ᠮᠤᠩᠭᠤᠯᠴᠤᠳ ᠤᠨ ᠰᠠᠭᠤᠬᠤ ᠰᠤᠶᠤᠯ ᠤᠨ ᠲᠤᠬᠠᠢ
ᠨᠡᠶᠢᠲᠡᠯᠡᠭᠰᠡᠨ ᠴᠠᠭ᠄
2020/9/24
     ᠮᠤᠩᠭᠤᠯᠴᠤᠳ ᠤᠨ ᠠᠳᠠᠯ ᠠᠮᠢᠳᠤᠷᠠᠯ ᠤᠨ ᠲᠤᠮᠳᠠᠬᠢ ᠮᠠᠰᠢ ᠤᠯᠠᠨ ᠵᠠᠩ ᠵᠠᠩᠰᠢᠯ ᠨᠢ ᠥᠪᠡᠷᠮᠢᠴᠠ ᠤᠨᠴᠠᠯᠢᠬ ᠲᠠᠢ ᠪᠥᠭᠡᠳ ᠪᠤᠷᠤᠭᠵᠢᠭᠤᠨ ᠪᠤᠯᠪᠠᠰᠤᠨ ᠪᠠᠶᠢᠳᠠᠬ ᠶᠤᠮ᠃ ᠲᠡᠬᠦᠨ ᠤ ᠲᠤᠳᠤᠷᠠᠬᠢ ᠰᠠᠭᠤᠬᠤ ᠵᠠᠩ ᠪᠠ ᠲᠡᠬᠦᠨ ᠯᠦᠭᠡ ᠬᠤᠯᠪᠤᠭᠳᠠᠭᠰᠠᠨ ᠴᠡᠭᠡᠷ ᠶᠤᠰᠤ ᠪᠤᠯ ᠨᠡᠶᠢᠳᠠᠮ ᠤᠨ ᠴᠢᠨᠠᠷ ᠲᠠᠢ ᠡᠷᠬᠢᠮᠯᠠᠨ ᠲᠡᠭᠡᠳᠤᠯᠡᠳᠡᠭ ᠭᠤᠸ᠎ᠠ ᠰᠠᠶᠢᠬᠠᠨ ᠵᠠᠩᠰᠢᠯ ᠶᠤᠮᠰᠠᠨ᠃      ᠮᠤᠩᠭᠤᠯᠴᠤᠳ ᠤᠨ ᠤᠯᠠᠮᠵᠢᠯᠠᠯᠳᠤ ᠰᠠᠭᠤᠬᠤ ᠵᠠᠩᠰᠢᠯ ᠳᠤ ᠭᠤᠤᠯ ᠨᠢ ᠴᠤᠮᠴᠦ᠋ᠢᠬᠤ ᠪᠠ ᠵᠠᠪᠢᠯᠠᠵᠤ ᠰᠠᠭᠤᠬᠤ ᠬᠤᠶᠠᠷ ᠵᠦᠢᠯ ᠪᠠᠶᠢᠳᠠᠬ᠃ ᠡᠬᠦᠨ ᠠᠴᠠ ᠭᠠᠳᠠᠨ᠎ᠠ ᠪᠠᠰᠠ ᠰᠠᠨᠳᠠᠶᠢᠯᠠᠬᠤ᠂ ᠭᠡᠪᠢᠰᠯᠡᠬᠦ᠂ ᠬᠥᠯ ᠢᠶᠠᠨ ᠵᠢᠬᠢᠬᠦ᠂ ᠡᠪᠤᠳᠥᠭ  ᠢᠶᠠᠨ ᠲᠡᠪᠡᠷᠢᠬᠦ ᠰᠥᠬᠦᠳᠬᠦ᠂ ᠶᠠᠪᠠᠭᠠᠨ ᠰᠠᠭᠤᠬᠤ ᠮᠡᠳᠤᠴᠢᠯᠠᠨ ᠤᠯᠠᠨ ᠵᠦᠢᠯ ᠤᠨ ᠰᠠᠭᠤᠳᠠᠯ ᠤᠨ ᠨᠡᠷᠡᠶᠢᠳᠤᠯ ᠪᠠᠶᠢᠳᠠᠬ ᠶᠤᠮ᠃ ᠴᠤᠮᠴᠦ᠋ᠢᠬᠤ ᠪᠠ ᠵᠠᠪᠢᠯᠠᠵᠤ ᠰᠠᠭᠤᠬᠤ ᠶᠢ ᠮᠤᠩᠭᠤᠯᠴᠤᠳ ᠬᠠᠮᠤᠭ ᠠᠴᠠ ᠰᠠᠶᠢᠬᠠᠨ ᠡᠷᠬᠢᠮ ᠨᠠᠨᠳᠢᠨ ᠪᠤᠯᠪᠠᠰᠤᠨ ᠰᠠᠭᠤᠳᠠᠯ ᠪᠠ ᠬᠥᠮᠤᠨ ᠤ ᠪᠠᠶ᠎ᠠ ᠮᠠᠬᠠᠪᠤᠳ ᠲᠤ ᠠᠰᠢᠬᠳᠠᠢ ᠰᠠᠭᠤᠳᠠᠯ ᠭᠡᠵᠤ ᠲᠠᠭᠠᠰᠢᠶᠠᠵᠤ ᠥᠨᠢ ᠤᠳᠠᠭᠠᠨ ᠤᠯᠠᠮᠵᠢᠯᠠᠵᠤ ᠢᠷᠡᠭᠰᠡᠨ ᠲᠡᠤᠭᠡ ᠲᠠᠢ ᠶᠤᠮ᠃      ᠮᠤᠩᠭᠤᠯᠴᠤᠳ ᠭᠡᠷ ᠥᠷᠤᠭᠡ ᠪᠠᠨ ᠭᠤᠶᠤᠮᠰᠤᠬ ᠰᠠᠶᠢᠬᠠᠨ ᠵᠤᠬᠢᠴᠠᠭᠤᠯᠤᠨ ᠲᠤᠬᠢᠷᠠᠭᠤᠯᠵᠤ ᠠᠬᠠᠮᠠᠳ ᠲᠤᠮᠤᠭᠠᠳᠠᠳ ᠭᠡᠷ ᠤᠨ ᠡᠵᠡᠨ ᠨᠢ ᠲᠤᠯᠭ᠎ᠠ ᠲᠤᠭᠤᠭ᠎ᠠ ᠶᠢᠨ ᠬᠤᠶᠢᠳᠤ ᠵᠠᠬ᠎ᠠ ᠶᠢ ᠲᠠᠭᠠᠵᠤ ᠥᠶ᠎ᠠ ᠲᠠᠷᠠᠭᠠᠯᠠᠨ ᠡᠷᠡᠭᠳᠡᠶᠢᠴᠤᠳ ᠠᠴᠠ ᠡᠮᠡᠭᠳᠠᠶᠢᠴᠤᠳ ᠭᠡᠬᠦ ᠲᠠᠰ ᠲᠠᠷᠠᠭ᠎ᠠ ᠲᠠᠢ ᠰᠠᠭᠤᠳᠠᠬ᠃ ᠡᠬᠦᠨ ᠳᠤ ᠡᠷᠡᠭᠳᠠᠶᠢᠴᠤᠳ ᠨᠢ ᠭᠤᠤᠯᠳᠠᠭᠤ ᠵᠠᠪᠢᠯᠠᠵᠤ᠂ ᠡᠮᠡᠭᠳᠠᠶᠢᠴᠤᠳ ᠨᠢ ᠪᠥᠷ ᠴᠤᠮᠴᠦ᠋ᠢᠵᠤ ᠰᠠᠭᠤᠳᠠᠬ ᠵᠠᠩᠰᠢᠯ ᠲᠠᠢ᠃ ᠬᠠᠷᠢᠨ ᠪᠠᠷᠢᠶᠠᠳ ᠭᠡᠤᠭᠡᠨᠴᠤᠳ᠂ ᠵᠠᠯᠠᠭᠤ ᠪᠠᠭ᠎ᠠ ᠭᠡᠤᠭᠡᠳ ᠪᠤᠯ ᠲᠤᠯᠭ᠎ᠠ ᠲᠤᠭᠤᠭ᠎ᠠ ᠶᠢᠨ ᠵᠡᠬᠦᠨ ᠬᠤᠶᠢᠳᠤ ᠵᠠᠬ᠎ᠠ ᠶᠢ ᠲᠠᠭᠠᠵᠤ ᠪᠥᠷ ᠴᠤᠮᠴᠦ᠋ᠢᠵᠤ ᠰᠠᠭᠤᠳᠠᠬ ᠶᠤᠮ᠃ ᠬᠥᠮᠤᠨ ᠠᠮᠠ ᠠᠷᠪᠢᠨ᠂ ᠭᠠᠳᠠᠨ᠎ᠠ ᠠᠴᠠ ᠭᠡᠶᠢᠴᠢᠨ ᠵᠤᠴᠢᠨ ᠦᠭᠡᠢ ᠴᠠᠬ ᠲᠤ ᠡᠷᠡᠭᠳᠠᠶᠢᠴᠤᠳ ᠤᠨ ᠨᠠᠰᠤ ᠠᠬ᠎ᠠ ᠠᠴᠠ ᠡᠬᠢᠯᠡᠵᠤ ᠨᠠᠰᠤᠳᠠᠨ ᠲᠤᠮᠤᠭᠠᠳᠠᠨ ᠤ ᠵᠠᠬᠢᠶ᠎ᠠ ᠵᠢᠭᠠᠪᠤᠷᠢ ᠪᠠᠷ ᠲᠤᠯᠭ᠎ᠠ ᠲᠤᠭᠤᠭ᠎ᠠ ᠶᠢᠨ ᠪᠠᠷᠠᠭᠤᠨ ᠵᠠᠬ᠎ᠠ ᠶᠢ ᠲᠠᠭᠠᠵᠤ ᠵᠠᠪᠢᠯᠠᠬᠤ ᠪᠤᠶᠤ ᠴᠤᠮᠴᠦ᠋ᠢᠵᠤ ᠰᠠᠭᠤᠳᠠᠬ᠃ ᠭᠡᠷᠪᠡ ᠭᠡᠶᠢᠴᠢᠨ ᠵᠤᠴᠢᠨ ᠲᠠᠢ ᠪᠤᠯ ᠲᠤᠯᠭ᠎ᠠ ᠲᠤᠭᠤᠭ᠎ᠠ ᠶᠢᠨ ᠪᠠᠷᠠᠭᠤᠨ ᠵᠠᠬ᠎ᠠ  ᠶᠢ ᠪᠥᠭᠦᠳᠡ ᠶᠢ ᠭᠡᠶᠢᠴᠢᠨ ᠵᠤᠴᠢᠨ ᠳᠠᠭᠠᠨ ᠵᠠᠶᠢᠴᠢᠯᠠᠨ ᠬᠠᠶᠢᠷᠠᠯᠠᠵᠤ ᠪᠤᠰᠤᠳ ᠢ ᠬᠥᠨᠳᠤᠳᠭᠡᠳᠡᠭ ᠰᠠᠶᠢᠬᠠᠨ ᠵᠠᠩᠰᠢᠯ ᠲᠠᠢ ᠶᠤᠮ᠃      ᠠᠶᠢᠯ ᠳᠤ ᠭᠡᠶᠢᠴᠢᠨ ᠵᠤᠴᠢᠨ ᠪᠤᠯᠬᠤ ᠳᠠᠭᠠᠨ ᠡᠷᠡᠭᠳᠠᠶᠢᠴᠤᠳ ᠨᠢ ᠤᠬᠠᠮᠰᠠᠷ ᠠᠴᠠ ᠪᠠᠨ ᠨᠠᠰᠤᠨ ᠪ᠊ ᠶᠡᠭᠡ ᠪᠠᠭ᠎ᠠ  ᠶᠢᠨ ᠢᠯᠭᠠᠯ᠂ ᠡᠰᠡᠬᠦᠯ᠎ᠠ ᠤᠳᠤᠮ ᠥᠶ᠎ᠠ ᠶᠢᠨ ᠢᠯᠭᠠᠯ ᠢᠶᠠᠷ ᠢᠶᠠᠨ ᠲᠤᠯᠭ᠎ᠠ ᠲᠤᠭᠤᠭ᠎ᠠ ᠶᠢᠨ ᠪᠠᠷᠠᠭᠤᠨ ᠵᠠᠬ᠎ᠠ ᠶᠢ ᠲᠠᠭᠠᠵᠤ ᠲᠡᠰ ᠲᠠᠷᠠᠭ᠎ᠠ ᠲᠠᠢ ᠰᠤᠪᠤᠷᠠᠨ ᠰᠠᠭᠤᠳᠠᠬ᠃ ᠯᠠᠮᠠ ᠬᠤᠸᠠᠷᠠᠬ ᠭᠡᠷ ᠤᠨ ᠡᠵᠡᠨ ᠠᠴᠠ ᠨᠠᠰᠤ ᠥᠨᠳᠤᠷ ᠵᠤᠴᠢᠨ ᠨᠢ ᠵᠠᠪᠢᠯᠠᠵᠤ ᠰᠠᠭᠤᠳᠠᠬ᠃ ᠭᠡᠷ ᠤᠨ ᠡᠵᠡᠨ ᠤ ᠵᠢᠭᠠᠪᠤᠷᠢ ᠱᠠᠭᠠᠷᠳᠠᠯᠭ᠎ᠠ ᠪᠠᠷ ᠨᠠᠰᠤ ᠵᠠᠯᠠᠭᠤᠬᠠᠨ ᠡᠷᠡᠭᠳᠠᠶᠢᠴᠤᠳ ᠴᠤ ᠵᠠᠪᠢᠯᠠᠵᠤ ᠰᠠᠭᠤᠳᠠᠬ ᠵᠠᠩᠰᠢᠯ ᠲᠠᠢ᠃ ᠡᠮᠡᠭᠳᠡᠢ ᠭᠡᠶᠢᠴᠢᠳ ᠵᠤᠴᠢᠳ ᠪᠤᠯ ᠲᠤᠯᠭ᠎ᠠ ᠲᠤᠭᠤᠭ᠎ᠠ ᠶᠢᠨ ᠵᠡᠬᠦᠨ ᠬᠤᠶᠢᠳᠤ ᠵᠠᠬ᠎ᠠ ᠶᠢ ᠲᠠᠭᠠᠵᠤ ᠨᠠᠰᠤᠨ ᠤ ᠶᠡᠭᠡ ᠪᠠᠭ᠎ᠠ᠂ ᠥᠶ᠎ᠠ ᠵᠡᠷᠭᠡ ᠶᠢᠨ ᠲᠠᠷᠠᠭᠠᠯᠠᠯ ᠢᠶᠠᠷ ᠴᠥᠮ ᠴᠤᠮᠴᠦ᠋ᠢᠵᠤ ᠰᠠᠭᠤᠳᠠᠬ᠃ ᠡᠮᠡᠭᠳᠡᠢ ᠬᠥᠮᠤᠨ ᠵᠠᠪᠢᠯᠠᠵᠤ ᠰᠠᠭᠤᠬᠤ ᠶᠢ ᠶᠤᠰᠤ ᠮᠤᠷᠠᠯ ᠦᠭᠡᠢ ᠰᠠᠭᠤᠳᠠᠯ ᠭᠡᠵᠤ ᠤᠨᠴᠠ ᠴᠡᠭᠡᠷᠯᠡᠳᠡᠭ᠃ ᠭᠡᠤᠭᠡᠳ ᠠᠶᠢᠯ ᠳᠤ ᠤᠴᠢᠪᠠᠯ ᠲᠤᠯᠭ᠎ᠠ ᠲᠤᠭᠤᠭ᠎ᠠ ᠶᠢᠨ ᠪᠠᠷᠠᠭᠤᠨ ᠡᠮᠤᠨᠡᠬᠦᠷ ᠴᠤᠮᠴᠦ᠋ᠢᠵᠤ ᠰᠠᠭᠤᠳᠠᠬ᠃      ᠮᠤᠩᠭᠤᠯᠴᠤᠳ ᠴᠤᠮᠴᠦ᠋ᠢᠵᠤ ᠰᠠᠭᠤᠬᠤ ᠶᠢ ᠨᠢᠭᠡᠨ ᠴᠡᠪᠡᠷ ᠰᠠᠶᠢᠬᠠᠨ ᠪᠤᠷᠤᠭᠵᠢᠭᠤᠨ ᠪᠤᠯᠪᠠᠰᠤᠨ ᠲᠥᠪ ᠰᠠᠭᠤᠳᠠᠯ ᠭᠡᠵᠤ ᠲᠠᠭᠠᠰᠢᠶᠠᠬᠤ ᠪᠠᠷ ᠥᠯᠥ ᠪᠠᠷᠠᠮ ᠪᠡᠶ᠎ᠠ ᠮᠠᠬᠠᠪᠤᠳ ᠤᠨ ᠥᠰᠤᠯᠳᠠ ᠪᠤᠶᠢᠵᠢᠯᠳᠠ᠂ ᠡᠷᠡᠬᠦᠯ ᠴᠢᠬᠢᠷᠠᠬ ᠲᠤ ᠠᠰᠢᠬ ᠲᠠᠢ ᠭᠡᠵᠤ ᠬᠤᠶᠢᠴᠢ ᠥᠶ᠎ᠠ ᠪᠠᠨ ᠰᠤᠷᠭᠠᠳᠠᠬ᠃ ᠴᠤᠮᠴᠦ᠋ᠢᠵᠤ ᠰᠠᠭᠤᠬᠤ ᠨᠢ ᠴᠠᠢ ᠬᠤᠭᠤᠯᠠ ᠢᠳᠡᠵᠤ ᠤᠤᠭᠤᠬᠤ ᠳᠤ ᠭᠡᠪᠡᠯᠢ  ᠶᠢᠨ ᠭᠡᠰᠡᠭ ᠢ ᠰᠢᠬᠠᠵᠤ ᠨᠥᠯᠥᠭᠡᠯᠡᠬᠦ ᠦᠭᠡᠢ᠂ ᠥᠰᠪᠤᠷᠢ ᠨᠠᠰᠤᠨ ᠤ ᠭᠡᠤᠭᠡᠳ ᠪᠠᠭᠠᠴᠤᠳ ᠤᠨ ᠨᠢᠷᠤᠭᠤ ᠬᠥᠯ ᠢ ᠨᠢ ᠠᠰᠬᠠᠨ ᠲᠡᠭᠰᠢ᠂ ᠴᠡᠭᠡᠵᠢᠨ ᠪᠠᠶ᠎ᠠ ᠶᠢ ᠨᠢ ᠥᠷᠭᠡᠨ ᠲᠡᠨᠢᠬᠦᠨ ᠪᠤᠯᠭᠠᠵᠤ᠂ ᠪᠠᠶ᠎ᠠ ᠶᠢᠨ ᠡᠯ᠎ᠠ ᠡᠷᠭᠡᠳᠡᠨ ᠤ ᠥᠰᠴᠤ ᠪᠤᠶᠢᠵᠢᠬᠤ ᠳᠤ ᠠᠰᠢᠬᠳᠠᠢ ᠰᠠᠭᠤᠳᠠᠯ ᠭᠡᠵᠤ ᠭᠡᠯᠡᠳᠡᠭ᠃ ᠡᠶᠢᠮᠤ ᠤᠴᠢᠷ ᠠᠴᠠ ᠭᠡᠤᠭᠡᠳ ᠪᠠᠭᠠᠴᠤᠳ ᠢ ᠬᠥᠢᠰᠤ ᠴᠢᠨᠠᠷ ᠢᠯᠭᠠᠬᠤ ᠦᠭᠡᠢ ᠴᠤᠮᠴᠦ᠋ᠢᠵᠤ ᠰᠠᠭᠤᠯᠭᠠᠳᠠᠬ ᠵᠠᠩᠰᠢᠯ ᠲᠠᠢ ᠪᠠᠶᠢᠳᠠᠬ ᠶᠤᠮ᠃      ᠮᠤᠩᠭᠤᠯᠴᠤᠳ ᠭᠡᠷ ᠲᠤ ᠰᠠᠨᠳᠠᠶᠢᠯᠠᠵᠤ ᠰᠠᠭᠤᠳᠠᠬ ᠦᠭᠡᠢ᠂ ᠬᠠᠷᠢᠨ ᠭᠠᠳᠠᠭ᠎ᠠ ᠬᠥᠳᠡᠭᠡ᠂ ᠢᠯᠠᠩᠭᠤᠶ᠎ᠠ ᠭᠡᠭᠡᠷ᠎ᠠ ᠬᠥᠳᠡᠭᠡ ᠮᠠᠯ ᠬᠠᠷᠢᠭᠤᠯᠵᠤ ᠶᠠᠪᠤᠭ᠎ᠠ ᠬᠥᠮᠤᠨ ᠬᠠᠷᠢᠯᠴᠠᠨ ᠠᠭᠤᠯᠵᠠᠬᠤ ᠪᠤᠶᠤ ᠲᠥᠷ ᠠᠮᠷᠠᠵᠤ ᠰᠠᠭᠤᠬᠤ ᠳᠠᠭᠠᠨ ᠠᠭᠤᠯᠠ ᠬᠠᠳᠠᠷᠭᠠᠠ ᠭᠠᠵᠠᠷ ᠪᠤᠯ ᠴᠢᠯᠠᠭᠤᠨ ᠲᠡᠭᠡᠷ᠎ᠠ ᠲᠡᠪᠠᠯ ᠲᠡᠷᠯᠢᠭ ᠤᠨ ᠠᠷᠤ ᠬᠤᠷᠮᠤᠢ ᠪᠠᠨ ᠲᠡᠪᠢᠰᠤᠭᠡᠳ ᠲᠥᠷ ᠬᠤᠭᠤᠴᠠᠭ᠎ᠠ ᠰᠠᠨᠳᠠᠶᠢᠯᠠᠵᠤ ᠰᠠᠭᠤᠳᠠᠬ᠂ ᠬᠠᠳᠠᠪᠴᠢ ᠡᠬᠦᠳᠡᠨ ᠲᠡᠭᠡᠷ᠎ᠠ ᠰᠠᠨᠳᠠᠶᠢᠯᠠᠵᠤ ᠰᠠᠭᠤᠬᠤ ᠶᠢ ᠤᠨᠴᠠ ᠴᠡᠭᠡᠷᠯᠡᠵᠤ ᠪᠡᠯᠭᠡ ᠲᠡᠮᠪᠠᠷᠢᠯ ᠦᠭᠡᠢ ᠮᠠᠭᠤ  ᠢᠷᠸ᠎ᠠ ᠶᠢᠨ ᠰᠠᠭᠤᠳᠠᠯ ᠭᠡᠵᠤ ᠵᠢᠭᠰᠢᠳᠡᠭ ᠶᠤᠮ᠃      ᠵᠠᠯᠠᠭᠤᠴᠤᠳ ᠪᠠᠭᠠᠴᠤᠳ ᠤᠨᠴᠠ ᠪᠠᠶᠢᠳᠠᠯ ᠢ ᠭᠠᠷᠭᠠᠪᠠᠯ ᠠᠬᠠᠮᠠᠳ ᠲᠤᠮᠤᠭᠠᠳᠠᠳ ᠤᠨ ᠬᠠᠵᠠᠭᠤ ᠳᠤ ᠬᠥᠯ ᠢᠶᠠᠨ ᠵᠢᠬᠢᠵᠤ ᠰᠠᠭᠤᠬᠤ ᠶᠢ ᠪᠤᠯᠪᠠᠰᠤᠨ ᠪᠤᠰᠤ ᠰᠠᠭᠤᠳᠠᠯ ᠭᠡᠵᠤ ᠴᠡᠭᠡᠷᠯᠡᠳᠡᠭ᠃ ᠢᠯᠠᠩᠭᠤᠶ᠎ᠠ ᠭᠡᠶᠢᠴᠢᠨ ᠵᠤᠴᠢᠨ ᠤ ᠬᠠᠵᠠᠭᠤ ᠳᠤ ᠬᠥᠯ ᠢᠶᠠᠨ ᠵᠢᠬᠢᠵᠤ ᠰᠠᠭᠤᠬᠤ ᠶᠢ ᠮᠤᠷᠠᠯ ᠶᠤᠰᠤᠨ ᠳᠤ ᠬᠤᠯᠪᠤᠭᠳᠠᠭᠰᠠᠨ ᠶᠡᠭᠡ ᠤᠴᠢᠷ ᠢᠶᠠᠷ ᠴᠡᠭᠡᠷᠯᠡᠬᠦᠯᠳᠡᠭ᠃ ᠨᠠᠰᠤᠳᠠᠢ ᠲᠤᠮᠤᠭᠠᠳᠠᠳ ᠭᠡᠶᠢᠴᠢᠨ ᠵᠤᠴᠢᠨ ᠤ ᠬᠠᠵᠠᠭᠤ ᠳᠤ ᠬᠥᠯ ᠢᠶᠠᠨ ᠵᠢᠬᠢᠬᠦ ᠴᠢᠬᠤᠯᠠ ᠲᠠᠢ ᠪᠤᠯᠪᠠᠯ ᠤᠷᠢᠳᠠᠪᠡᠷ ᠲᠠᠶᠢᠯᠪᠤᠷᠢᠯᠠᠵᠤ ᠲᠠᠷᠠᠭ᠎ᠠ ᠨᠢ ᠬᠥᠯ ᠢᠶᠠᠨ ᠭᠠᠷᠭᠠᠨ ᠵᠢᠬᠢᠵᠤ ᠰᠠᠭᠤᠳᠠᠬ ᠰᠠᠶᠢᠬᠠᠨ ᠵᠠᠩᠰᠢᠯ ᠲᠠᠢ᠃      ᠭᠡᠤᠭᠡᠳ ᠪᠠᠭᠠᠴᠤᠳ ᠲᠤᠮᠤᠭᠠᠳᠠᠳ ᠤᠨ ᠵᠠᠬ᠎ᠠ ᠳᠤ ᠡᠷᠡᠤ ᠰᠢᠨᠠ ᠪᠠᠨ ᠲᠥᠰᠢᠵᠤ ᠭᠡᠪᠡᠬᠡᠶᠢᠯᠡᠵᠤ ᠰᠠᠭᠤᠭᠠᠳ ᠶᠡᠭᠡ ᠬᠥᠮᠤᠰ ᠤᠨ ᠭᠡᠯᠡᠯᠴᠡᠭᠡ ᠶᠠᠷᠢᠶ᠎ᠠ ᠶᠢ ᠰᠤᠨᠤᠰᠬᠤ ᠶᠢ ᠴᠡᠭᠡᠷᠯᠡᠳᠡᠭ᠃      ᠡᠪᠤᠳᠥᠭ ᠢᠶᠠᠨ ᠲᠠᠪᠠᠷᠢᠵᠤ ᠰᠠᠭᠤᠬᠤ ᠶᠢ ᠮᠠᠭᠤ ᠢᠷᠸ᠎ᠠ ᠶᠢᠨ ᠮᠤᠷᠠᠯ ᠦᠭᠡᠢ ᠰᠠᠭᠤᠳᠠᠯ ᠭᠡᠵᠤ ᠴᠢᠩᠭ᠎ᠠ ᠴᠡᠭᠡᠷᠯᠡᠬᠦᠯᠤᠨ ᠴᠠᠭᠠᠵᠠᠯᠠᠳᠠᠬ᠃      ᠶᠠᠮᠠᠷ ᠨᠢᠭᠡᠨ ᠤᠷᠴᠢᠨ ᠠᠬᠤᠢ ᠪᠠᠶᠢᠳᠠᠯ ᠲᠤᠤᠷ᠎ᠠ ᠭᠡᠰᠡᠨ ᠴᠤ ᠶᠠᠪᠠᠭᠠᠨ ᠪᠠ ᠰᠥᠬᠦᠳᠴᠤ ᠰᠠᠭᠤᠬᠤ ᠶᠢ ᠤᠨᠴᠠ ᠴᠡᠭᠡᠷᠯᠡᠳᠡᠭ᠃ ᠶᠠᠪᠠᠭᠠᠨ ᠰᠠᠭᠤᠬᠤ ᠶᠢ ᠵᠢᠷᠤᠮ ᠮᠤᠷᠠᠯ ᠦᠭᠡᠢ ᠮᠠᠭᠤ  ᠢᠷᠸ᠎ᠠ ᠶᠢᠨ ᠰᠠᠭᠤᠳᠠᠯ ᠭᠡᠵᠤ ᠬᠤᠷᠢᠭᠯᠠᠳᠠᠬ᠃ ᠰᠥᠬᠦᠳᠴᠤ ᠰᠠᠭᠤᠬᠤ ᠶᠢ ᠪᠤᠯ ᠶᠠᠯ᠎ᠠ ᠲᠠᠮᠤ ᠪᠠᠨ ᠬᠥᠯᠢᠶᠡᠬᠦ ᠭᠡᠵᠤ ᠪᠠᠶᠢᠭ᠎ᠠ ᠰᠢᠨᠵᠢ ᠭᠡᠯᠪᠡᠷᠢ ᠲᠠᠢ ᠰᠠᠭᠤᠳᠠᠯ ᠭᠡᠵᠤ ᠴᠡᠭᠡᠷᠯᠡᠳᠡᠭ ᠶᠤᠮ᠃ ᠡᠳᠡᠭᠡᠷ ᠠᠴᠠ ᠭᠠᠳᠠᠨ᠎ᠠ ᠪᠠᠰᠠ ᠤᠷᠭᠤᠭ᠎ᠠ ᠨᠦᠢᠳᠠᠨ ᠮᠤᠳᠤ ᠡᠪᠡᠰᠤ᠂ ᠰᠢᠳᠤᠯᠭᠡ ᠲᠠᠢ ᠬᠠᠶᠢᠷᠬᠠᠨ ᠤᠪᠤᠭ᠎ᠠ ᠶᠢᠨ ᠴᠢᠯᠠᠭᠤ ᠮᠤᠳᠤᠨ ᠲᠡᠭᠡᠷ᠎ᠠ ᠰᠠᠭᠤᠬᠤ ᠶᠢ ᠥᠷᠬᠦᠯᠵᠢ ᠴᠡᠭᠡᠷᠯᠡᠬᠦᠯᠤᠨ ᠡᠪᠡᠳᠴᠢᠨ ᠲᠠᠬᠤᠯ ᠳᠤ ᠨᠡᠷᠪᠡᠭᠳᠡᠨ᠎ᠠ᠂ ᠠᠭᠤᠯᠠ ᠬᠠᠶᠢᠷᠬᠠᠨ ᠡᠪᠡᠰᠤ ᠤᠷᠭᠤᠮᠠᠯ ᠢ ᠪᠤᠵᠠᠷᠳᠤᠭᠤᠯᠤᠨ᠎ᠠ ᠭᠡᠰᠡᠨ ᠤᠳᠬ᠎ᠠ ᠠᠭᠤᠯᠭ᠎ᠠ ᠲᠠᠢ ᠥᠭᠡ ᠪᠠᠷ ᠲᠠᠶᠢᠯᠪᠤᠷᠢᠯᠠᠵᠤ ᠂ ᠮᠠᠯ ᠠᠵᠤ ᠠᠬᠤᠢ ᠶᠢᠨ ᠤᠢᠢᠯᠡᠳᠪᠤᠷᠢᠯᠠᠯ ᠤᠨ ᠡᠬᠢ ᠪᠠᠶᠠᠯᠢᠬ ᠪᠤᠯᠬᠤ ᠡᠪᠡᠰᠤ ᠤᠷᠭᠤᠮᠠᠯ ᠪᠠ ᠡᠭᠡ ᠪᠠᠶᠢᠭᠠᠯᠢ ᠪᠠᠨ ᠬᠢᠮᠠᠭᠠᠳᠠᠨ ᠬᠠᠶᠢᠷᠠᠯᠠᠭᠰᠠᠨ ᠰᠡᠳᠬᠢᠯᠭᠡ ᠶᠢ ᠢᠯᠡᠳᠭᠡᠵᠤ ᠪᠠᠶᠢᠳᠠᠬ ᠶᠤᠮ᠃      ᠮᠤᠩᠭᠤᠯᠴᠤᠳ ᠤᠨ ᠰᠠᠭᠤᠬᠤ ᠵᠠᠩᠰᠢᠯ ᠢ ᠨᠠᠷᠢᠨ ᠠᠵᠢᠭᠯᠠᠵᠤ ᠥᠵᠡᠪᠡᠯ ᠲᠡᠷᠡ ᠨᠢ ᠠᠮᠢᠳᠤᠷᠠᠯ ᠤᠨ ᠲᠤᠮᠳᠠᠬᠢ ᠬᠥᠳᠡᠯᠤᠯ ᠪᠠᠶᠢᠳᠠᠯ ᠲᠡᠳᠤᠢ ᠪᠤᠯᠪᠠᠴᠤ ᠲᠡᠬᠦᠨ ᠳᠤ ᠪᠤᠷᠤᠭᠵᠢᠭᠤᠨ ᠪᠤᠯᠪᠠᠰᠤᠨ ᠶᠤᠰᠤ ᠮᠤᠷᠠᠯ ᠬᠥᠨᠵᠡᠭᠡᠢ ᠨᠡᠪᠴᠢᠵᠤ ᠪᠠᠶᠢᠳᠠᠬ ᠶᠤᠮ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号