ᠮᠤᠩᠭᠤᠯᠴᠤᠳ ᠤᠨ ᠰᠠᠭᠤᠬᠤ ᠰᠤᠶᠤᠯ ᠤᠨ ᠲᠤᠬᠠᠢ
ᠨᠡᠶᠢᠲᠡᠯᠡᠭᠰᠡᠨ ᠴᠠᠭ᠄
2020/9/24
     ᠮᠤᠩᠭᠤᠯᠴᠤᠳ ᠤᠨ ᠠᠳᠠᠯ ᠠᠮᠢᠳᠤᠷᠠᠯ ᠤᠨ ᠲᠤᠮᠳᠠᠬᠢ ᠮᠠᠰᠢ ᠤᠯᠠᠨ ᠵᠠᠩ ᠵᠠᠩᠰᠢᠯ ᠨᠢ ᠥᠪᠡᠷᠮᠢᠴᠠ ᠤᠨᠴᠠᠯᠢᠬ ᠲᠠᠢ ᠪᠥᠭᠡᠳ ᠪᠤᠷᠤᠭᠵᠢᠭᠤᠨ ᠪᠤᠯᠪᠠᠰᠤᠨ ᠪᠠᠶᠢᠳᠠᠬ ᠶᠤᠮ᠃ ᠲᠡᠬᠦᠨ ᠤ ᠲᠤᠳᠤᠷᠠᠬᠢ ᠰᠠᠭᠤᠬᠤ ᠵᠠᠩ ᠪᠠ ᠲᠡᠬᠦᠨ ᠯᠦᠭᠡ ᠬᠤᠯᠪᠤᠭᠳᠠᠭᠰᠠᠨ ᠴᠡᠭᠡᠷ ᠶᠤᠰᠤ ᠪᠤᠯ ᠨᠡᠶᠢᠳᠠᠮ ᠤᠨ ᠴᠢᠨᠠᠷ ᠲᠠᠢ ᠡᠷᠬᠢᠮᠯᠠᠨ ᠲᠡᠭᠡᠳᠤᠯᠡᠳᠡᠭ ᠭᠤᠸ᠎ᠠ ᠰᠠᠶᠢᠬᠠᠨ ᠵᠠᠩᠰᠢᠯ ᠶᠤᠮᠰᠠᠨ᠃      ᠮᠤᠩᠭᠤᠯᠴᠤᠳ ᠤᠨ ᠤᠯᠠᠮᠵᠢᠯᠠᠯᠳᠤ ᠰᠠᠭᠤᠬᠤ ᠵᠠᠩᠰᠢᠯ ᠳᠤ ᠭᠤᠤᠯ ᠨᠢ ᠴᠤᠮᠴᠦ᠋ᠢᠬᠤ ᠪᠠ ᠵᠠᠪᠢᠯᠠᠵᠤ ᠰᠠᠭᠤᠬᠤ ᠬᠤᠶᠠᠷ ᠵᠦᠢᠯ ᠪᠠᠶᠢᠳᠠᠬ᠃ ᠡᠬᠦᠨ ᠠᠴᠠ ᠭᠠᠳᠠᠨ᠎ᠠ ᠪᠠᠰᠠ ᠰᠠᠨᠳᠠᠶᠢᠯᠠᠬᠤ᠂ ᠭᠡᠪᠢᠰᠯᠡᠬᠦ᠂ ᠬᠥᠯ ᠢᠶᠠᠨ ᠵᠢᠬᠢᠬᠦ᠂ ᠡᠪᠤᠳᠥᠭ ᠎ ᠢᠶᠠᠨ ᠲᠡᠪᠡᠷᠢᠬᠦ ᠰᠥᠬᠦᠳᠬᠦ᠂ ᠶᠠᠪᠠᠭᠠᠨ ᠰᠠᠭᠤᠬᠤ ᠮᠡᠳᠤᠴᠢᠯᠠᠨ ᠤᠯᠠᠨ ᠵᠦᠢᠯ ᠤᠨ ᠰᠠᠭᠤᠳᠠᠯ ᠤᠨ ᠨᠡᠷᠡᠶᠢᠳᠤᠯ ᠪᠠᠶᠢᠳᠠᠬ ᠶᠤᠮ᠃ ᠴᠤᠮᠴᠦ᠋ᠢᠬᠤ ᠪᠠ ᠵᠠᠪᠢᠯᠠᠵᠤ ᠰᠠᠭᠤᠬᠤ ᠶᠢ ᠮᠤᠩᠭᠤᠯᠴᠤᠳ ᠬᠠᠮᠤᠭ ᠠᠴᠠ ᠰᠠᠶᠢᠬᠠᠨ ᠡᠷᠬᠢᠮ ᠨᠠᠨᠳᠢᠨ ᠪᠤᠯᠪᠠᠰᠤᠨ ᠰᠠᠭᠤᠳᠠᠯ ᠪᠠ ᠬᠥᠮᠤᠨ ᠤ ᠪᠠᠶ᠎ᠠ ᠮᠠᠬᠠᠪᠤᠳ ᠲᠤ ᠠᠰᠢᠬᠳᠠᠢ ᠰᠠᠭᠤᠳᠠᠯ ᠭᠡᠵᠤ ᠲᠠᠭᠠᠰᠢᠶᠠᠵᠤ ᠥᠨᠢ ᠤᠳᠠᠭᠠᠨ ᠤᠯᠠᠮᠵᠢᠯᠠᠵᠤ ᠢᠷᠡᠭᠰᠡᠨ ᠲᠡᠤᠭᠡ ᠲᠠᠢ ᠶᠤᠮ᠃      ᠮᠤᠩᠭᠤᠯᠴᠤᠳ ᠭᠡᠷ ᠥᠷᠤᠭᠡ ᠪᠠᠨ ᠭᠤᠶᠤᠮᠰᠤᠬ ᠰᠠᠶᠢᠬᠠᠨ ᠵᠤᠬᠢᠴᠠᠭᠤᠯᠤᠨ ᠲᠤᠬᠢᠷᠠᠭᠤᠯᠵᠤ ᠠᠬᠠᠮᠠᠳ ᠲᠤᠮᠤᠭᠠᠳᠠᠳ ᠭᠡᠷ ᠤᠨ ᠡᠵᠡᠨ ᠨᠢ ᠲᠤᠯᠭ᠎ᠠ ᠲᠤᠭᠤᠭ᠎ᠠ ᠶᠢᠨ ᠬᠤᠶᠢᠳᠤ ᠵᠠᠬ᠎ᠠ ᠶᠢ ᠲᠠᠭᠠᠵᠤ ᠥᠶ᠎ᠠ ᠲᠠᠷᠠᠭᠠᠯᠠᠨ ᠡᠷᠡᠭᠳᠡᠶᠢᠴᠤᠳ ᠠᠴᠠ ᠡᠮᠡᠭᠳᠠᠶᠢᠴᠤᠳ ᠭᠡᠬᠦ ᠲᠠᠰ ᠲᠠᠷᠠᠭ᠎ᠠ ᠲᠠᠢ ᠰᠠᠭᠤᠳᠠᠬ᠃ ᠡᠬᠦᠨ ᠳᠤ ᠡᠷᠡᠭᠳᠠᠶᠢᠴᠤᠳ ᠨᠢ ᠭᠤᠤᠯᠳᠠᠭᠤ ᠵᠠᠪᠢᠯᠠᠵᠤ᠂ ᠡᠮᠡᠭᠳᠠᠶᠢᠴᠤᠳ ᠨᠢ ᠪᠥᠷ ᠴᠤᠮᠴᠦ᠋ᠢᠵᠤ ᠰᠠᠭᠤᠳᠠᠬ ᠵᠠᠩᠰᠢᠯ ᠲᠠᠢ᠃ ᠬᠠᠷᠢᠨ ᠪᠠᠷᠢᠶᠠᠳ ᠭᠡᠤᠭᠡᠨᠴᠤᠳ᠂ ᠵᠠᠯᠠᠭᠤ ᠪᠠᠭ᠎ᠠ ᠭᠡᠤᠭᠡᠳ ᠪᠤᠯ ᠲᠤᠯᠭ᠎ᠠ ᠲᠤᠭᠤᠭ᠎ᠠ ᠶᠢᠨ ᠵᠡᠬᠦᠨ ᠬᠤᠶᠢᠳᠤ ᠵᠠᠬ᠎ᠠ ᠶᠢ ᠲᠠᠭᠠᠵᠤ ᠪᠥᠷ ᠴᠤᠮᠴᠦ᠋ᠢᠵᠤ ᠰᠠᠭᠤᠳᠠᠬ ᠶᠤᠮ᠃ ᠬᠥᠮᠤᠨ ᠠᠮᠠ ᠠᠷᠪᠢᠨ᠂ ᠭᠠᠳᠠᠨ᠎ᠠ ᠠᠴᠠ ᠭᠡᠶᠢᠴᠢᠨ ᠵᠤᠴᠢᠨ ᠦᠭᠡᠢ ᠴᠠᠬ ᠲᠤ ᠡᠷᠡᠭᠳᠠᠶᠢᠴᠤᠳ ᠤᠨ ᠨᠠᠰᠤ ᠠᠬ᠎ᠠ ᠠᠴᠠ ᠡᠬᠢᠯᠡᠵᠤ ᠨᠠᠰᠤᠳᠠᠨ ᠲᠤᠮᠤᠭᠠᠳᠠᠨ ᠤ ᠵᠠᠬᠢᠶ᠎ᠠ ᠵᠢᠭᠠᠪᠤᠷᠢ ᠪᠠᠷ ᠲᠤᠯᠭ᠎ᠠ ᠲᠤᠭᠤᠭ᠎ᠠ ᠶᠢᠨ ᠪᠠᠷᠠᠭᠤᠨ ᠵᠠᠬ᠎ᠠ ᠶᠢ ᠲᠠᠭᠠᠵᠤ ᠵᠠᠪᠢᠯᠠᠬᠤ ᠪᠤᠶᠤ ᠴᠤᠮᠴᠦ᠋ᠢᠵᠤ ᠰᠠᠭᠤᠳᠠᠬ᠃ ᠭᠡᠷᠪᠡ ᠭᠡᠶᠢᠴᠢᠨ ᠵᠤᠴᠢᠨ ᠲᠠᠢ ᠪᠤᠯ ᠲᠤᠯᠭ᠎ᠠ ᠲᠤᠭᠤᠭ᠎ᠠ ᠶᠢᠨ ᠪᠠᠷᠠᠭᠤᠨ ᠵᠠᠬ᠎ᠠ ᠎ ᠶᠢ ᠪᠥᠭᠦᠳᠡ ᠶᠢ ᠭᠡᠶᠢᠴᠢᠨ ᠵᠤᠴᠢᠨ ᠳᠠᠭᠠᠨ ᠵᠠᠶᠢᠴᠢᠯᠠᠨ ᠬᠠᠶᠢᠷᠠᠯᠠᠵᠤ ᠪᠤᠰᠤᠳ ᠢ ᠬᠥᠨᠳᠤᠳᠭᠡᠳᠡᠭ ᠰᠠᠶᠢᠬᠠᠨ ᠵᠠᠩᠰᠢᠯ ᠲᠠᠢ ᠶᠤᠮ᠃      ᠠᠶᠢᠯ ᠳᠤ ᠭᠡᠶᠢᠴᠢᠨ ᠵᠤᠴᠢᠨ ᠪᠤᠯᠬᠤ ᠳᠠᠭᠠᠨ ᠡᠷᠡᠭᠳᠠᠶᠢᠴᠤᠳ ᠨᠢ ᠤᠬᠠᠮᠰᠠᠷ ᠠᠴᠠ ᠪᠠᠨ ᠨᠠᠰᠤᠨ ᠪ᠊ ᠶᠡᠭᠡ ᠪᠠᠭ᠎ᠠ ᠎ ᠶᠢᠨ ᠢᠯᠭᠠᠯ᠂ ᠡᠰᠡᠬᠦᠯ᠎ᠠ ᠤᠳᠤᠮ ᠥᠶ᠎ᠠ ᠶᠢᠨ ᠢᠯᠭᠠᠯ ᠢᠶᠠᠷ ᠢᠶᠠᠨ ᠲᠤᠯᠭ᠎ᠠ ᠲᠤᠭᠤᠭ᠎ᠠ ᠶᠢᠨ ᠪᠠᠷᠠᠭᠤᠨ ᠵᠠᠬ᠎ᠠ ᠶᠢ ᠲᠠᠭᠠᠵᠤ ᠲᠡᠰ ᠲᠠᠷᠠᠭ᠎ᠠ ᠲᠠᠢ ᠰᠤᠪᠤᠷᠠᠨ ᠰᠠᠭᠤᠳᠠᠬ᠃ ᠯᠠᠮᠠ ᠬᠤᠸᠠᠷᠠᠬ ᠭᠡᠷ ᠤᠨ ᠡᠵᠡᠨ ᠠᠴᠠ ᠨᠠᠰᠤ ᠥᠨᠳᠤᠷ ᠵᠤᠴᠢᠨ ᠨᠢ ᠵᠠᠪᠢᠯᠠᠵᠤ ᠰᠠᠭᠤᠳᠠᠬ᠃ ᠭᠡᠷ ᠤᠨ ᠡᠵᠡᠨ ᠤ ᠵᠢᠭᠠᠪᠤᠷᠢ ᠱᠠᠭᠠᠷᠳᠠᠯᠭ᠎ᠠ ᠪᠠᠷ ᠨᠠᠰᠤ ᠵᠠᠯᠠᠭᠤᠬᠠᠨ ᠡᠷᠡᠭᠳᠠᠶᠢᠴᠤᠳ ᠴᠤ ᠵᠠᠪᠢᠯᠠᠵᠤ ᠰᠠᠭᠤᠳᠠᠬ ᠵᠠᠩᠰᠢᠯ ᠲᠠᠢ᠃ ᠡᠮᠡᠭᠳᠡᠢ ᠭᠡᠶᠢᠴᠢᠳ ᠵᠤᠴᠢᠳ ᠪᠤᠯ ᠲᠤᠯᠭ᠎ᠠ ᠲᠤᠭᠤᠭ᠎ᠠ ᠶᠢᠨ ᠵᠡᠬᠦᠨ ᠬᠤᠶᠢᠳᠤ ᠵᠠᠬ᠎ᠠ ᠶᠢ ᠲᠠᠭᠠᠵᠤ ᠨᠠᠰᠤᠨ ᠤ ᠶᠡᠭᠡ ᠪᠠᠭ᠎ᠠ᠂ ᠥᠶ᠎ᠠ ᠵᠡᠷᠭᠡ ᠶᠢᠨ ᠲᠠᠷᠠᠭᠠᠯᠠᠯ ᠢᠶᠠᠷ ᠴᠥᠮ ᠴᠤᠮᠴᠦ᠋ᠢᠵᠤ ᠰᠠᠭᠤᠳᠠᠬ᠃ ᠡᠮᠡᠭᠳᠡᠢ ᠬᠥᠮᠤᠨ ᠵᠠᠪᠢᠯᠠᠵᠤ ᠰᠠᠭᠤᠬᠤ ᠶᠢ ᠶᠤᠰᠤ ᠮᠤᠷᠠᠯ ᠦᠭᠡᠢ ᠰᠠᠭᠤᠳᠠᠯ ᠭᠡᠵᠤ ᠤᠨᠴᠠ ᠴᠡᠭᠡᠷᠯᠡᠳᠡᠭ᠃ ᠭᠡᠤᠭᠡᠳ ᠠᠶᠢᠯ ᠳᠤ ᠤᠴᠢᠪᠠᠯ ᠲᠤᠯᠭ᠎ᠠ ᠲᠤᠭᠤᠭ᠎ᠠ ᠶᠢᠨ ᠪᠠᠷᠠᠭᠤᠨ ᠡᠮᠤᠨᠡᠬᠦᠷ ᠴᠤᠮᠴᠦ᠋ᠢᠵᠤ ᠰᠠᠭᠤᠳᠠᠬ᠃      ᠮᠤᠩᠭᠤᠯᠴᠤᠳ ᠴᠤᠮᠴᠦ᠋ᠢᠵᠤ ᠰᠠᠭᠤᠬᠤ ᠶᠢ ᠨᠢᠭᠡᠨ ᠴᠡᠪᠡᠷ ᠰᠠᠶᠢᠬᠠᠨ ᠪᠤᠷᠤᠭᠵᠢᠭᠤᠨ ᠪᠤᠯᠪᠠᠰᠤᠨ ᠲᠥᠪ ᠰᠠᠭᠤᠳᠠᠯ ᠭᠡᠵᠤ ᠲᠠᠭᠠᠰᠢᠶᠠᠬᠤ ᠪᠠᠷ ᠥᠯᠥ ᠪᠠᠷᠠᠮ ᠪᠡᠶ᠎ᠠ ᠮᠠᠬᠠᠪᠤᠳ ᠤᠨ ᠥᠰᠤᠯᠳᠠ ᠪᠤᠶᠢᠵᠢᠯᠳᠠ᠂ ᠡᠷᠡᠬᠦᠯ ᠴᠢᠬᠢᠷᠠᠬ ᠲᠤ ᠠᠰᠢᠬ ᠲᠠᠢ ᠭᠡᠵᠤ ᠬᠤᠶᠢᠴᠢ ᠥᠶ᠎ᠠ ᠪᠠᠨ ᠰᠤᠷᠭᠠᠳᠠᠬ᠃ ᠴᠤᠮᠴᠦ᠋ᠢᠵᠤ ᠰᠠᠭᠤᠬᠤ ᠨᠢ ᠴᠠᠢ ᠬᠤᠭᠤᠯᠠ ᠢᠳᠡᠵᠤ ᠤᠤᠭᠤᠬᠤ ᠳᠤ ᠭᠡᠪᠡᠯᠢ ᠎ ᠶᠢᠨ ᠭᠡᠰᠡᠭ ᠢ ᠰᠢᠬᠠᠵᠤ ᠨᠥᠯᠥᠭᠡᠯᠡᠬᠦ ᠦᠭᠡᠢ᠂ ᠥᠰᠪᠤᠷᠢ ᠨᠠᠰᠤᠨ ᠤ ᠭᠡᠤᠭᠡᠳ ᠪᠠᠭᠠᠴᠤᠳ ᠤᠨ ᠨᠢᠷᠤᠭᠤ ᠬᠥᠯ ᠢ ᠨᠢ ᠠᠰᠬᠠᠨ ᠲᠡᠭᠰᠢ᠂ ᠴᠡᠭᠡᠵᠢᠨ ᠪᠠᠶ᠎ᠠ ᠶᠢ ᠨᠢ ᠥᠷᠭᠡᠨ ᠲᠡᠨᠢᠬᠦᠨ ᠪᠤᠯᠭᠠᠵᠤ᠂ ᠪᠠᠶ᠎ᠠ ᠶᠢᠨ ᠡᠯ᠎ᠠ ᠡᠷᠭᠡᠳᠡᠨ ᠤ ᠥᠰᠴᠤ ᠪᠤᠶᠢᠵᠢᠬᠤ ᠳᠤ ᠠᠰᠢᠬᠳᠠᠢ ᠰᠠᠭᠤᠳᠠᠯ ᠭᠡᠵᠤ ᠭᠡᠯᠡᠳᠡᠭ᠃ ᠡᠶᠢᠮᠤ ᠤᠴᠢᠷ ᠠᠴᠠ ᠭᠡᠤᠭᠡᠳ ᠪᠠᠭᠠᠴᠤᠳ ᠢ ᠬᠥᠢᠰᠤ ᠴᠢᠨᠠᠷ ᠢᠯᠭᠠᠬᠤ ᠦᠭᠡᠢ ᠴᠤᠮᠴᠦ᠋ᠢᠵᠤ ᠰᠠᠭᠤᠯᠭᠠᠳᠠᠬ ᠵᠠᠩᠰᠢᠯ ᠲᠠᠢ ᠪᠠᠶᠢᠳᠠᠬ ᠶᠤᠮ᠃      ᠮᠤᠩᠭᠤᠯᠴᠤᠳ ᠭᠡᠷ ᠲᠤ ᠰᠠᠨᠳᠠᠶᠢᠯᠠᠵᠤ ᠰᠠᠭᠤᠳᠠᠬ ᠦᠭᠡᠢ᠂ ᠬᠠᠷᠢᠨ ᠭᠠᠳᠠᠭ᠎ᠠ ᠬᠥᠳᠡᠭᠡ᠂ ᠢᠯᠠᠩᠭᠤᠶ᠎ᠠ ᠭᠡᠭᠡᠷ᠎ᠠ ᠬᠥᠳᠡᠭᠡ ᠮᠠᠯ ᠬᠠᠷᠢᠭᠤᠯᠵᠤ ᠶᠠᠪᠤᠭ᠎ᠠ ᠬᠥᠮᠤᠨ ᠬᠠᠷᠢᠯᠴᠠᠨ ᠠᠭᠤᠯᠵᠠᠬᠤ ᠪᠤᠶᠤ ᠲᠥᠷ ᠠᠮᠷᠠᠵᠤ ᠰᠠᠭᠤᠬᠤ ᠳᠠᠭᠠᠨ ᠠᠭᠤᠯᠠ ᠬᠠᠳᠠᠷᠭᠠᠠ ᠭᠠᠵᠠᠷ ᠪᠤᠯ ᠴᠢᠯᠠᠭᠤᠨ ᠲᠡᠭᠡᠷ᠎ᠠ ᠲᠡᠪᠠᠯ ᠲᠡᠷᠯᠢᠭ ᠤᠨ ᠠᠷᠤ ᠬᠤᠷᠮᠤᠢ ᠪᠠᠨ ᠲᠡᠪᠢᠰᠤᠭᠡᠳ ᠲᠥᠷ ᠬᠤᠭᠤᠴᠠᠭ᠎ᠠ ᠰᠠᠨᠳᠠᠶᠢᠯᠠᠵᠤ ᠰᠠᠭᠤᠳᠠᠬ᠂ ᠬᠠᠳᠠᠪᠴᠢ ᠡᠬᠦᠳᠡᠨ ᠲᠡᠭᠡᠷ᠎ᠠ ᠰᠠᠨᠳᠠᠶᠢᠯᠠᠵᠤ ᠰᠠᠭᠤᠬᠤ ᠶᠢ ᠤᠨᠴᠠ ᠴᠡᠭᠡᠷᠯᠡᠵᠤ ᠪᠡᠯᠭᠡ ᠲᠡᠮᠪᠠᠷᠢᠯ ᠦᠭᠡᠢ ᠮᠠᠭᠤ  ᠢᠷᠸ᠎ᠠ ᠶᠢᠨ ᠰᠠᠭᠤᠳᠠᠯ ᠭᠡᠵᠤ ᠵᠢᠭᠰᠢᠳᠡᠭ ᠶᠤᠮ᠃      ᠵᠠᠯᠠᠭᠤᠴᠤᠳ ᠪᠠᠭᠠᠴᠤᠳ ᠤᠨᠴᠠ ᠪᠠᠶᠢᠳᠠᠯ ᠢ ᠭᠠᠷᠭᠠᠪᠠᠯ ᠠᠬᠠᠮᠠᠳ ᠲᠤᠮᠤᠭᠠᠳᠠᠳ ᠤᠨ ᠬᠠᠵᠠᠭᠤ ᠳᠤ ᠬᠥᠯ ᠢᠶᠠᠨ ᠵᠢᠬᠢᠵᠤ ᠰᠠᠭᠤᠬᠤ ᠶᠢ ᠪᠤᠯᠪᠠᠰᠤᠨ ᠪᠤᠰᠤ ᠰᠠᠭᠤᠳᠠᠯ ᠭᠡᠵᠤ ᠴᠡᠭᠡᠷᠯᠡᠳᠡᠭ᠃ ᠢᠯᠠᠩᠭᠤᠶ᠎ᠠ ᠭᠡᠶᠢᠴᠢᠨ ᠵᠤᠴᠢᠨ ᠤ ᠬᠠᠵᠠᠭᠤ ᠳᠤ ᠬᠥᠯ ᠢᠶᠠᠨ ᠵᠢᠬᠢᠵᠤ ᠰᠠᠭᠤᠬᠤ ᠶᠢ ᠮᠤᠷᠠᠯ ᠶᠤᠰᠤᠨ ᠳᠤ ᠬᠤᠯᠪᠤᠭᠳᠠᠭᠰᠠᠨ ᠶᠡᠭᠡ ᠤᠴᠢᠷ ᠢᠶᠠᠷ ᠴᠡᠭᠡᠷᠯᠡᠬᠦᠯᠳᠡᠭ᠃ ᠨᠠᠰᠤᠳᠠᠢ ᠲᠤᠮᠤᠭᠠᠳᠠᠳ ᠭᠡᠶᠢᠴᠢᠨ ᠵᠤᠴᠢᠨ ᠤ ᠬᠠᠵᠠᠭᠤ ᠳᠤ ᠬᠥᠯ ᠢᠶᠠᠨ ᠵᠢᠬᠢᠬᠦ ᠴᠢᠬᠤᠯᠠ ᠲᠠᠢ ᠪᠤᠯᠪᠠᠯ ᠤᠷᠢᠳᠠᠪᠡᠷ ᠲᠠᠶᠢᠯᠪᠤᠷᠢᠯᠠᠵᠤ ᠲᠠᠷᠠᠭ᠎ᠠ ᠨᠢ ᠬᠥᠯ ᠢᠶᠠᠨ ᠭᠠᠷᠭᠠᠨ ᠵᠢᠬᠢᠵᠤ ᠰᠠᠭᠤᠳᠠᠬ ᠰᠠᠶᠢᠬᠠᠨ ᠵᠠᠩᠰᠢᠯ ᠲᠠᠢ᠃      ᠭᠡᠤᠭᠡᠳ ᠪᠠᠭᠠᠴᠤᠳ ᠲᠤᠮᠤᠭᠠᠳᠠᠳ ᠤᠨ ᠵᠠᠬ᠎ᠠ ᠳᠤ ᠡᠷᠡᠤ ᠰᠢᠨᠠ ᠪᠠᠨ ᠲᠥᠰᠢᠵᠤ ᠭᠡᠪᠡᠬᠡᠶᠢᠯᠡᠵᠤ ᠰᠠᠭᠤᠭᠠᠳ ᠶᠡᠭᠡ ᠬᠥᠮᠤᠰ ᠤᠨ ᠭᠡᠯᠡᠯᠴᠡᠭᠡ ᠶᠠᠷᠢᠶ᠎ᠠ ᠶᠢ ᠰᠤᠨᠤᠰᠬᠤ ᠶᠢ ᠴᠡᠭᠡᠷᠯᠡᠳᠡᠭ᠃      ᠡᠪᠤᠳᠥᠭ ᠢᠶᠠᠨ ᠲᠠᠪᠠᠷᠢᠵᠤ ᠰᠠᠭᠤᠬᠤ ᠶᠢ ᠮᠠᠭᠤ ᠢᠷᠸ᠎ᠠ ᠶᠢᠨ ᠮᠤᠷᠠᠯ ᠦᠭᠡᠢ ᠰᠠᠭᠤᠳᠠᠯ ᠭᠡᠵᠤ ᠴᠢᠩᠭ᠎ᠠ ᠴᠡᠭᠡᠷᠯᠡᠬᠦᠯᠤᠨ ᠴᠠᠭᠠᠵᠠᠯᠠᠳᠠᠬ᠃      ᠶᠠᠮᠠᠷ ᠨᠢᠭᠡᠨ ᠤᠷᠴᠢᠨ ᠠᠬᠤᠢ ᠪᠠᠶᠢᠳᠠᠯ ᠲᠤᠤᠷ᠎ᠠ ᠭᠡᠰᠡᠨ ᠴᠤ ᠶᠠᠪᠠᠭᠠᠨ ᠪᠠ ᠰᠥᠬᠦᠳᠴᠤ ᠰᠠᠭᠤᠬᠤ ᠶᠢ ᠤᠨᠴᠠ ᠴᠡᠭᠡᠷᠯᠡᠳᠡᠭ᠃ ᠶᠠᠪᠠᠭᠠᠨ ᠰᠠᠭᠤᠬᠤ ᠶᠢ ᠵᠢᠷᠤᠮ ᠮᠤᠷᠠᠯ ᠦᠭᠡᠢ ᠮᠠᠭᠤ  ᠢᠷᠸ᠎ᠠ ᠶᠢᠨ ᠰᠠᠭᠤᠳᠠᠯ ᠭᠡᠵᠤ ᠬᠤᠷᠢᠭᠯᠠᠳᠠᠬ᠃ ᠰᠥᠬᠦᠳᠴᠤ ᠰᠠᠭᠤᠬᠤ ᠶᠢ ᠪᠤᠯ ᠶᠠᠯ᠎ᠠ ᠲᠠᠮᠤ ᠪᠠᠨ ᠬᠥᠯᠢᠶᠡᠬᠦ ᠭᠡᠵᠤ ᠪᠠᠶᠢᠭ᠎ᠠ ᠰᠢᠨᠵᠢ ᠭᠡᠯᠪᠡᠷᠢ ᠲᠠᠢ ᠰᠠᠭᠤᠳᠠᠯ ᠭᠡᠵᠤ ᠴᠡᠭᠡᠷᠯᠡᠳᠡᠭ ᠶᠤᠮ᠃ ᠡᠳᠡᠭᠡᠷ ᠠᠴᠠ ᠭᠠᠳᠠᠨ᠎ᠠ ᠪᠠᠰᠠ ᠤᠷᠭᠤᠭ᠎ᠠ ᠨᠦᠢᠳᠠᠨ ᠮᠤᠳᠤ ᠡᠪᠡᠰᠤ᠂ ᠰᠢᠳᠤᠯᠭᠡ ᠲᠠᠢ ᠬᠠᠶᠢᠷᠬᠠᠨ ᠤᠪᠤᠭ᠎ᠠ ᠶᠢᠨ ᠴᠢᠯᠠᠭᠤ ᠮᠤᠳᠤᠨ ᠲᠡᠭᠡᠷ᠎ᠠ ᠰᠠᠭᠤᠬᠤ ᠶᠢ ᠥᠷᠬᠦᠯᠵᠢ ᠴᠡᠭᠡᠷᠯᠡᠬᠦᠯᠤᠨ ᠡᠪᠡᠳᠴᠢᠨ ᠲᠠᠬᠤᠯ ᠳᠤ ᠨᠡᠷᠪᠡᠭᠳᠡᠨ᠎ᠠ᠂ ᠠᠭᠤᠯᠠ ᠬᠠᠶᠢᠷᠬᠠᠨ ᠡᠪᠡᠰᠤ ᠤᠷᠭᠤᠮᠠᠯ ᠢ ᠪᠤᠵᠠᠷᠳᠤᠭᠤᠯᠤᠨ᠎ᠠ ᠭᠡᠰᠡᠨ ᠤᠳᠬ᠎ᠠ ᠠᠭᠤᠯᠭ᠎ᠠ ᠲᠠᠢ ᠥᠭᠡ ᠪᠠᠷ ᠲᠠᠶᠢᠯᠪᠤᠷᠢᠯᠠᠵᠤ ᠂ ᠮᠠᠯ ᠠᠵᠤ ᠠᠬᠤᠢ ᠶᠢᠨ ᠤᠢᠢᠯᠡᠳᠪᠤᠷᠢᠯᠠᠯ ᠤᠨ ᠡᠬᠢ ᠪᠠᠶᠠᠯᠢᠬ ᠪᠤᠯᠬᠤ ᠡᠪᠡᠰᠤ ᠤᠷᠭᠤᠮᠠᠯ ᠪᠠ ᠡᠭᠡ ᠪᠠᠶᠢᠭᠠᠯᠢ ᠪᠠᠨ ᠬᠢᠮᠠᠭᠠᠳᠠᠨ ᠬᠠᠶᠢᠷᠠᠯᠠᠭᠰᠠᠨ ᠰᠡᠳᠬᠢᠯᠭᠡ ᠶᠢ ᠢᠯᠡᠳᠭᠡᠵᠤ ᠪᠠᠶᠢᠳᠠᠬ ᠶᠤᠮ᠃      ᠮᠤᠩᠭᠤᠯᠴᠤᠳ ᠤᠨ ᠰᠠᠭᠤᠬᠤ ᠵᠠᠩᠰᠢᠯ ᠢ ᠨᠠᠷᠢᠨ ᠠᠵᠢᠭᠯᠠᠵᠤ ᠥᠵᠡᠪᠡᠯ ᠲᠡᠷᠡ ᠨᠢ ᠠᠮᠢᠳᠤᠷᠠᠯ ᠤᠨ ᠲᠤᠮᠳᠠᠬᠢ ᠬᠥᠳᠡᠯᠤᠯ ᠪᠠᠶᠢᠳᠠᠯ ᠲᠡᠳᠤᠢ ᠪᠤᠯᠪᠠᠴᠤ ᠲᠡᠬᠦᠨ ᠳᠤ ᠪᠤᠷᠤᠭᠵᠢᠭᠤᠨ ᠪᠤᠯᠪᠠᠰᠤᠨ ᠶᠤᠰᠤ ᠮᠤᠷᠠᠯ ᠬᠥᠨᠵᠡᠭᠡᠢ ᠨᠡᠪᠴᠢᠵᠤ ᠪᠠᠶᠢᠳᠠᠬ ᠶᠤᠮ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号