ᠨᠤᠳᠤᠭ ᠤᠨ ᠪᠤᠷᠳᠤᠭᠤᠷ ᠢᠶᠠᠨ ᠢᠯᠡᠭᠦᠭᠡᠡ ᠭᠡᠷᠡᠭᠯᠡᠪᠡᠯ ᠰᠠᠶᠢᠠ
ᠨᠡᠶᠢᠲᠡᠯᠡᠭᠰᠡᠨ ᠴᠠᠭ᠄
2020/9/22
          ᠨᠤᠳᠤᠭ ᠤᠨ ᠪᠤᠷᠳᠤᠭᠤᠷ ᠢᠶᠠᠨ ᠢᠯᠡᠭᠦᠭᠡᠡ ᠭᠡᠷᠡᠭᠯᠡᠪᠡᠯ ᠰᠠᠶᠢᠠ ᠬᠠᠷ᠎ᠠ ᠪᠤᠷᠳᠤᠭᠤᠷ᠂ ᠨᠤᠭᠤᠭᠠᠨ ᠪᠤᠷᠳᠤᠭᠤᠷ᠂ ᠰᠢᠭᠡᠭ ᠪᠤᠷᠳᠤᠭᠤᠷ ᠢ ᠪᠦᠷ ᠨᠤᠳᠤᠭ ᠤᠨ ᠪᠤᠷᠳᠤᠭᠤᠷ ᠭᠡᠳᠡᠭ᠃ ᠨᠤᠳᠤᠭ ᠤᠨ ᠪᠤᠷᠳᠤᠭᠤᠷ ᠢ ᠵᠤᠭᠢᠰᠳᠠᠢ ᠭᠡᠷᠡᠭᠯᠡᠪᠡᠯ ᠲᠠᠷᠢᠮᠠᠯ ᠤᠨ ᠤᠨᠠᠯᠳᠠ ᠪᠤᠯᠤᠨ ᠴᠢᠨᠠᠷ ᠢ ᠲᠠᠭᠡᠭᠰᠢᠯᠡᠭᠦᠯᠵᠤ ᠴᠢᠳᠠᠬᠤ ᠮᠦᠷᠳᠡᠭᠡᠨ ᠭᠦᠷᠤᠰᠤ ᠰᠢᠷᠤᠢ ᠶᠢᠨ ᠪᠦᠳᠤᠴᠠ ᠶᠢ ᠰᠠᠶᠢᠵᠢᠷᠠᠭᠤᠯᠵᠤ ᠲᠠᠶᠢᠯᠤᠨ᠎ᠠ᠃           ᠬᠠᠷ᠎ᠠ ᠪᠤᠷᠳᠤᠭᠤᠷ᠄ ᠬᠠᠷ᠎ᠠ ᠪᠤᠷᠳᠤᠭᠤᠷ ᠪᠤᠯ ᠬᠤᠭ ᠡᠪᠡᠰᠤ᠂ ᠬᠤᠭ ᠵᠡᠷᠭᠡ ᠲᠦᠭᠦᠭᠡᠢ ᠡᠳ᠋ ᠢ ᠨᠦᠭᠡᠨ ᠳᠤ ᠲᠠᠷᠤᠵᠤ ᠢᠰᠭᠡᠭᠦ ᠪᠠᠷ ᠲᠠᠮᠵᠢᠵᠤ ᠪᠦᠳᠤᠭᠡᠭᠰᠡᠨ ᠪᠤᠷᠳᠤᠭᠤᠷ ᠶᠤᠮ᠃ ᠬᠠᠮᠤᠭ ᠰᠠᠶᠢᠨ ᠨᠢ ᠬᠠᠪᠤᠷ ᠨᠠᠮᠤᠷ ᠤᠨ ᠲᠠᠷᠢᠶᠠᠯᠠᠭ᠎ᠠ ᠲᠠᠢ ᠤᠶᠠᠯᠳᠤᠭᠤᠯᠵᠤ ᠤᠯᠠ ᠪᠤᠷᠳᠤᠭᠤᠷ ᠪᠤᠯᠭᠠᠨ᠎ᠠ᠃           ᠨᠤᠭᠤᠭᠠᠨ ᠪᠤᠷᠳᠤᠭᠤᠷ᠄ ᠬᠠᠮᠤᠭ ᠤᠨ ᠰᠠᠶᠢᠨ ᠨᠢ ᠪᠤᠷᠴᠠᠭ ᠤᠨ ᠢᠵᠠᠭᠤᠷ ᠤᠨ ᠲᠠᠷᠢᠮᠠᠯ ᠤᠨ ᠤᠯᠠ ᠪᠤᠷᠳᠤᠭᠤᠷ ᠪᠤᠶᠤ ᠨᠠᠮᠠᠯᠳᠠ ᠪᠤᠷᠳᠤᠭᠤᠷ ᠪᠤᠯᠭᠠᠨ᠎ᠠ᠃ ᠪᠡᠳᠡᠭᠢ ᠶᠢᠨ ᠪᠠᠺᠲᠧᠷᠢ ᠶᠢᠨ ᠠᠽᠤᠲ ᠳᠤᠭᠳᠠᠪᠤᠷᠢᠵᠢᠭᠤᠯᠬᠤ ᠦᠢᠯᠡᠳᠤᠯ ᠢ ᠠᠰᠢᠭᠯᠠᠵᠤ ᠭᠦᠷᠤᠰᠤᠨ ᠤ ᠰᠢᠮ᠎ᠠ ᠶᠢ ᠲᠠᠭᠡᠭᠰᠢᠯᠡᠭᠦᠯᠵᠤ ᠪᠤᠯᠤᠨ᠎ᠠ᠃           ᠰᠢᠭᠡᠭ ᠪᠤᠷᠳᠤᠭᠤᠷ᠄ 1᠂ ᠭᠠᠭ᠋ᠠᠢ ᠶᠢᠨ ᠪᠠᠭᠠᠰᠤ᠄ ᠤᠷᠭᠠᠨᠢᠭ ᠪᠤᠳᠠᠰ ᠪᠤᠯᠤᠨ ᠠᠽᠤᠲ᠂ ᠹᠤᠰᠹᠤᠷ᠂ ᠺᠠᠯᠢ ᠶᠢᠨ ᠠᠭᠤᠯᠤᠭᠳᠠᠴᠠ ᠤᠯᠠᠨ ᠪᠤᠯᠬᠤᠷ ᠭᠦᠢᠴᠡᠳ ᠢᠯᠵᠢᠷᠡᠭᠦᠯᠦᠭᠰᠡᠨ ᠭᠠᠭ᠋ᠠᠢ ᠶᠢᠨ ᠪᠠᠭᠠᠰᠤ ᠨᠢ ᠡᠯ᠎ᠠ ᠲᠦᠷᠦᠯ ᠵᠦᠢᠯ ᠤᠨ ᠭᠦᠷᠤᠰᠤᠨ ᠳᠤ ᠪᠦᠷ ᠳᠤᠭᠢᠷᠠᠨ᠎ᠠ᠃ ᠢᠯᠠᠩᠭᠤᠶ᠎ᠠ ᠤᠰᠤ ᠲᠠᠳᠠᠷᠠᠭᠤᠯᠬᠤ ᠳᠤ ᠠᠰᠤᠷᠤ ᠰᠠᠶᠢᠨ ᠬᠠᠯᠠᠭᠤᠨ ᠴᠢᠭᠢᠭᠯᠢᠭ ᠭᠦᠷᠤᠰᠤᠨ ᠳᠤ ᠨᠠᠶᠢᠳᠠᠮ ᠭᠡᠷᠡᠭᠯᠡᠭᠦ ᠳᠤ ᠳᠤᠭᠢᠷᠠᠨ᠎ᠠ᠃ 2᠂ ᠠᠷᠭᠠᠯ᠄ ᠰᠢᠮ᠎ᠠ ᠲᠠᠵᠢᠭᠡᠯ ᠤᠨ ᠠᠭᠤᠯᠤᠭᠳᠠᠴᠠ ᠳᠤᠤᠷ᠎ᠠ ᠪᠤᠯᠬᠤᠷ ᠵᠢᠩᠭᠢᠨᠢ ᠰᠠᠷᠢᠭᠦᠨ ᠴᠢᠨᠠᠷ ᠲᠠᠢ ᠪᠤᠷᠳᠤᠭᠤᠷ ᠪᠤᠯᠤᠨ᠎ᠠ᠃ ᠠᠷᠭᠠᠯ ᠢ ᠬᠠᠳᠠᠭᠠᠵᠤ᠂ 3%᠂ 5% ᠶᠢᠨ ᠲᠦᠯᠡᠭᠡᠨ ᠤ ᠦᠨᠠᠰᠤ ᠪᠤᠶᠤ ᠹᠤᠰᠹᠤᠷ ᠤᠨ ᠭᠦᠳᠠᠷ᠂ ᠮᠤᠷᠢᠨ ᠬᠤᠮᠤᠯ ᠬᠤᠯᠢᠵᠤ ᠤᠪᠤᠭᠠᠯᠠᠵᠤ ᠲᠠᠷᠤᠪᠠᠯ ᠠᠷᠭᠠᠯ ᠤᠨ ᠵᠠᠳᠠᠷᠠᠯᠳᠠ ᠨᠢ ᠲᠦᠷᠭᠡᠳᠴᠤ ᠪᠤᠷᠳᠤᠭᠤᠷ ᠤᠨ ᠦᠢᠯᠡᠳᠤᠯ ᠨᠢ ᠨᠡᠮᠡᠭᠳᠡᠨ᠎ᠠ᠃ ᠬᠠᠮᠤᠭ ᠰᠠᠶᠢᠨ ᠨᠢ ᠬᠠᠯᠠᠭᠤᠨ ᠲᠦᠭᠦᠭᠡᠢ ᠪᠤᠷᠳᠤᠭᠤᠷ ᠲᠠᠢ ᠤᠶᠠᠯᠳᠤᠭᠤᠯᠵᠤ ᠭᠡᠷᠡᠭᠯᠡᠭᠦ ᠪᠤᠶᠤ ᠡᠯᠡᠰᠤᠷᠭᠡᠭ ᠰᠢᠷᠤᠢ ᠪᠤᠯᠤᠨ ᠨᠦᠮᠤᠷᠢ ᠪᠠᠯ ᠭᠠᠵᠠᠷ ᠲᠤ ᠭᠢᠪᠠᠯ ᠨᠠᠩ ᠳᠤᠭᠢᠷᠠᠮᠵᠢᠳᠠᠢ᠃ 3᠂ ᠬᠤᠷᠭᠤᠯ᠄ ᠬᠠᠯᠠᠭᠤᠨ ᠴᠢᠨᠠᠷ ᠲᠠᠢ ᠪᠤᠷᠳᠤᠭᠤᠷ ᠪᠤᠯᠬᠤᠷ ᠭᠠᠭ᠋ᠠᠢ ᠶᠢᠨ ᠪᠠᠭᠠᠰᠤ ᠲᠠᠢ ᠬᠤᠯᠢᠵᠤ ᠭᠡᠷᠡᠭᠯᠡᠪᠡᠯ ᠨᠠᠩ ᠵᠤᠭᠢᠷᠠᠮᠵᠢᠳᠠᠢ᠃ ᠰᠠᠷᠢᠭᠦᠨ ᠴᠢᠨᠠᠷ ᠲᠠᠢ ᠭᠦᠷᠤᠰᠤ ᠪᠤᠯᠤᠨ ᠰᠠᠭᠦᠳᠠᠷ ᠭᠠᠵᠠᠷ ᠲᠤ ᠭᠡᠷᠡᠭᠯᠡᠭᠦ ᠳᠤ ᠳᠤᠭᠢᠷᠠᠨ᠎ᠠ ᠃ 4᠂ ᠮᠤᠷᠢᠨ ᠬᠤᠮᠤᠯ᠄ ᠤᠷᠭᠠᠨᠢᠭ ᠪᠤᠳᠠᠰ᠂ ᠠᠽᠤᠲ᠂ ᠰᠢᠭᠢᠷᠯᠢᠭ ᠡᠳ᠋ ᠤᠨ ᠠᠭᠤᠯᠤᠭᠳᠠᠴᠠ ᠪᠠᠷ ᠨᠠᠯᠢᠶᠠᠳ ᠦᠨᠳᠤᠷ᠂ ᠰᠢᠭᠢᠷᠯᠢᠭ ᠢ ᠵᠠᠳᠠᠷᠠᠭᠤᠯᠬᠤ ᠪᠠᠺᠲᠧᠷᠢ ᠠᠭᠤᠯᠤᠭᠳᠠᠳᠠᠬ ᠪᠤᠯᠬᠤᠷ ᠤᠪᠤᠭᠠᠯᠠᠵᠤ ᠲᠠᠷᠤᠪᠠᠯ ᠢᠰᠭᠦ ᠨᠢ ᠬᠤᠷᠳᠤᠨ᠂ ᠢᠯᠴᠢ ᠨᠢ ᠦᠨᠳᠤᠷ᠂ ᠴᠢᠭᠢᠭᠯᠢᠭ ᠨᠦᠢᠳᠠᠨ ᠨᠠᠩᠭᠢ ᠰᠢᠷᠤᠢ ᠭᠦᠨᠳᠤ ᠭᠦᠷᠦᠰᠤ ᠪᠤᠯᠤᠨ ᠰᠠᠭᠦᠳᠠᠷ ᠭᠠᠵᠠᠷ ᠵᠢᠴᠢ ᠭᠦᠷᠤᠰᠤᠨ ᠤ ᠦᠷᠤᠮᠳᠤᠯ ᠭᠦᠨᠳᠤ ᠨᠤᠴᠢᠳᠠᠢ ᠭᠦᠷᠤᠰᠤᠨ ᠳᠤ ᠭᠡᠷᠡᠭᠯᠡᠭᠦ ᠳᠤ ᠳᠤᠭᠢᠷᠠᠨ᠎ᠠ᠃ 5᠂ ᠭᠡᠷ ᠤᠨ ᠵᠢᠭᠦᠷᠳᠠᠨ ᠤ ᠪᠠᠭᠠᠰᠤ᠄ ᠰᠢᠮ᠎ᠠ ᠲᠠᠵᠢᠭᠡᠯ ᠦᠨᠳᠤᠷ ᠪᠤᠯᠬᠤᠷ ᠦᠷ᠎ᠠ ᠶᠢᠨ ᠪᠤᠷᠳᠤᠭᠤᠷ᠂ ᠨᠠᠮᠠᠯᠳᠠ ᠪᠤᠷᠳᠤᠭᠤᠷ ᠪᠤᠯᠭᠠᠵᠤ ᠪᠤᠯᠤᠨ᠎ᠠ᠃ ᠢᠳᠡᠰᠢᠨ ᠨᠤᠭᠤᠭ᠎ᠠ ᠳᠤ ᠭᠡᠷᠡᠭᠯᠡᠭᠦ ᠳᠤ ᠬᠠᠮᠤᠭ ᠢᠯᠠᠭᠦᠤ ᠳᠤᠭᠢᠷᠠᠨ᠎ᠠ᠃ 6᠂ ᠭᠦᠮᠤᠨ ᠤ ᠪᠠᠭᠠᠰᠤ ᠰᠢᠭᠡᠰᠤ᠄ ᠢᠰᠭᠡᠵᠤ ᠭᠦᠢᠴᠡᠳ ᠢᠯᠵᠢᠷᠡᠭᠦᠯᠦᠭᠰᠡᠨ ᠤ ᠰᠠᠭᠦᠯᠠᠷ ᠰᠢᠭᠤᠳ ᠭᠡᠷᠡᠭᠯᠡᠭᠦ ᠪᠠ ᠰᠢᠷᠤᠢ ᠨᠠᠮᠠᠵᠤ ᠤᠯᠠ ᠪᠤᠷᠳᠤᠭᠤᠷ ᠪᠤᠯᠭᠠᠵᠤ ᠪᠤᠯᠤᠨ᠎ᠠ᠃
 
ᠢᠷᠡᠯᠲᠡ᠄ ᠴᠠᠶᠢᠳᠠᠮ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号