠯᠠᠭᠤᠨ ᠠᠴᠠ ᠵᠠᠶᠢᠯᠠᠬᠤ ᠬᠤᠳᠠ ᠶᠢᠨ ᠬᠦᠮᠦᠰ ᠠᠳᠡ ᠶᠡᠭᠡ ᠢᠷᠡᠬᠦ ᠪᠤᠯᠵᠠᠢ᠃ ᠡᠬᠦᠨ ᠠᠴᠠ ᠭᠠᠳᠠᠨ᠎ᠠ ᠤᠶᠢᠷ᠎ᠡ ᠳᠦᠰᠦᠷ ᠤᠨ ᠬᠢᠨ ᠴᠦ ᠬᠡᠶᠢᠪᠤᠩ ᠭᠤᠤᠯ᠂ ᠶᠡᠭᠡ ᠪᠠᠭ᠎ᠠ ᠵᠢᠭᠠᠰᠣᠳᠠᠢ ᠨᠠᠭᠤᠷ ᠤᠨ ᠦᠵᠡᠮᠵᠢ ᠳᠤ ᠳᠠᠳᠠᠭᠳᠠᠨ ᠢᠷᠡᠵᠦ ᠶᠠᠪᠤᠬᠤ ᠨᠢ ᠢᠯᠡᠷᠬᠡᠢ ᠤᠯᠠᠰᠢᠷᠠᠭᠰᠠᠨ ᠪᠠᠶᠢᠨ᠎ᠠ᠃ ᠬᠡᠶᠢᠪᠡᠩ ᠭᠤᠤᠯ ᠤᠨ ᠵᠢᠭᠤᠯᠴᠢᠯᠠᠯ ᠤᠨ ᠵᠤᠰᠠᠯᠠᠩ ᠨᠢ ᠰᠠᠩ ᠤᠨ ᠳᠠᠯᠠᠢ ᠪᠠᠯᠭᠠᠰᠣᠨ ᠤ ᠠᠯᠳᠠᠢ ᠭᠠᠴᠠᠭᠠᠨ ᠤ ᠮᠠᠯᠴᠢᠳ ᠤᠨ ᠬᠠᠮᠳᠣᠷᠠᠨ ᠡᠵᠡᠩᠨᠡᠵᠦ ᠪᠠᠶᠢᠭ᠎ᠠ ᠵᠢᠭᠤᠯᠴᠢᠯᠠᠯ ᠤᠨ ᠭᠠᠵᠠᠷ ᠶᠤᠮ᠃ ᠨᠢᠬᠡᠳᠦᠯᠳᠠᠢ ᠨᠡᠬᠡᠬᠡᠨ ᠠᠰᠢᠭᠯᠠᠭᠰᠠᠨ ᠳᠣᠮᠣ ᠬᠡᠪᠴᠢᠶᠠᠨ ᠤ ᠵᠢᠭᠤᠯᠴᠢᠯᠠᠯ ᠤᠨ ᠤᠷᠤᠨ ᠪᠤᠯᠤᠭ᠎ᠠ ᠦᠬᠡᠢ ᠤᠴᠢᠷ ᠠᠴᠠ ᠪᠤᠰᠤᠳ ᠳᠣᠮᠣ ᠵᠢᠭᠤᠯᠴᠢᠯᠠᠯ ᠤᠨ ᠤᠷᠤᠨ ᠢ ᠪᠤᠳᠤᠪᠠᠯ ᠠᠳᠡᠬᠢ ᠶᠢ ᠮᠡᠳᠡᠬᠦ ᠬᠦᠮᠦᠨ ᠬᠠᠷ᠎ᠠ ᠬᠠᠷᠢᠴᠠᠩᠭᠤᠢ ᠴᠦᠬᠡᠨ ᠪᠠᠶᠢᠳᠠᠭ ᠠᠴᠠ ᠤᠳᠤᠬᠠᠨ ᠳᠠᠭᠠᠨ ᠪᠠᠶᠢᠭᠠᠯᠢ ᠶᠢᠨ ᠦᠵᠡᠮᠵᠢ ᠤᠤᠯ ᠳᠦᠷᠬᠦ ᠪᠠᠷ ᠢᠶᠠᠨ ᠪᠡᠶᠢᠵᠦ᠂ ᠬᠦᠮᠦᠨ ᠤ ᠬᠦᠯ ᠳᠤ ᠳᠠᠯᠬᠢᠭᠳᠠᠵᠦ ᠰᠦᠢᠳᠦᠭᠰᠡᠨ ᠨᠢ ᠠᠷᠠᠢ ᠭᠠᠶᠢᠭᠤᠢ ᠪᠠᠶᠢᠨ᠎ᠠ᠃           ᠰᠢᠯᠤᠭᠤᠨ ᠬᠦᠬᠡ ᠬᠤᠰᠢᠭᠤᠨ ᠤ ᠰᠠᠩ ᠤᠨ ᠳᠠᠯᠠᠢ ᠪᠠᠯᠭᠠᠰᠣᠨ ᠠᠴᠠ ᠵᠡᠬᠦᠨᠰᠢ ᠪᠠᠨ ᠵᠢᠭᠠᠬᠠᠨ ᠶᠠᠪᠤᠪᠠᠯ ᠪᠠᠭ᠎ᠠ ᠵᠢᠭᠠᠰᠣᠳᠠᠢ ᠬᠦᠷᠬᠦ ᠳᠣᠰᠣᠨ ᠵᠠᠮ ᠢ ᠡᠯᠬᠦᠬᠡᠳ ᠵᠠᠮ ᠳᠠᠭᠠᠤ ᠡᠯᠡᠰᠦ ᠮᠠᠩᠬ᠎ᠠ ᠪᠤᠳᠠ ᠪᠤᠷᠣᠯᠵᠢ᠂ ᠬᠠᠶᠢᠯᠠᠰᠣ ᠮᠤᠳᠤᠨ ᠰᠢᠭᠤᠢ᠂ ᠨᠠᠭᠤᠷ ᠤᠰᠤ ᠲᠠᠢ ᠡᠳᠡᠭᠡᠳ ᠰᠣᠨᠢᠨ ᠦᠩᠬᠡ ᠦᠵᠡᠮᠵᠢ ᠶᠢ ᠪᠦᠷᠢᠳᠦᠬᠦᠯᠦᠭᠰᠡᠨ ᠪᠠᠶᠢᠳᠠᠭ᠃ ᠠᠳᠡ ᠪᠠᠭ᠎ᠠ ᠵᠢᠭᠠᠰᠣᠳᠠᠢ᠂ ᠮᠤᠬᠤᠷ ᠪᠤᠯᠠᠭ᠂ ᠬᠡᠶᠢᠪᠤᠩ ᠭᠤᠤᠯ ᠬᠡᠳ ᠬᠤᠯᠠᠨ ᠰᠢᠷᠭ᠎ᠠ ᠳᠠᠭ᠎ᠠ ᠶᠢᠨ ᠡᠯᠡᠰᠦᠨ ᠤ ᠬᠦᠨ ᠳᠤ ᠳᠣᠨᠣᠷᠠᠭᠰᠠᠨ ᠳᠣᠩᠭᠠᠯᠠᠭ ᠤᠰᠤ ᠭᠤᠤᠯ᠂ ᠠᠮᠢᠳᠦ ᠪᠤᠯᠠᠭ ᠲᠠᠢ ᠪᠠᠶᠢᠳᠠᠭ ᠨᠢ ᠬᠠᠯᠠᠭᠤᠨ ᠠᠴᠠ ᠵᠠᠶᠢᠯᠠᠬᠤ ᠬᠦᠮᠦᠰ ᠤᠨ ᠢᠷᠡᠬᠦ ᠳᠣᠷᠠᠳᠠᠢ ᠭᠠᠵᠠᠷ ᠪᠣᠯᠵᠤ ᠪᠠᠶᠢᠨ᠎ᠠ᠃ ᠠᠳᠡᠬᠢ ᠴᠡᠪᠡᠷ ᠰᠠᠯᠬᠢ᠂ ᠡᠷᠡᠬᠦᠯ ᠠᠭᠠᠷ ᠠᠴᠠ ᠦᠬᠡᠷ᠎ᠡ ᠪᠠᠰᠠ ᠴᠣᠯ ᠪᠠᠶᠢᠭᠠᠯᠢᠯᠢᠭ ᠮᠠᠯᠵᠢᠬᠤ ᠠᠮᠢᠳᠣᠷᠠᠯ᠂ ᠮᠣᠩᠭᠤᠯ ᠤᠨᠴᠠᠯᠢᠭᠳᠦ ᠢᠳᠡᠭᠡᠨ ᠤᠮᠳᠠᠭᠠᠨ ᠵᠢᠭᠤᠯᠴᠢᠳ ᠢ ᠳᠠᠳᠠᠵᠦ ᠪᠠᠶᠢᠳᠠᠭ᠃           ᠠᠯᠳᠠᠢ ᠭᠠᠴᠠᠭ᠎ᠠ ᠲᠠᠢ ᠵᠠᠬ᠎ᠠ ᠨᠡᠶᠢᠯᠡᠳᠡᠭ ᠡᠷᠳᠡᠨᠢᠳᠠᠯᠠᠢ ᠭᠠᠴᠠᠭᠠᠨ ᠤ ᠮᠠᠯᠴᠢᠨ ᠳᠠᠩᠬᠢᠰ ᠤᠨ ᠬᠢ 2004 ᠣᠨ ᠠᠴᠠ ᠨᠠᠰᠢ ᠮᠣᠩᠭᠤᠯ ᠭᠡᠷ ᠢᠶᠠᠨ ᠪᠤᠰᠬᠠᠵᠦ ᠵᠢᠭᠤᠯᠴᠢᠯᠠᠯ ᠤᠨ ᠦᠢᠯᠡᠰ ᠡᠷᠬᠢᠯᠡᠭᠰᠡᠭᠡᠷ ᠢᠷᠡᠭᠰᠡᠨ ᠶᠤᠮ᠃ ᠣᠶᠢᠷ᠎ᠡ ᠶᠢᠨ ᠵᠢᠯ ᠠᠴᠠ ᠵᠢᠭᠤᠯᠴᠢᠯᠠᠯ ᠬᠥᠭᠵᠢᠶᠡᠨ ᠲᠠᠢ ᠪᠤᠯᠤᠭᠰᠠᠨ ᠠᠴᠠ ᠳᠡᠳᠡᠨ ᠤ ᠬᠢ 2017 ᠤᠨ ᠳᠤ ᠮᠤᠩᠭᠤᠯ ᠭᠡᠷ ᠢᠶᠠᠨ ᠨᠡᠮᠡᠵᠦ ᠰᠢᠨᠡᠳᠬᠡᠨ᠂ ᠤᠳᠤ ᠳᠠᠪᠢ ᠵᠢᠷᠠᠭᠠᠳ ᠵᠢᠭᠤᠯᠴᠢᠳ ᠢ ᠴᠤᠭ ᠵᠤᠴᠢᠯᠠᠵᠦ ᠴᠢᠳᠠᠬᠤ ᠬᠤᠷᠢᠭᠠᠳ ᠮᠣᠩᠭᠤᠯ ᠭᠡᠷ ᠲᠠᠢ ᠠᠪᠰᠠᠷᠬᠠᠨ ᠵᠢᠭᠤᠯᠴᠢᠯᠠᠯ ᠤᠨ ᠭᠠᠵᠠᠷ ᠢ ᠠᠵᠢᠯᠯᠠᠭᠤᠯᠵᠦ ᠪᠠᠶᠢᠨ᠎ᠠ᠃ ᠳᠡᠬᠦᠨ ᠤ ᠳᠠᠨᠢᠯᠴᠠᠭᠤᠯᠬᠤ ᠪᠠᠷ᠂ ᠶᠡᠷᠦ ᠳᠡᠭᠡᠨ ᠵᠢᠯ ᠪᠤᠯᠭᠠᠨ ᠤ ᠬᠠᠪᠤᠷ ᠡᠬᠢᠯᠡᠮᠡᠭᠴᠡ ᠯᠡ ᠵᠢᠭᠤᠯᠴᠢᠳ ᠴᠣᠪᠣᠵᠦ ᠡᠬᠢᠯᠡᠳᠡᠭ ᠠᠴᠠ 5 ᠳ᠋ᠣᠭᠠᠷ ᠰᠠᠷ᠎ᠠ ᠠᠴᠠ ᠡᠮᠦᠨ᠎ᠡ ᠡᠬᠦᠳᠡ ᠪᠠᠨ ᠨᠡᠬᠡᠬᠡᠵᠦ᠂ 7᠂ 8 ᠳ᠋ᠣᠭᠠᠷ ᠰᠠᠷ᠎ᠠ ᠳᠤ ᠣᠷᠬᠢᠯ ᠦᠶ᠎ᠡ ᠳᠡᠭᠡᠨ ᠬᠦᠷᠳᠡᠭ ᠶᠤᠮ ᠪᠠᠶᠢᠨ᠎ᠠ᠃ ᠦᠪᠡᠷ ᠤᠨ ᠨᠤᠳᠤᠭ ᠪᠤᠯᠬᠤᠷ ᠮᠠᠯ ᠢᠶᠠᠨ ᠮᠠᠯᠵᠢᠬᠤ ᠶᠢᠨ ᠳᠠᠭᠠᠤ ᠵᠢᠭᠤᠯᠴᠢᠳ ᠢ ᠵᠤᠴᠢᠯᠠᠳᠠᠭ᠃ ᠣᠶᠢᠷ᠎ᠡ ᠶᠢᠨ ᠵᠢᠯ ᠠᠴᠠ ᠪᠤᠷᠣᠭᠠᠨ ᠬᠤᠷ᠎ᠠ ᠡᠯᠪᠡᠭ᠂ ᠡᠪᠡᠰᠦ ᠪᠡᠯᠴᠢᠬᠡᠷ ᠦᠳᠬᠡᠨ᠂ ᠦᠩᠬᠡ ᠦᠵᠡᠮᠵᠢ ᠰᠠᠶᠢᠬᠠᠨ᠂ ᠬᠡᠳᠦᠶᠢᠪᠡᠷ ᠬᠡᠪᠴᠢᠶ᠎ᠠ ᠪᠠᠭ᠎ᠠ ᠴᠦ ᠴᠣᠯ ᠪᠠᠶᠢᠭᠠᠯᠢᠯᠢᠭ ᠤᠷᠴᠢᠨ ᠳᠣᠭᠤᠷᠢᠨ ᠳᠤ ᠢᠳᠡᠵᠦ ᠤᠤᠭᠤᠬᠤ᠂ ᠬᠤᠨᠤᠵᠦ ᠠᠮᠠᠷᠠᠬᠤ ᠨᠠᠭᠠᠳᠴᠦ ᠨᠠᠷᠬᠢᠬᠤ ᠶᠠᠭᠤᠮ᠎ᠠ ᠪᠦᠬᠦᠨ ᠪᠡᠯᠡᠨ ᠪᠠᠶᠢᠭ᠎ᠠ᠃ ᠨᠢᠳᠣᠨᠣᠨ ᠤᠷᠬᠢᠯ ᠦᠶ᠎ᠡ ᠳᠡᠭᠡᠨ ᠵᠢᠭᠤᠯᠴᠢᠳ ᠪᠠᠷᠤᠭ ᠳᠠᠰᠣᠷᠠᠭ᠎ᠠ ᠦᠬᠡᠢ᠂ ᠬᠤᠷᠢᠭᠠᠳ ᠳᠦᠮᠡᠨ ᠳᠦᠬᠦᠷᠢᠭ ᠤᠨ ᠣᠷᠣᠯᠭ᠎ᠠ ᠣᠯᠣᠭᠰᠠᠨ᠂ ᠡᠨᠡ ᠵᠢᠯ ᠬᠢᠵᠢᠭ ᠤᠨ ᠨᠦᠯᠦᠬᠡᠯᠡᠯ ᠢᠶᠠᠷ ᠣᠷᠣᠶᠢᠳᠠᠵᠦ ᠨᠡᠬᠡᠬᠡᠭᠰᠡᠨ ᠠᠴᠠ ᠠᠰᠢᠭ ᠣᠷᠣᠯᠭ᠎ᠠ ᠶᠢᠨ ᠳᠠᠯ᠎ᠠ ᠪᠠᠷ ᠨᠢᠳᠣᠨᠣᠨ ᠢᠶᠠᠨ ᠠᠷᠠᠢ ᠬᠦᠷᠦᠬᠡ ᠦᠬᠡᠢ ᠪᠤᠯᠪᠠᠴᠦ ᠤᠳᠤ ᠬᠦᠮᠦᠨ ᠬᠠᠷ᠎ᠠ ᠢᠯᠡᠷᠬᠡᠢ ᠤᠯᠠᠰᠢᠷᠠᠵᠦ ᠣᠷᠣᠯᠭ᠎ᠠ ᠴᠦ ᠠᠭᠠᠵᠢᠮ ᠢᠶᠠᠨ ᠨᠡᠮᠡᠭᠳᠡᠵᠦ ᠡᠬᠢᠯᠡᠯ᠎ᠡ ᠭᠡᠵᠦ ᠪᠠᠶᠢᠯ᠎ᠠ᠃           ᠠᠶᠠᠯᠠᠯ ᠵᠢᠭᠤᠯᠴᠢᠯᠠᠯ ᠤᠨ ᠦᠢᠯᠡᠰ ᠨᠢ ᠮᠠᠯᠴᠢᠳ ᠤᠨ ᠠᠰᠢᠭ ᠣᠷᠣᠯᠭ᠎ᠠ ᠶᠢᠨ ᠠᠷᠭ᠎ᠠ ᠵᠠᠮ ᠪᠤᠯᠵᠦ ᠪᠠᠶᠢᠨ᠎ᠠ᠃ ᠬᠡᠬᠦ ᠳᠡᠭᠡᠨ ᠡᠬᠦᠨ ᠤ ᠳᠠᠭᠠᠤ ᠪᠠᠶᠢᠭᠠᠯᠢ ᠤᠷᠴᠢᠨ ᠢᠶᠠᠨ ᠬᠢᠮᠠᠭᠠᠳᠠᠨ ᠭᠠᠮᠨᠠᠬᠤ ᠨᠢ ᠪᠠᠰᠠ ᠴᠢᠬᠤᠯᠠ ᠶᠤᠮ᠃ ᠪᠠᠶᠢᠭᠠᠯᠢ ᠪᠠᠨ ᠳᠦᠰᠢᠭᠰᠡᠨ ᠠᠮᠢᠳᠣᠷᠠᠯ ᠳᠠᠭᠠᠨ ᠤᠷᠤᠰᠢᠨ ᠰᠠᠭᠤᠭᠴᠢᠳ ᠨᠢ ᠤᠷᠴᠢᠨ ᠠᠬᠤᠢ ᠳᠠᠭᠠᠨ ᠡᠬᠡᠯᠢᠳᠡᠢ᠂ ᠵᠢᠭᠤᠯᠴᠢᠳ ᠨᠢ ᠬᠤᠭ ᠨᠤᠪᠰᠢ ᠪᠠᠨ ᠴᠢᠷᠣᠬᠦ ᠦᠬᠡᠢ ᠪᠠᠶᠢᠪᠠᠯ ᠡᠯᠡᠰᠦ ᠮᠠᠩᠬ᠎ᠠ ᠤᠰᠤ ᠪᠦᠷᠢᠳᠦ ᠴᠡᠪᠡᠷ ᠴᠡᠮᠴᠡᠭᠡᠷ ᠢᠶᠠᠷ ᠢᠶᠠᠨ ᠪᠠᠶᠢᠬᠤ ᠪᠤᠯᠤᠨ᠎ᠠ᠃ᠬᠡᠶᠢᠪᠤᠩ ᠭᠤᠤᠯ ᠤᠨ ᠵᠤᠰᠠᠭᠠᠯ ᠤᠨ ᠭᠤᠶᠣ ᠦᠵᠡᠮᠵᠢ ᠶᠢ ᠰᠣᠨᠢᠷᠬᠠᠨ᠎ᠠ ᠦᠦ︖
 
ᠢᠷᠡᠯᠲᠡ᠄ ᠲᠥᠪ ᠷᠠᠳᠢᠣ᠋ ᠶᠢᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号