| | ᠴᠤᠭᠪᠤᠶᠠᠨ | ᠵᠤᠭᠢᠶᠠᠭᠴᠢ ᠶᠢᠨ ᠲᠠᠨᠢᠯᠴᠠᠭᠤᠯᠭ᠎ᠠ᠄ ᠴᠤᠭᠪᠤᠶᠠᠨ ︵ᠠᠨᠢᠷᠴᠢ︶᠂ ᠦᠪᠦᠷ ᠮᠤᠩᠭᠤᠯ ᠤᠨ ᠠᠯᠠᠱᠠ | ᠪᠠᠷᠠᠭᠤᠨ ᠬᠤᠰᠢᠭᠤᠨ ᠤ ᠨᠠᠮ ᠤᠨ ᠰᠤᠷᠭᠠᠭᠤᠯᠢ ᠶᠢᠨ ᠲᠡᠳ᠋ ᠫᠷᠤᠹᠧᠰᠰᠤᠷ᠂ ᠤᠷᠤᠨ ᠤ ᠲᠡᠰ ᠤᠨ ᠪᠤᠳᠠᠰ ᠤᠨ ᠪᠤᠰᠤ | ᠰᠤᠶᠤᠯ ᠤᠨ ᠦᠪ — ᠱᠠᠭ᠎ᠠ ᠶᠢᠨ ᠰᠤᠶᠤᠯ ᠤᠨ ᠦᠪᠯᠡᠨ ᠤᠯᠠᠮᠵᠢᠯᠠᠭᠴᠢ᠂ ᠦᠪᠦᠷ ᠮᠤᠩᠭᠤᠯ ᠤᠨ ᠵᠠᠩ | ᠠᠭᠠᠯᠢ ᠶᠢᠨ ᠨᠡᠶᠢᠭᠡᠮᠯᠢᠭ ᠤᠨ ᠪᠠᠶᠢᠩᠭᠤ ᠶᠢᠨ ᠬᠡᠷᠡᠭ ᠮᠡᠳᠡᠭᠴᠢ᠂ ᠠᠯᠠᠱᠠ ᠠᠶᠢᠮᠠᠭ ᠤᠨ ᠣᠯᠣᠰ ᠲᠦᠷᠦ ᠶᠢᠨ | ᠵᠦᠪᠯᠡᠯᠭᠡᠨ ᠤ ᠤᠨᠴᠠ ᠤᠷᠢᠭᠰᠠᠨ ᠬᠡᠰᠢᠬᠦᠨ᠂ ᠠᠯᠠᠱᠠ ᠪᠠᠷᠠᠭᠤᠨ ᠬᠤᠰᠢᠭᠤᠨ ᠤ ᠱᠠᠭ᠎ᠠ ᠶᠢᠨ ᠰᠤᠶᠤᠯ ᠤᠨ | ᠨᠡᠶᠢᠭᠡᠮᠯᠢᠭ ᠤᠨ ᠲᠠᠷᠤᠭ᠎ᠠ ᠵᠡᠷᠭᠡ ᠡᠭᠦᠷᠭᠡ ᠬᠠᠷᠢᠭᠤᠴᠠᠯᠭ᠎ᠠ ᠲᠠᠢ᠃ 1962 ᠤᠨ ᠳᠤ ᠠᠯᠠᠱᠠ ᠪᠠᠷᠠᠭᠤᠨ | ᠬᠤᠰᠢᠭᠤᠨ ᠤ ᠤᠤᠯ ᠤᠨ ᠲᠠᠩᠰᠤᠭᠪᠤᠯᠠᠭ ᠮᠠᠯᠵᠢᠬᠤ ᠲᠠᠯᠠᠪᠠᠢ ᠶᠢᠨ ᠡᠯᠲᠡᠮᠵᠢ ᠶᠢᠨ ᠭᠤᠤᠯ ᠭᠡᠮᠡᠭᠦ ᠨᠤᠲᠤᠭ ᠲᠤ | ᠲᠦᠷᠦᠵᠡᠢ᠃ 1983 ᠤᠨ ᠳᠤ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ | ᠳᠤᠮᠳᠠᠳᠤ ᠰᠤᠷᠭᠠᠭᠤᠯᠢ ᠠᠴᠠ ᠲᠡᠭᠦᠰᠴᠤ᠂ 1987 ᠤᠨ ᠳᠤ᠂ ᠦᠪᠦᠷ ᠮᠤᠩᠭᠤᠯ ᠤᠨ ᠪᠠᠭᠰᠢ ᠶᠢᠨ ᠶᠡᠭᠡ | ᠰᠤᠷᠭᠠᠭᠤᠯᠢ ᠶᠢᠨ ᠤᠯᠤᠰ ᠳᠦᠷᠦ ᠰᠤᠷᠭᠠᠨ ᠬᠦᠮᠦᠵᠢᠯ ᠤᠨ ᠰᠠᠯᠪᠤᠷᠢ ᠶᠢᠨ ᠪᠦᠷᠢᠨ ᠮᠡᠷᠭᠡᠵᠢᠯ ᠤᠨ ᠠᠩᠭᠢ ᠠᠴᠠ | ᠭᠦᠨ ᠤᠬᠠᠭᠠᠨ ᠤ ᠡᠷᠲᠡᠮ ᠤᠨ ᠴᠤᠯᠠ ᠬᠠᠮᠠᠭᠠᠯᠠᠨ ᠲᠡᠭᠦᠰᠴᠦ᠂ ᠠᠯᠠᠱᠠ ᠠᠶᠢᠮᠠᠭ ᠤᠨ ᠪᠠᠭᠰᠢ ᠶᠢᠨ | ᠰᠤᠷᠭᠠᠭᠤᠯᠢ ᠳᠤ ᠠᠵᠢᠯ ᠤᠨ ᠬᠤᠪᠢᠶᠠᠷᠢ ᠠᠪᠴᠦ ᠪᠠᠭᠰᠢᠯᠠᠵᠡᠢ᠃ | 1989 ᠤᠨ ᠠᠴᠠ ᠡᠭᠢᠯᠡᠨ ᠠᠯᠠᠱᠠ ᠪᠠᠷᠠᠭᠤᠨ ᠬᠤᠰᠢᠭᠤᠨ ᠤ ᠨᠠᠮ ᠤᠨ ᠬᠤᠷᠢᠶᠠᠨ ᠤ | ᠤᠬᠠᠭᠤᠯᠬᠤ ᠬᠡᠯᠳᠡᠰ ᠤᠨ ᠲᠡᠳ᠋ ᠳᠠᠷᠤᠭ᠎ᠠ᠂ ᠨᠠᠮ ᠤᠨ ᠬᠤᠷᠢᠶᠠᠨ ᠤ ᠠᠯᠪᠠᠨ ᠭᠡᠷ ᠤᠨ ᠲᠡᠳ᠋ ᠡᠷᠭᠢᠯᠡᠭᠴᠢ᠂ ᠰᠤᠷᠭᠠᠨ | ᠬᠦᠮᠦᠵᠢᠯ ᠪᠡᠶ᠎ᠡ ᠲᠡᠮᠢᠷ ᠤᠨ ᠲᠤᠪᠴᠢᠶ᠎ᠠ ᠶᠢᠨ ᠲᠡᠳ᠋ ᠳᠠᠷᠤᠭ᠎ᠠ᠂ ᠮᠤᠩᠭᠤᠯ ᠲᠤᠮᠳᠠᠳᠤ ᠰᠤᠷᠭᠠᠭᠤᠯᠢ ᠶᠢᠨ ᠵᠠᠭᠢᠷᠤᠯ᠂ | ᠨᠠᠮ ᠤᠨ ᠰᠤᠷᠭᠠᠭᠤᠯᠢ ᠶᠢᠨ ᠱᠦᠵᠢ ᠵᠡᠷᠭᠡ ᠡᠭᠦᠷᠭᠡ ᠲᠤᠰᠢᠶᠠᠯ ᠢ ᠤᠷᠢᠳ ᠬᠤᠵᠢᠳ ᠬᠠᠷᠢᠭᠤᠴᠠᠵᠡᠢ᠃ ᠮᠥᠨ | ᠲᠦᠪ ᠤᠨ ᠨᠠᠮ ᠤᠨ ᠰᠤᠷᠭᠠᠭᠤᠯᠢ᠂ ᠴᠢᠩᠬᠤᠸᠠ ᠶᠡᠭᠡ ᠰᠤᠷᠭᠠᠭᠤᠯᠢ᠂ ᠦᠪᠦᠷ ᠮᠤᠩᠭᠤᠯ ᠤᠨ ᠨᠠᠮ ᠤᠨ ᠰᠤᠷᠭᠠᠭᠤᠯᠢ | ᠂ ᠭᠠᠨᠰᠤ ᠮᠤᠵᠢ ᠶᠢᠨ ᠨᠠᠮ ᠤᠨ ᠰᠤᠷᠭᠠᠭᠤᠯᠢ ᠵᠡᠷᠭᠡ ᠳᠤ ᠰᠤᠷᠤᠯᠴᠠᠨ ᠮᠡᠷᠭᠡᠵᠢᠯ ᠲᠡᠭᠡᠭᠰᠢᠯᠡᠭᠦᠯᠵᠡᠢ᠃ 40 ᠭᠠᠷᠤᠢ | ᠡᠷᠳᠡᠮ ᠰᠢᠨᠵᠢᠯᠡᠭᠡᠨ ᠤ ᠦᠬᠦᠯᠡᠯ ᠢᠶᠠᠨ ᠤᠯᠤᠰ᠂ ᠣᠷᠣᠨ ᠪᠤᠯᠤᠨ ᠠᠶᠢᠮᠠᠭ ᠤᠨ ᠰᠤᠨᠢᠨ ᠰᠡᠳᠬᠦᠯ ᠵᠢᠴᠢ ᠰᠤᠳᠤᠷ | ᠪᠢᠴᠢᠭ ᠲᠤ ᠨᠡᠶᠢᠳᠡᠯᠡᠬᠦᠯᠵᠦ ᠵᠠᠷᠢᠮ ᠨᠢ ᠱᠠᠩᠨᠠᠯ ᠲᠤᠰᠴᠡᠢ᠃ ︽ᠨᠤᠮ ᠤᠨ ᠦᠬᠡ︾᠂ ︽ᠭᠤᠪᠢ ᠶᠢᠨ ᠲᠡᠭᠷᠢ | ᠮᠠᠭᠤᠬᠠᠶᠢᠷᠠᠯᠠ︾᠂ ︽ᠡᠵᠢ ᠶᠢᠨ ᠲᠤᠷᠠᠳᠬᠠᠯ︾᠂ ︽ᠮᠦᠷ ᠲᠠᠮᠠᠭ᠎ᠠ ᠲᠠᠢ ᠭᠤᠪᠢ︾ ᠵᠡᠷᠭᠡ ᠰᠢᠯᠦᠭ᠂ ᠦᠬᠦᠯᠡᠯᠭᠡ | ᠨᠠᠶᠢᠷᠠᠭᠤᠯᠤᠯ ᠤᠨ ᠪᠦᠲᠦᠭᠡᠯ ᠲᠠᠢ᠃ ︽ᠱᠠᠭ᠎ᠠ ᠶᠢᠨ ᠰᠤᠶᠤᠯ ᠤᠷᠠᠯᠢᠭ ᠤᠨ ᠨᠤᠳᠤᠭ — ᠠᠯᠠᠱᠠ ᠪᠠᠷᠠᠭᠤᠨ | ᠬᠤᠰᠢᠭᠤ︾ ︵ᠵᠢᠷᠤᠭᠲᠤ ᠲᠤᠪᠭᠢᠮᠠᠯ︶ ᠪᠤᠯᠤᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ | ᠰᠤᠳᠤᠯᠤᠯ︾ ᠵᠡᠷᠭᠡ ᠨᠤᠮ ᠪᠢᠴᠢᠭ ᠢ ᠨᠠᠶᠢᠷᠠᠭᠤᠯᠤᠨ ᠭᠡᠪᠯᠡᠭᠦᠯᠪᠡ᠃ 2005 ᠣᠨ ᠠᠴᠠ ᠡᠬᠢᠯᠡᠨ ᠠᠯᠠᠱᠠ ᠶᠢᠨ | ᠱᠠᠭ᠎ᠠ ᠶᠢᠨ ᠰᠤᠶᠤᠯ ᠢ ᠠᠪᠤᠷᠠᠨ ᠰᠡᠷᠭᠦᠭᠡᠭᠦ ᠠᠵᠢᠯᠯᠠᠭ᠎ᠠ ᠶᠢ ᠦᠷᠨᠢᠭᠦᠯᠵᠤ᠂ ᠠᠯᠠᠱᠠ ᠪᠠᠷᠠᠭᠤᠨ ᠬᠤᠰᠢᠭᠤᠨ ᠤ | ᠮᠤᠩᠭᠤᠯ ᠦᠨᠳᠦᠰᠦᠲᠡᠨ ᠤ ᠱᠠᠭ᠎ᠠ ᠶᠢᠨ ᠰᠤᠶᠤᠯ ᠤᠨ ᠨᠡᠶᠢᠭᠡᠮᠯᠢᠭ ᠢ ᠡᠭᠦᠰᠭᠡᠨ ᠪᠠᠶᠢᠭᠤᠯᠵᠡᠢ᠃ 2006 ᠤᠨ ᠠᠴᠠ | ᠡᠭᠢᠯᠡᠨ ᠠᠯᠠᠱᠠ ᠪᠠᠷᠠᠭᠤᠨ ᠬᠤᠰᠢᠭᠤᠨ ᠤ ᠠᠩᠬᠠᠳᠤᠭᠠᠷ ᠤᠳᠠᠭᠠᠨ ᠤ ᠱᠠᠭ᠎ᠠ ᠨᠠᠭᠠᠳᠤᠮ᠂ ᠠᠯᠠᠱᠠ ᠠᠶᠢᠮᠠᠭ ᠤᠨ | ᠠᠩᠬᠠᠳᠤᠭᠠᠷ ᠤᠳᠠᠭᠠᠨ ᠤ ᠱᠠᠭ᠎ᠠ ᠨᠠᠭᠠᠳᠤᠮ᠂ ᠠᠯᠠᠱᠠ ᠠᠶᠢᠮᠠᠭ ᠤᠨ ᠠᠩᠬᠠᠳᠤᠭᠠᠷ ᠤᠳᠠᠭᠠᠨ ᠤ ᠮᠢᠩᠭᠠᠨ | ᠭᠦᠮᠦᠨ ᠤ ᠱᠠᠭ᠎ᠠ ᠶᠢᠨ ᠰᠤᠶᠤᠯ ᠤᠷᠠᠯᠢᠭ ᠤᠨ ᠨᠠᠶᠢᠷ᠂ ᠨᠠᠢᠮᠠᠨ ᠮᠤᠵᠢ ᠤᠷᠤᠨ ᠤ ᠠᠩᠬᠠᠳᠤᠭᠠᠷ ᠤᠳᠠᠭᠠᠨ ᠤ ︽ | ᠡᠷᠡᠭᠡᠢ ᠮᠡᠷᠭᠡᠨ︾ ᠱᠠᠭ᠎ᠠ ᠨᠠᠭᠠᠳᠤᠮ ᠵᠢᠴᠢ ᠱᠠᠭ᠎ᠠ ᠶᠢᠨ ᠰᠤᠶᠤᠯ ᠤᠨ ᠡᠷᠲᠡᠮ ᠰᠢᠨᠵᠢᠯᠡᠭᠡᠨ ᠤ ᠰᠤᠳᠤᠯᠭᠠᠨ ᠤ ᠬᠤᠷᠠᠯ | ᠂ ᠱᠠᠭ᠎ᠠ ᠶᠢᠨ ᠰᠤᠶᠤᠯ ᠤᠨ ᠤᠯᠠᠨ ᠤᠯᠤᠰ ᠤᠨ ᠡᠷᠲᠡᠮ ᠰᠢᠨᠵᠢᠯᠡᠭᠡᠨ ᠤ ᠰᠤᠳᠤᠯᠭᠠᠨ ᠤ ᠬᠤᠷᠠᠯ ᠵᠡᠷᠭᠡ ᠶᠢ | ᠰᠠᠨᠠᠭᠠᠴᠢᠯᠠᠨ ᠡᠭᠦᠰᠭᠡᠨ ᠵᠤᠭᠢᠶᠠᠨ ᠪᠠᠶᠢᠭᠤᠯᠪᠠ᠃ 2015 ᠤᠨ ᠳᠤ᠂ ᠱᠧᠨᠵᠢᠡ ᠶᠡᠭᠡ ᠰᠤᠷᠭᠠᠭᠤᠯᠢ ᠲᠠᠢ | ᠬᠠᠮᠳᠤᠷᠠᠨ ᠱᠠᠭ᠎ᠠ ᠲᠤᠭᠯᠠᠭᠠᠮ ᠢ ︽ᠲᠤᠮᠳᠠᠳᠤ ᠤᠯᠤᠰ ᠤᠨ ᠲᠠᠮᠢᠷ ᠤᠨ ᠪᠤᠳᠠᠰ ᠤᠨ ᠪᠤᠰᠤ ᠰᠤᠶᠤᠯ ᠤᠨ | ᠬᠠᠮᠠᠭᠠᠯᠠᠯᠳᠠ ᠶᠢᠨ ᠦᠪ ᠤᠨ ᠡᠭᠢ ᠰᠤᠷᠪᠤᠯᠵᠢ ᠶᠢᠨ ᠳ᠋ᠠᠶᠢᠲ᠋ᠠ ᠭᠦᠮᠦᠷᠭᠡ︾ ᠳᠤ ᠤᠷᠤᠭᠤᠯᠬᠤ ᠰᠤᠳᠤᠯᠭᠠᠨ ᠤ | ᠰᠡᠳᠦᠪ ᠢ ᠪᠡᠶᠡᠯᠡᠭᠦᠯᠪᠡ᠃ ᠦᠢᠷ᠎ᠡ ᠶᠢᠨ ᠵᠢᠯ ᠠᠴᠠ ᠲᠤᠪᠰᠢᠭᠤᠷ᠂ ᠵᠠᠩᠭᠠᠷ᠂ ᠶᠠᠲᠤᠭ᠎ᠠ ᠵᠡᠷᠭᠡ ᠮᠤᠩᠭᠤᠯ | ᠦᠨᠲᠦᠰᠦᠲᠡᠨ ᠤ ᠢᠵᠠᠭᠤᠷ ᠰᠤᠶᠤᠯ ᠤᠷᠠᠯᠢᠭ ᠢ ᠰᠡᠷᠭᠦᠭᠡᠨ ᠤᠯᠠᠮᠵᠢᠯᠠᠬᠤ ᠠᠵᠢᠯ ᠢ ᠭᠠᠷᠳᠠᠨ ᠭᠢᠵᠡᠢ᠃ | ᠶᠠᠮᠠᠷᠪᠠ ᠦᠨᠲᠦᠰᠦᠲᠡᠨ ᠶᠠᠰᠤᠳᠠᠨ ᠴᠦᠮ ᠦᠷ᠎ᠡ ᠬᠤᠶᠢᠴᠢᠰ ᠢᠶᠠᠨ ᠦᠰᠭᠡᠨ ᠭᠦᠮᠦᠵᠢᠭᠦᠯᠵᠦ | ᠤᠳᠤᠮ ᠤᠭᠰᠠᠭ᠎ᠠ ᠵᠠᠯᠭᠠᠮᠵᠢᠯᠠᠵᠤ ᠤᠷᠤᠰᠢᠨ ᠠᠮᠢᠲᠤᠷᠠᠳᠠᠭ ᠨᠢ ᠲᠦᠭᠡᠮᠡᠯ ᠵᠢᠮ᠎ᠡ ᠶᠤᠰᠤ ᠶᠤᠮ᠃ ᠭᠡᠭᠦ ᠳᠡᠭᠡᠨ | ᠦᠷ᠎ᠡ ᠬᠤᠶᠢᠴᠢᠰ ᠢᠶᠠᠨ ᠭᠦᠮᠦᠵᠢᠭᠦᠯᠵᠦ ᠰᠤᠷᠭᠠᠬᠤ ᠠᠷᠭ᠎ᠠ ᠪᠠᠷᠢᠯ᠂ ᠰᠦᠪᠡᠭᠴᠢ ᠰᠢᠵᠢᠮ ᠨᠢ ᠢᠯᠭᠠᠪᠤᠷᠢ ᠲᠠᠢ | ᠪᠠᠶᠢᠵᠤ᠂ ᠦᠪᠡᠷ ᠦᠪᠡᠷ ᠤᠨ ᠭᠢᠨᠢ ᠤᠨᠴᠠᠯᠢᠭ ᠰᠢᠨᠵᠢ ᠲᠠᠢ ᠪᠠᠶᠢᠳᠠᠭ ᠢᠶᠠᠷ ᠢᠶᠠᠨ ᠦᠨᠲᠦᠰᠦᠲᠡᠨ ᠨᠦᠭᠦᠳ ᠤᠨ | ᠢᠯᠭᠠᠭ᠎ᠠ ᠶᠢ ᠢᠯᠡᠷᠡᠭᠦᠯᠲᠡᠭ᠃ ᠭᠡᠷ ᠤᠨ ᠭᠦᠮᠦᠵᠢᠯ ᠤᠨ ᠠᠷᠭ᠎ᠠ ᠠᠪᠴᠠᠯ ᠨᠢ ᠨᠢᠭᠡ ᠦᠨᠲᠦᠰᠦᠲᠡᠨ ᠤ ᠤᠨᠴᠠᠯᠢᠭ | ᠰᠢᠨᠵᠢ᠂ ᠭᠡᠪ ᠴᠢᠨᠠᠷ᠂ ᠶᠤᠰᠤ ᠰᠤᠷᠳᠠᠬᠤᠨ ᠵᠡᠷᠭᠡ ᠶᠢ ᠬᠠᠷᠠᠭᠤᠯᠤᠨ ᠢᠯᠡᠳᠭᠡᠲᠡᠭ ᠪᠠᠶᠢᠨ᠎ᠠ᠃ ᠭᠡᠷ ᠤᠨ | ᠭᠦᠮᠦᠵᠢᠯ ᠨᠢ ᠦᠵᠡᠯ ᠤᠬᠠᠮᠰᠠᠷ ᠤᠨ ᠴᠠᠷ᠎ᠠ ᠭᠦᠷᠢᠶ᠎ᠡ ᠳᠤ ᠬᠠᠷᠢᠶᠠᠯᠠᠭᠳᠠᠨ ᠬᠠᠮᠤᠷᠠᠭᠳᠠᠵᠤ ᠪᠤᠰᠤᠳᠴᠢ | ᠤᠷᠤᠰᠢᠬᠤᠢ ᠳᠤ ᠲᠦᠰᠢᠭᠯᠡᠨ ᠤᠶᠠᠯᠳᠤᠬᠤ ᠪᠠᠷ ᠰᠠᠭᠤᠷᠢ ᠪᠤᠯᠭᠠᠵᠤ ᠪᠤᠳᠠᠳᠤ ᠦᠢᠯᠡᠲᠦᠯᠭᠡ ᠪᠠᠷ ᠳᠠᠮᠵᠢᠨ ᠦᠷ᠎ᠡ | ᠳ᠋ᠦᠩ ᠳᠡᠭᠡᠨ ᠭᠦᠷᠲᠡᠭ᠃ ᠮᠤᠩᠭᠤᠯᠴᠤᠳ ᠡᠷᠲᠡ ᠦᠶ᠎ᠡ ᠠᠴᠠ ᠪᠠᠨ ᠠᠩ ᠠᠩᠨᠠᠯ ᠭᠢᠭᠡᠳ ᠮᠠᠯ ᠮᠠᠯᠵᠢᠯ ᠢᠶᠠᠷ | ᠰᠠᠭᠤᠷᠢᠯᠠᠵᠤ ᠦᠷ᠎ᠡ ᠬᠤᠶᠢᠴᠢᠰ ᠢᠶᠠᠨ ᠦᠰᠭᠡᠨ ᠭᠦᠮᠦᠵᠢᠭᠦᠯᠵᠦ ᠦᠶ᠎ᠡ ᠳᠠᠮᠵᠢᠨ ᠤᠷᠤᠰᠢᠨ ᠲᠤᠭᠳᠠᠨᠢᠵᠤ᠂ ᠦᠪ | ᠰᠤᠶᠤᠯ ᠢᠶᠠᠨ ᠡᠭᠦᠳᠴᠦ ᠲᠡᠤᠭᠡ ᠪᠠᠨ ᠪᠢᠴᠢᠭᠯᠡᠭᠰᠡᠭᠡᠷ ᠢᠷᠡᠵᠡᠢ᠃ ᠮᠤᠩᠭᠤᠯᠴᠤᠳ ᠤᠨ ᠭᠡᠷ ᠤᠨ ᠭᠦᠮᠦᠵᠢᠯ ᠤᠨ | ᠠᠭᠤᠯᠭ᠎ᠠ ᠨᠢ ᠮᠠᠰᠢ ᠪᠠᠶᠠᠯᠢᠭ᠂ ᠠᠷᠭ᠎ᠠ ᠭᠡᠯᠪᠡᠷᠢ ᠨᠢ ᠠᠷᠪᠢᠨ ᠮᠦᠷᠲᠡᠭᠡᠨ ᠢᠯᠭᠠᠮᠠ ᠳᠤᠳᠤ ᠦᠪᠡᠷ ᠤᠨ ᠭᠡᠪ ᠨᠠᠮᠪᠠ | ᠪᠤᠯᠤᠨ ᠤᠨᠴᠠᠯᠢᠭ ᠰᠢᠨᠵᠢ ᠲᠠᠢ ᠪᠠᠶᠢᠳᠠᠭ᠃ ᠡᠭᠦᠨ ᠳᠤ ᠱᠠᠭ᠎ᠠ ᠨᠠᠭᠠᠳᠤᠮ ᠪᠣᠯ ᠡᠷᠲᠡ ᠤᠵᠤᠭᠤᠷ ᠠᠴᠠ | ᠤᠯᠠᠮᠵᠢᠯᠠᠭᠳᠠᠭᠰᠠᠨ ᠭᠡᠷ ᠤᠨ ᠭᠦᠮᠦᠵᠢᠯ ᠤᠨ ᠴᠢᠬᠤᠯᠠ ᠨᠢᠭᠡ ᠵᠦᠢᠯ ᠪᠤᠯᠬᠤ ᠨᠢ ᠮᠠᠷᠭᠤᠰᠢ ᠦᠭᠡᠢ ᠪᠢᠯᠡ᠃ | ᠨᠢᠭᠡ᠂ ᠱᠠᠭ᠎ᠠ ᠨᠠᠭᠠᠳᠤᠮ ᠪᠣᠯ ᠢᠵᠠᠭᠤᠷ ᠠᠴᠠ ᠤᠯᠠᠮᠵᠢᠯᠠᠭᠳᠠᠰᠠᠨ ᠭᠡᠷ ᠤᠨ ᠭᠦᠮᠦᠵᠢᠯ ᠤᠨ | ᠤᠬᠠᠭᠠᠨ | ᠴᠤᠬᠤᠮ ᠭᠡᠵᠢᠶ᠎ᠡ ᠠᠴᠠ ᠡᠭᠢᠯᠡᠨ ᠱᠠᠭ᠎ᠠ ᠶᠢ ᠡᠷᠭᠢᠮᠯᠡᠨ ᠲᠡᠭᠡᠲᠦᠯᠡᠭᠰᠡᠨ ᠪᠠ ᠭᠡᠷᠡᠭᠯᠡᠭᠡᠨ ᠳᠡᠭᠡᠨ | ᠤᠷᠤᠭᠤᠯᠤᠭᠰᠠᠨ ᠲᠤᠬᠠᠢ ᠲᠤᠳᠤᠷᠬᠠᠢ ᠲᠡᠮᠲᠡᠭᠯᠡᠯ ᠦᠭᠡᠢ ᠪᠤᠯᠪᠠᠴᠤ᠂ ᠬᠠᠭᠤᠴᠢ ᠰᠤᠳᠤᠯᠤᠯ ᠤᠨ ᠲᠠᠯ᠎ᠠ ᠠᠴᠠ | ᠰᠢᠨᠵᠢᠯᠡᠨ ᠭᠡᠷᠡᠴᠢᠯᠡᠭᠰᠡᠨ ᠢᠶᠠᠷ ᠪᠣᠯ ᠡᠷᠲᠡᠨ ᠤ ᠡᠾᠦ᠋ᠩᠨᠤᠴᠤᠳ ᠱᠠᠭ᠎ᠠ ᠶᠢ ᠠᠮᠢᠳᠤᠷᠠᠯ ᠤᠨ ᠪᠤᠳᠠᠳᠤ | ᠭᠡᠷᠡᠭᠯᠡᠭᠡᠨ ᠳᠡᠭᠡᠨ ᠤᠷᠤᠭᠤᠯᠵᠤ ᠪᠠᠶᠢᠭᠰᠠᠨ ᠢᠶᠠᠷ ᠦᠯᠦ ᠪᠠᠷᠠᠮ᠂ ᠶᠤᠰᠤ ᠵᠠᠩᠰᠢᠯ ᠳᠠᠭᠠᠨ ᠤᠷᠤᠭᠤᠯᠤᠨ ᠭᠡᠷᠡᠭᠯᠡᠭᠰᠡᠨ | ᠪᠠᠶᠢᠨ᠎ᠠ᠃ ᠠᠷᠭᠢᠤᠯᠤᠭᠢ ᠰᠤᠳᠤᠯᠤᠭᠠᠴᠢᠳ ᠡᠷᠲᠡᠨ ᠤ ᠡᠾᠦ᠋ᠩᠨᠤᠴᠤᠳ ᠤᠨ ᠪᠤᠯᠠᠰᠢᠨ ᠠᠴᠠ ᠤᠯᠠᠨ ᠠᠷᠪᠢᠨ | ᠪᠤᠭᠤ ᠶᠢᠨ ᠱᠠᠭ᠎ᠠ ᠤᠯᠤᠭᠰᠠᠨ ᠮᠡᠲᠡᠭᠡᠯᠡᠯ ᠪᠠᠶᠢᠳᠠᠭ᠃ 2001 ᠣᠨ ᠳᠤ ᠮᠣᠩᠭᠤᠯ ᠠᠮᠧᠷᠢᠺᠠ ᠶᠢᠨ | ᠰᠣᠳᠣᠯᠣᠭᠠᠴᠢᠳ ᠤᠨ ᠪᠦᠯᠬᠦᠮ ᠤᠨ ᠬᠢᠨ ᠮᠣᠩᠭᠤᠯ ᠤᠯᠤᠰ ᠤᠨ ᠠᠷᠤ ᠬᠠᠩᠭᠠᠢ ᠠᠶᠢᠮᠠᠭ ᠤᠨ ᠥᠨᠳᠦᠷ ᠤᠯᠠᠭᠠᠨ | ᠰᠤᠮᠤᠨ ᠤ ᠬᠠᠨᠤᠢ ᠪᠠᠭ ᠤᠨ ᠨᠤᠳᠤᠭ ᠪᠠᠯᠭᠠᠰᠤᠨ ᠲᠠᠯ᠎ᠠ ᠠᠴᠠ ᠡᠷᠳᠡᠨ ᠤ ᠾᠦᠩᠨᠦ ᠶᠢᠨ ᠢᠵᠠᠭᠤᠷᠳᠠᠨ ᠤ ᠪᠦᠯᠦᠭ | ᠪᠤᠯᠠᠰᠢ ᠶᠢ ᠢᠯᠡᠷᠡᠭᠦᠯᠦᠨ ᠨᠢᠭᠡᠨ ᠬᠡᠦᠬᠡᠳ ᠤᠨ ᠣᠷᠣᠰᠢᠭᠤᠯᠭ᠎ᠠ ᠠᠴᠠ 250 ᠭᠠᠷᠤᠢ ᠪᠤᠭᠤ ᠶᠢᠨ ᠱᠠᠭ᠎ᠠ ᠶᠢ | ᠢᠯᠡᠷᠡᠭᠦᠯᠵᠡᠢ᠃ | ᠮᠤᠩᠭᠤᠯᠴᠤᠳ ᠠᠯᠢ ᠡᠷᠲᠡᠨ ᠠᠴᠠ ᠪᠠᠨ ᠮᠠᠯᠵᠢᠯ ᠤᠭᠰᠠᠭᠠᠲᠠᠨ ᠪᠠᠶᠢᠵᠤ ᠨᠡᠭᠦᠲᠡᠯ ᠠᠮᠢᠳᠤᠷᠠᠯ ᠢᠶᠠᠷ | ᠭᠤᠤᠯ ᠤᠷᠤᠰᠢᠨ ᠲᠤᠭᠲᠠᠨᠢᠯ ᠤᠨ ᠭᠡᠯᠪᠡᠷᠢ ᠪᠠᠨ ᠪᠤᠯᠭᠠᠵᠤ ᠪᠠᠶᠢᠭᠰᠠᠨ ᠲᠡᠤᠭᠡ ᠲᠠᠢ᠃ ᠪᠠᠯᠠᠷᠯᠢᠭ ᠤᠨ ᠴᠠᠭ ᠲᠤ | ᠬᠠᠮᠤᠭ ᠠᠩᠬᠠᠨ ᠳᠠᠭᠠᠨ ᠠᠩ ᠠᠩᠨᠠᠯ ᠢᠶᠠᠷ ᠭᠤᠤᠯ ᠠᠮᠢᠳᠤᠷᠠᠯ ᠢᠶᠠᠨ ᠠᠷᠭᠠᠴᠠᠭᠠᠵᠤ ᠪᠠᠶᠢᠭᠰᠠᠨ ᠪᠣᠯ ᠰᠡᠭᠦᠯᠡᠷ ᠨᠢ | ᠠᠩ ᠤᠨ ᠦᠯᠡᠲᠡᠪᠦᠷᠢ ᠪᠤᠯᠤᠭᠰᠠᠨ ᠵᠡᠷᠯᠢᠭ ᠠᠮᠢᠲᠠᠳ ᠢ ᠭᠡᠷᠰᠢᠭᠦᠯᠦᠨ ᠲᠡᠵᠢᠭᠡᠵᠦ ᠨᠤᠮᠤᠬᠠᠳᠬᠠᠭᠰᠠᠨ ᠠᠴᠠ | ᠠᠩᠬᠠᠨ ᠤ ᠮᠠᠯ ᠮᠠᠯᠵᠢᠯ ᠡᠭᠦᠰᠦᠭᠰᠡᠨ ᠪᠠᠶᠢᠳᠠᠭ᠃ ᠮᠠᠯ ᠮᠠᠯᠵᠢᠯ ᠪᠤᠢ ᠪᠤᠯᠤᠭᠰᠠᠨ ᠠᠴᠠ ᠡᠷᠲᠡᠨ ᠤ ᠠᠵᠤ | ᠠᠮᠢᠳᠤᠷᠠᠯ ᠨᠢ ᠪᠠᠳᠤᠯᠠᠭ᠎ᠠ ᠲᠠᠢ ᠪᠤᠯᠵᠤ ᠤᠷᠤᠰᠢᠨ ᠲᠤᠭᠲᠠᠨᠢᠯ ᠨᠢ ᠲᠤᠭᠳᠠᠪᠤᠷᠢ ᠲᠠᠢ ᠪᠤᠯᠤᠭᠰᠠᠨ ᠲᠤᠯᠠ | ᠦᠢᠯᠡᠳᠪᠦᠷᠢᠯᠡᠯ ᠤᠨ ᠭᠦᠴᠦᠨ ᠤ ᠭᠦᠭᠵᠢᠯᠲᠡ ᠨᠢ ᠲᠦᠷᠭᠡᠨ ᠪᠤᠯᠵᠡᠢ᠃ ᠡᠭᠦᠨ ᠤ ᠤᠯᠠᠮ ᠠᠴᠠ ᠭᠦᠮᠦᠰ ᠤᠨ | ᠲᠠᠷᠢᠭᠢᠨ ᠤ ᠭᠦᠭᠵᠢᠯᠲᠡ ᠨᠢ ᠲᠠᠰᠤᠷᠠᠯᠳᠠ ᠦᠭᠡᠢ ᠨᠡᠮᠡᠭᠲᠡᠨ ᠰᠡᠳᠭᠢᠭᠦᠢ ᠨᠢ ᠴᠦ ᠲᠡᠯᠡᠨ ᠦᠷᠭᠡᠳᠴᠦ ᠤᠬᠠᠮᠰᠠᠷᠳᠤ | ᠴᠢᠳᠠᠪᠦᠷᠢ ᠨᠢ ᠲᠡᠭᠡᠭᠰᠢᠯᠡᠨ ᠭᠡᠷ ᠤᠨ ᠭᠦᠮᠦᠵᠢᠯ ᠠᠭᠠᠵᠢᠮ ᠢᠶᠠᠷ ᠪᠤᠢ ᠪᠤᠯᠵᠡᠢ᠃ ᠮᠠᠯᠴᠢᠨ ᠲᠦᠮᠠᠨ ᠲᠡᠷᠡ ᠦᠶ᠎ᠡ ᠶᠢᠨ | ᠠᠮᠢᠲᠤᠷᠠᠯ ᠤᠨ ᠲᠦᠰᠢᠭ ᠲᠤᠯᠭᠠᠭᠤᠷᠢ ᠪᠤᠯᠤᠭᠰᠠᠨ ᠮᠠᠯ ᠮᠠᠯᠵᠢᠯ ᠢᠶᠠᠷ ᠢᠶᠠᠨ ᠭᠤᠤᠯ ᠲᠦᠪ ᠪᠤᠯᠭᠠᠵᠤ ᠦᠷ᠎ᠡ | ᠬᠤᠶᠢᠴᠢᠰ ᠢᠶᠠᠨ ᠠᠵᠢᠯ ᠠᠬᠤᠢ ᠳᠤ ᠳᠠᠰᠬᠠᠬᠤ᠂ ᠦᠪᠡᠷ ᠪᠡᠶ᠎ᠡ ᠪᠠᠨ ᠡᠵᠡᠮᠲᠡᠭᠦ᠂ ᠦᠭᠡᠷ᠎ᠡ ᠪᠤᠰᠤᠳ ᠲᠤ ᠬᠠᠨᠳᠤᠬᠤ | ᠵᠡᠷᠭᠡ ᠦᠢᠯᠡ ᠭᠦᠲᠡᠯᠦᠯ᠂ ᠤᠬᠠᠮᠰᠠᠷ ᠰᠡᠳᠭᠢᠯᠭᠡ ᠶᠢᠨ ᠭᠦᠮᠦᠵᠢᠯ ᠢ ᠭᠦᠷᠲᠡᠭᠡᠨ ᠪᠡᠶ᠎ᠡ ᠰᠡᠳᠭᠢᠴᠡ ᠶᠢᠨ | ᠭᠦᠭᠵᠢᠯᠲᠡ ᠶᠢ ᠨᠢ ᠵᠦᠪ ᠵᠦᠭ ᠦᠭᠡᠲᠡ ᠴᠢᠭᠯᠡᠭᠦᠯᠭᠦ᠂ ᠦᠢᠯᠡᠳᠪᠦᠷᠢᠯᠡᠯ ᠤᠨ ᠠᠷᠭ᠎ᠠ ᠭᠡᠯᠪᠡᠷᠢ ᠶᠢ ᠮᠡᠲᠡᠭᠦᠯᠦᠨ | ᠦᠢᠯᠠᠭᠠᠭᠤᠯᠬᠤ᠂ ᠠᠮᠢᠳᠤᠷᠠᠯ ᠤᠨ ᠨᠠᠷᠢᠨ ᠤᠬᠠᠭᠠᠨ ᠢ ᠵᠢᠭᠠᠬᠤ᠂ ᠦᠢᠯᠡ ᠮᠦᠷ ᠢ ᠨᠢ ᠰᠠᠶᠢᠨ ᠰᠠᠶᠢᠬᠠᠨ ᠭᠡᠪ | ᠪᠤᠯᠪᠠᠰᠤᠨ ᠦᠭᠡᠲᠡ ᠭᠦᠲᠡᠯᠦᠨ ᠤᠷᠤᠭᠤᠯᠳᠠᠭ᠃ ᠡᠶᠢᠮᠦᠷᠭᠦᠦ ᠭᠡᠷ ᠤᠨ ᠭᠦᠮᠦᠵᠢᠯ ᠤᠨ ᠶᠠᠪᠤᠴᠠ ᠳᠤ ᠱᠠᠭ᠎ᠠ ᠪᠠᠷ | ᠵᠠᠭᠪᠤᠷ ᠪᠤᠯᠭᠠᠨ ᠦᠷ᠎ᠡ ᠭᠡᠤᠭᠡᠳ ᠲᠡᠭᠡᠨ ᠭᠦᠮᠦᠵᠢᠯ ᠭᠦᠷᠲᠡᠭᠡᠭᠦ ᠪᠤᠯᠤᠭᠰᠠᠨ ᠪᠤᠯᠤᠯᠲᠠᠢ᠃ ᠱᠠᠭ᠎ᠠ ᠪᠠᠷ ᠵᠠᠭᠪᠤᠷᠢ | ᠪᠤᠯᠭᠠᠨ ᠦᠷ᠎ᠡ ᠭᠡᠤᠭᠡᠳ ᠢᠶᠠᠨ ᠭᠦᠮᠦᠵᠢᠭᠦᠯᠲᠡᠭ ᠭᠡᠷ ᠤᠨ ᠭᠦᠮᠦᠵᠢᠯ ᠨᠢ ᠲᠡᠯᠡᠭᠡᠢ ᠳᠤ ᠲᠤᠩ ᠬᠤᠪᠤᠷᠬᠠᠨ ᠦᠵᠡᠭᠲᠡᠯ | ᠪᠠᠶᠢᠵᠤ ᠦᠨᠡᠭᠡᠷ ᠰᠤᠨᠢᠷᠬᠠᠯ ᠲᠠᠢ ᠶᠤᠮ᠃ ᠬᠠᠯᠵᠠ ᠬᠠᠷᠪᠤᠬᠤ᠂ ᠪᠦᠭᠡ ᠪᠠᠷᠢᠯᠳᠤᠭᠤᠯᠬᠤ᠂ ᠮᠡᠷᠭᠡ ᠲᠦᠯᠭᠡ | ᠲᠠᠯᠪᠢᠬᠤ᠂ ᠮᠤᠷᠢ ᠤᠷᠤᠯᠳᠤᠬᠤ᠂ ᠲᠡᠮᠡᠭᠡ ᠤᠷᠤᠯᠳᠤᠬᠤ᠂ ᠲᠠᠪᠤᠨ ᠬᠤᠰᠢᠭᠤ ᠮᠠᠯ ᠦᠰᠭᠡᠭᠦ᠂ ᠠᠳᠤᠭᠤ | ᠬᠠᠷᠢᠭᠤᠯᠬᠤ᠂ ᠢᠩᠭᠡ ᠪᠤᠳᠤᠭᠤᠯᠠᠭᠤᠯᠬᠤ ᠵᠡᠷᠭᠡ ᠭᠡᠳᠦᠨ ᠵᠠᠭᠤᠨ ᠲᠦᠷᠦᠯ ᠤᠨ ᠱᠠᠭ᠎ᠠ ᠲᠤᠭᠯᠠᠭᠠᠮ ᠨᠢ ᠴᠦᠮ ᠠᠩ | ᠠᠩᠨᠠᠯ᠂ ᠮᠠᠯᠵᠢᠯ ᠠᠮᠢᠳᠤᠷᠠᠯ ᠤᠨ ᠦᠢᠯᠡ ᠭᠦᠲᠡᠯᠦᠯ ᠪᠤᠯᠤᠨ ᠮᠠᠯᠴᠢᠨ ᠭᠦᠮᠦᠨ ᠤ ᠤᠷ᠎ᠠ ᠤᠬᠠᠭᠠᠨ ᠵᠡᠷᠭᠡ ᠶᠢ | ᠬᠠᠷᠠᠭᠤᠯᠤᠭᠰᠠᠨ ᠢᠶᠠᠷ ᠵᠠᠭᠪᠤᠷᠢᠴᠢᠯᠠᠨ᠂ ᠪᠡᠯᠭᠡ ᠲᠡᠮᠪᠡᠷᠡᠯ᠂ ᠴᠡᠭᠡᠷ ᠬᠤᠷᠢᠭ᠎ᠠ ᠵᠡᠷᠭᠡ ᠤᠯᠠᠨ ᠲᠠᠯ᠎ᠠ ᠶᠢᠨ ᠶᠤᠰᠤ | ᠵᠠᠩᠰᠢᠯ ᠪᠤᠯᠤᠨ ᠲᠦᠷᠢᠮ ᠭᠤᠷᠢᠮ ᠢ ᠬᠠᠷᠠᠭᠤᠯᠤᠭᠰᠠᠨ ᠪᠠᠶᠢᠳᠠᠭ᠃ ᠱᠠᠭ᠎ᠠ ᠨᠠᠭᠠᠳᠤᠮ ᠢ ᠨᠠᠭᠠᠳᠬᠤ ᠳᠤ ᠪᠤᠰᠤᠳ ᠢ | ᠭᠦᠨᠲᠦᠳᠭᠡᠭᠦ᠂ ᠨᠠᠰᠤᠳᠠᠨ ᠪᠤᠭᠤᠷᠤᠯ ᠢᠶᠠᠨ ᠡᠷᠭᠦᠨ ᠭᠦᠨᠲᠦᠯᠡᠭᠦ᠂ ᠭᠡᠤᠭᠡᠳ ᠲᠡᠭᠦᠦ ᠨᠡᠷ ᠢᠶᠠᠨ ᠬᠠᠶᠢᠷᠠᠯᠠᠬᠤ᠂ | ᠬᠠᠷᠢᠯᠴᠠᠨ ᠡᠶ᠎ᠡ ᠨᠠᠶᠢᠷ ᠲᠠᠢ ᠪᠠᠶᠢᠬᠤ᠂ ᠡᠷᠭᠡ ᠲᠡᠭᠰᠢ᠂ ᠲᠦᠪ ᠭᠤᠤᠯᠴᠢ ᠪᠠᠶᠢᠬᠤ ᠶᠢ ᠬᠠᠮᠤᠭ ᠠᠴᠠ ᠡᠷᠭᠢᠮᠯᠡᠨ | ᠵᠢᠷᠤᠮᠯᠠᠳᠠᠭ᠃ ᠱᠠᠭ᠎ᠠ ᠨᠠᠭᠠᠳᠬᠤ ᠶᠠᠪᠤᠴᠠ ᠳᠤ ᠲᠤᠮᠤᠴᠤᠤᠯ ᠠᠴᠠ ᠭᠡᠤᠭᠡᠳ ᠪᠠᠭᠠᠴᠤᠳ ᠲᠤ ᠲᠡᠭᠡᠷᠡᠭᠢ ᠤᠯᠠᠨ | ᠲᠠᠯ᠎ᠠ ᠶᠢᠨ ᠶᠤᠰᠤ ᠵᠠᠩᠰᠢᠯ ᠪᠤᠯᠤᠨ ᠲᠦᠷᠢᠮ ᠭᠤᠷᠢᠮ ᠢ ᠤᠯᠠᠮᠵᠢᠯᠠᠳᠠᠭ ᠪᠤᠯᠬᠤᠷ ᠭᠡᠤᠭᠡᠳ ᠪᠠᠭᠠᠴᠤᠳ ᠨᠢ ᠨᠠᠭᠠᠳᠤᠮ | ᠲᠤᠭᠯᠠᠭᠠᠮ ᠢᠶᠠᠷ ᠳᠠᠮᠵᠢᠨ ᠭᠦᠮᠦᠵᠢᠯ ᠭᠦᠷᠲᠡᠨ ᠤᠬᠠᠭᠠᠷᠠᠵᠤ ᠰᠡᠭᠡᠷᠡᠲᠡᠭ ᠶᠤᠮ᠃ ᠡᠨᠡ ᠪᠣᠯ ᠳᠠᠷᠦᠢ ᠶᠤᠰᠤᠲᠠᠢ | ᠮᠤᠩᠭᠤᠯ ᠤᠬᠠᠭᠠᠨ ᠤ ᠰᠤᠳᠤᠨ ᠭᠠᠶᠢᠬᠠᠮᠰᠢᠭ ᠪᠢᠯᠡ᠃ | ᠬᠤᠶᠠᠷ᠂ ᠱᠠᠭ᠎ᠠ ᠨᠠᠭᠠᠳᠤᠮ ᠪᠣᠯ ᠦᠷᠡᠭᠡᠤᠭᠡᠳ ᠢᠶᠠᠨ ᠰᠤᠷᠭᠠᠨ ᠭᠦᠮᠦᠵᠢᠭᠦᠯᠭᠦ ᠴᠡᠴᠡᠨ ᠤᠬᠠᠭᠠᠨ | ᠱᠠᠭ᠎ᠠ ᠨᠠᠭᠠᠳᠤᠮ ᠪᠣᠯ ᠤᠯᠠᠮᠵᠢᠯᠠᠯᠳᠤ ᠢᠵᠠᠭᠤᠷ ᠰᠤᠶᠤᠯ ᠪᠠᠶᠢᠵᠤ᠂ ᠲᠡᠷᠡ ᠨᠢ ᠲᠡᠤᠭᠡ ᠶᠢᠨ | ᠤᠷᠳᠤ ᠤᠷᠤᠰᠬᠠᠯ ᠤᠨ ᠲᠤᠮᠳᠠ ᠦᠷ᠎ᠡ ᠭᠡᠤᠭᠡᠳ ᠢᠶᠠᠨ ᠰᠤᠷᠭᠠᠨ ᠭᠦᠮᠦᠵᠢᠭᠦᠯᠭᠦ ᠴᠡᠴᠡᠨ ᠤᠬᠠᠭᠠᠨ ᠮᠡᠷᠭᠡᠨ ᠠᠷᠭ᠎ᠠ | ᠪᠤᠯᠵᠤ ᠪᠦᠷᠢᠯᠲᠦᠭᠰᠡᠨ ᠪᠠᠶᠢᠳᠠᠭ᠃ ᠱᠠᠭ᠎ᠠ ᠨᠠᠭᠠᠳᠤᠮ ᠤᠨ ᠲᠦᠷᠦᠯ ᠵᠦᠢᠯ ᠮᠠᠰᠢ ᠤᠯᠠᠨ ᠪᠠᠶᠢᠵᠤ᠂ ᠨᠠᠭᠠᠳᠬᠤ | ᠠᠷᠭ᠎ᠠ ᠮᠡᠷᠭᠡᠵᠢᠯ ᠤᠨ ᠲᠠᠯ᠎ᠠ ᠠᠴᠠ ᠠᠪᠤᠭᠠᠳ ᠦᠵᠡᠭᠰᠡᠨ ᠴᠦ ᠨᠢᠭᠡ ᠲᠦᠷᠦᠯ ᠤᠨ ᠨᠠᠭᠠᠳᠤᠮ ᠢ ᠭᠡᠲᠦ ᠭᠡᠲᠦᠨ | ᠵᠦᠢᠯ ᠤᠨ ᠠᠷᠭ᠎ᠠ ᠭᠡᠯᠪᠡᠷᠢ ᠪᠠᠷ ᠨᠠᠭᠠᠳᠴᠤ ᠪᠤᠯᠳᠠᠭ ᠢᠶᠠᠷ ᠦᠯᠦ ᠪᠠᠷᠠᠮ᠂ ᠠᠳᠠᠯᠢ ᠪᠤᠰᠤ ᠭᠠᠵᠠᠷ ᠨᠤᠳᠤᠭ ᠲᠤ | ᠠᠳᠠᠯᠢ ᠪᠤᠰᠤ ᠶᠢᠨ ᠠᠷᠭ᠎ᠠ ᠭᠡᠯᠪᠡᠷᠢ ᠪᠠᠷ ᠨᠠᠭᠠᠳᠳᠠᠭ ᠪᠤᠯᠬᠤᠷ ᠨᠤᠳᠤᠭ ᠤᠰᠤᠨ ᠤ ᠤᠨᠴᠠᠯᠢᠭ ᠰᠢᠨᠵᠢ ᠲᠠᠢ ᠪᠠᠶᠢᠳᠠᠭ | ᠃ ᠱᠠᠭ᠎ᠠ ᠨᠠᠭᠠᠳᠤᠮ ᠤᠨ ᠤᠯᠠᠨ ᠲᠦᠷᠦᠯ ᠵᠢᠴᠢ ᠲᠡᠭᠦᠨ ᠤ ᠤᠨᠴᠠᠯᠢᠭ ᠰᠢᠨᠵᠢ ᠠᠴᠠ ᠪᠤᠯᠵᠤ ᠭᠡᠷ ᠤᠨ ᠰᠤᠷᠭᠠᠯ ᠤᠨ | ᠮᠡᠷᠭᠡᠨ ᠠᠷᠭ᠎ᠠ ᠭᠡᠷᠡᠭᠯᠡᠭᠦᠷ ᠪᠤᠯᠤᠭᠰᠠᠨ ᠪᠠᠶᠢᠳᠠᠭ᠃ ᠱᠠᠭ᠎ᠠ ᠨᠠᠭᠠᠳᠤᠮ ᠤᠨ ᠨᠠᠭᠠᠳᠬᠤ ᠠᠷᠭ᠎ᠠ ᠪᠠᠷᠢᠯ ᠨᠢ ᠨᠡᠶᠢᠲᠡᠴᠢ | ᠤᠨᠴᠠᠯᠢᠭ ᠲᠠᠢ ᠮᠦᠷᠲᠡᠭᠡᠨ ᠦᠪᠡᠷᠮᠢᠴᠡ ᠤᠨᠴᠠᠯᠢᠭ ᠲᠠᠢ ᠶᠤᠮ᠃ ᠲᠡᠷᠡ ᠨᠢ ᠠᠳᠠᠯᠢ ᠪᠤᠰᠤ ᠨᠠᠰᠤᠨ ᠤ ᠭᠦᠮᠦᠰ ᠤᠨ | ᠴᠢᠳᠠᠪᠤᠷᠢ ᠳᠤ ᠲᠤᠭᠢᠷᠠᠬᠤ ᠲᠦᠷᠦᠯ ᠵᠦᠢᠯ ᠪᠦᠷᠢᠨ ᠪᠠᠶᠢᠳᠠᠭ ᠪᠤᠯᠬᠤᠷ ᠭᠡᠨ ᠭᠦᠮᠦᠨ ᠭᠡᠳ ᠪᠦᠷ ᠨᠠᠭᠠᠳᠴᠤ | ᠪᠤᠯᠳᠠᠭ᠃ ᠭᠡᠤᠭᠡᠳ ᠪᠠᠭᠠᠴᠤᠳ ᠤᠨ ᠨᠠᠰᠤᠨ ᠤ ᠭᠡᠮᠵᠢᠶ᠎ᠡ ᠪᠤᠯᠤᠨ ᠰᠡᠳᠭᠢᠴᠡ ᠶᠢᠨ ᠤᠨᠴᠠᠯᠢᠭ ᠲᠤ ᠶᠠᠪ ᠴᠠᠪ | ᠲᠤᠭᠢᠷᠠᠭᠰᠠᠨ ᠱᠠᠭ᠎ᠠ ᠨᠠᠭᠠᠳᠤᠮ ᠤᠨ ᠲᠦᠷᠦᠯ ᠵᠦᠢᠯ ᠪᠠᠶᠢᠬᠤ ᠪᠤᠯᠬᠤᠷ ᠭᠡᠤᠭᠡᠳ ᠪᠠᠭᠠᠴᠤᠳ ᠢ ᠭᠦᠮᠦᠵᠢᠭᠦᠯᠦᠨ | ᠶᠤᠰᠤ ᠵᠠᠩ ᠤᠯᠠᠮᠵᠢᠯᠠᠬᠤ ᠠᠮᠢᠳᠤᠯᠢᠭ ᠠᠷᠭ᠎ᠠ ᠭᠡᠷᠡᠭᠯᠡᠭᠦᠷ ᠪᠤᠯᠵᠤ ᠴᠢᠳᠠᠳᠠᠭ᠃ | ᠨᠠᠬᠦᠳᠠᠯᠴᠢᠨ ᠮᠠᠯᠴᠢᠨ ᠲᠦᠮᠠᠨ ᠮᠠᠨᠢ ᠨᠡᠭᠦᠲᠡᠯ ᠮᠠᠯᠵᠢᠯ ᠤᠨ ᠲᠡᠤᠭᠡᠨ ᠶᠠᠪᠤᠴᠠ ᠳᠤ᠂ ᠦᠷ᠎ᠠ | ᠭᠡᠤᠭᠡᠳ ᠢᠶᠠᠨ ᠳᠠᠭᠠᠭᠤᠯᠤᠨ ᠡᠲᠦᠷ ᠲᠤᠳᠤᠮ ᠤᠨ ᠠᠵᠢᠯ ᠠᠮᠢᠳᠤᠷᠠᠯ ᠳᠤ ᠤᠷᠤᠯᠴᠠᠭᠤᠯᠬᠤ ᠶᠢᠨ ᠳᠠᠭᠠᠤ ᠳᠤ ᠰᠤᠯᠠ | ᠰᠡᠯᠡᠭᠦᠦ ᠴᠠᠭ ᠢᠶᠠᠷ ᠭᠡᠤᠭᠡᠳ ᠲᠠᠢ ᠪᠠᠨ ᠬᠠᠮᠳᠤ ᠱᠠᠭ᠎ᠠ ᠨᠠᠭᠠᠳᠳᠠᠭ ᠪᠤᠯᠬᠤᠷ ᠨᠠᠭᠠᠳᠬᠤ ᠶᠠᠪᠤᠴᠠ ᠳᠠᠭᠠᠨ | ᠭᠡᠤᠭᠡᠳ ᠲᠡᠭᠡᠨ ᠶᠤᠰᠤ ᠵᠠᠩᠰᠢᠯ᠂ ᠭᠡᠪ ᠰᠤᠷᠲᠠᠯ᠂ ᠮᠡᠲᠡᠯᠭᠡ ᠤᠬᠠᠭᠠᠨ ᠵᠡᠷᠭᠡ ᠶᠢ ᠤᠯᠠᠮᠵᠢᠯᠠᠨ ᠭᠦᠷᠲᠡᠭᠡᠲᠡᠭ᠃ | ︵ᠨᠢᠭᠡ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠶᠤᠰᠤ ᠰᠤᠷᠳᠠᠯ ᠤᠨ ᠭᠦᠮᠦᠵᠢᠯ | ᠭᠦᠷᠲᠡᠭᠡᠲᠡᠭ | ᠮᠠᠨᠠᠶᠢᠬᠢᠨ ᠲᠡᠤᠭᠡᠨ ᠠᠴᠠ ᠪᠠᠨ ᠶᠤᠰᠤ ᠰᠤᠷᠲᠠᠯ ᠢ ᠲᠡᠷᠢᠭᠦᠨ ᠪᠠᠶᠢᠷᠢᠨ ᠳᠤ ᠲᠠᠯᠪᠢᠵᠤ | ᠭᠡᠤᠭᠡᠳ ᠢᠶᠠᠨ ᠪᠠᠭ᠎ᠠ ᠠᠴᠠ ᠨᠢ ᠶᠤᠰᠤ ᠨᠤᠮ ᠲᠠᠢ ᠪᠤᠯᠭᠠᠨ ᠭᠦᠮᠦᠵᠢᠭᠦᠯᠭᠦ ᠶᠢ ᠮᠠᠰᠢ ᠠᠩᠬᠠᠷᠳᠠᠭ᠃ ᠱᠠᠭ᠎ᠠ | ᠨᠠᠭᠠᠳᠤᠮ ᠨᠢ ᠭᠡᠤᠭᠡᠳ ᠪᠠᠭᠠᠴᠤᠳ ᠲᠤ ᠶᠤᠰᠤ ᠰᠤᠷᠳᠠᠯ ᠤᠨ ᠭᠦᠮᠦᠵᠢᠯ ᠭᠦᠷᠲᠡᠭᠡᠭᠦ ᠳᠤ ᠠᠮᠢᠳᠤᠯᠢᠭ ᠵᠠᠭᠪᠤᠷ ᠶᠢᠨ | ᠠᠷᠭ᠎ᠠ ᠭᠡᠷᠡᠭᠯᠡᠭᠦᠷ ᠪᠤᠯᠤᠭᠰᠠᠨ ᠪᠠᠶᠢᠳᠠᠭ᠃ ᠠᠶᠢᠯ ᠭᠡᠷ ᠤᠨ ᠭᠢᠨᠢ ᠠᠵᠢᠯ ᠠᠬᠤᠢ ᠶᠢᠨ ᠴᠢᠯᠦᠭᠡ ᠵᠠᠪᠰᠠᠷ ᠲᠤ | ᠭᠡᠤᠭᠡᠳ ᠰᠢᠤᠬᠠᠳ ᠲᠠᠢ ᠪᠠᠨ ᠱᠠᠭ᠎ᠠ ᠨᠠᠭᠠᠳᠴᠤ ᠭᠦᠷ ᠭᠦᠭᠵᠢᠭᠡᠨ ᠡᠭᠦᠰᠭᠡᠨ ᠪᠡᠶ᠎ᠡ ᠰᠡᠳᠭᠢᠯ ᠤᠨ ᠴᠢᠯᠡᠭᠡ ᠪᠠᠨ | ᠳᠠᠶᠢᠯᠬᠤ ᠶᠢᠨ ᠳᠠᠭᠠᠤ ᠳᠤ ᠦᠷ᠎ᠡ ᠭᠡᠤᠭᠡᠳ ᠲᠠᠢ ᠪᠠᠨ ᠵᠤᠭᠤᠭ ᠲᠡᠯᠭᠡᠲᠡᠭ᠃ ᠡᠨᠡᠭᠦ ᠡᠩ ᠤᠨ ᠦᠢᠯᠡ ᠶᠠᠪᠤᠳᠠᠯ ᠤᠨ | ᠲᠤᠮᠳᠠ ᠠᠴᠠ ᠭᠡᠤᠭᠡᠳ ᠪᠠᠭᠠᠴᠤᠳ ᠨᠢ ᠤᠯᠠᠨ ᠲᠠᠯ᠎ᠠ ᠶᠢᠨ ᠶᠤᠰᠤ ᠰᠤᠷᠳᠠᠯ ᠤᠨ ᠭᠦᠮᠦᠵᠢᠯ ᠢ ᠭᠦᠷᠲᠡᠵᠦ | ᠤᠬᠠᠭᠠᠷᠠᠵᠤ ᠰᠡᠭᠡᠷᠡᠨ ᠤᠯᠠᠮ ᠢᠶᠠᠷ ᠲᠤᠮᠤᠭᠤᠵᠢᠳᠠᠭ ᠶᠤᠮ᠃ ᠱᠠᠭ᠎ᠠ ᠨᠠᠭᠠᠳᠤᠮ ᠨᠢ ᠲᠤᠭᠳᠠᠭᠰᠠᠨ ᠶᠤᠰᠤ ᠲᠦᠷᠢᠮ | ᠪᠤᠯᠤᠨ ᠴᠢᠩᠭ᠎ᠠ ᠵᠢᠷᠤᠮ ᠭᠤᠷᠢᠮ ᠲᠠᠢ᠂ ᠡᠮᠭᠢ ᠲᠢᠭᠯᠡᠮ ᠪᠤᠯᠤᠨ ᠡᠭᠢᠯᠡᠯᠲᠡ ᠲᠡᠭᠦᠰᠭᠡᠯᠲᠡ ᠲᠠᠢ ᠪᠠᠶᠢᠵᠤ᠂ | ᠨᠠᠭᠠᠳᠤᠮ ᠤᠨ ᠶᠡᠷᠦᠩᠭᠡᠢ ᠶᠤᠰᠤ ᠲᠦᠷᠢᠮ ᠲᠠᠢ ᠪᠠᠶᠢᠳᠠᠭ ᠢᠶᠠᠷ ᠦᠯᠦ ᠪᠠᠷᠠᠮ᠂ ᠪᠠᠰᠠ ᠨᠠᠭᠠᠳᠤᠮ ᠤᠨ ᠲᠦᠷᠦᠯ | ᠨᠢᠭᠡᠪᠦᠷᠢ ᠳᠤ ᠴᠦ ᠲᠤᠭᠳᠠᠭᠰᠠᠨ ᠨᠠᠷᠢᠨ ᠲᠦᠷᠢᠮ ᠭᠤᠷᠢᠮ ᠲᠠᠢ ᠪᠠᠶᠢᠳᠠᠭ᠃ ᠡᠶᠢᠮᠦ ᠪᠤᠯᠬᠤᠷ ᠱᠠᠭ᠎ᠠ ᠨᠠᠭᠠᠳᠤᠮ ᠤᠨ | ᠶᠠᠪᠤᠴᠠ ᠳᠤ ᠨᠠᠰᠤᠳᠠᠨ ᠪᠤᠭᠤᠷᠤᠯ᠂ ᠢᠲᠡᠷ ᠵᠠᠯᠠᠭᠤ ᠪᠤᠯᠤᠨ ᠭᠡᠤᠭᠡᠳ ᠪᠠᠭᠠᠴᠤᠳ ᠪᠦᠭᠦᠨ ᠢᠶᠠᠷ ᠢᠶᠠᠨ ᠴᠦᠮ ᠶᠤᠰᠤ | ᠲᠦᠷᠢᠮ ᠪᠤᠯᠤᠨ ᠲᠤᠭᠳᠠᠭᠠᠯ ᠵᠢᠷᠤᠮ ᠢ ᠴᠢᠩᠭ᠎ᠠ ᠵᠢᠷᠤᠮᠯᠠᠵᠤ ᠭᠡᠨ ᠴᠦ ᠭᠡᠳ ᠵᠦᠷᠢᠴᠡᠵᠦ ᠪᠤᠯᠳᠠᠭ ᠦᠭᠡᠢ᠃ | ᠨᠠᠭᠠᠳᠤᠮ ᠤᠨ ᠪᠦᠭᠦ᠋ᠢᠯᠡ ᠶᠠᠪᠤᠴᠠ ᠳᠤ ᠭᠦᠮᠦᠨ ᠪᠦᠭᠦᠨ ᠡᠷᠭᠡ ᠲᠡᠭᠰᠢ ᠪᠠᠶᠢᠵᠤ ᠬᠠᠷᠢᠯᠴᠠᠨ ᠭᠢᠨᠠᠯᠳᠠ ᠲᠠᠯᠪᠢᠵᠤ | ᠲᠦᠪ ᠭᠤᠤᠯᠴᠢ ᠶᠢ ᠡᠷᠭᠢᠮᠯᠡᠲᠡᠭ᠃ ᠡᠷᠭᠡ ᠲᠡᠭᠰᠢ ᠪᠤᠯᠤᠨ ᠲᠦᠪ ᠭᠤᠤᠯᠴᠢ ᠶᠢ ᠡᠷᠭᠢᠮᠯᠡᠭᠦ ᠪᠣᠯ ᠱᠠᠭ᠎ᠠ | ᠨᠠᠭᠠᠳᠤᠮ ᠤᠨ ᠬᠠᠮᠤᠭ ᠦᠨᠲᠦᠰᠦᠨ ᠵᠠᠷᠴᠢᠮ ᠮᠥᠨ᠃ ᠱᠠᠭ᠎ᠠ ᠨᠠᠭᠠᠳᠤᠮ ᠳᠤ ᠤᠷᠤᠯᠴᠠᠭᠰᠠᠨ ᠪᠦᠭᠦᠨ ᠡᠷᠭᠡᠪᠰᠢ | ᠡᠨᠡᠭᠦ ᠵᠠᠷᠴᠢᠮ ᠢ ᠴᠢᠩᠭ᠎ᠠ ᠪᠠᠷᠢᠮᠳᠠᠯᠠᠨ ᠶᠤᠰᠤ ᠭᠤᠷᠢᠮ ᠢ ᠵᠢᠷᠤᠮᠯᠠᠨ ᠰᠠᠭᠢᠬᠤ ᠭᠡᠷᠡᠭᠲᠡᠢ᠃ ᠱᠠᠭ᠎ᠠ ᠨᠠᠭᠠᠳᠤᠮ ᠨᠢ ᠡᠪ | ᠨᠠᠶᠢᠷ ᠲᠠᠢ᠂ ᠭᠦᠷ ᠭᠦᠭᠵᠢᠶᠡᠨ ᠲᠠᠢ᠂ ᠶᠤᠰᠤᠷᠬᠠᠭ ᠪᠤᠯᠪᠠᠰᠤᠨ ᠤ ᠲᠤᠮᠳᠠ ᠶᠠᠪᠤᠭᠳᠠᠳᠠᠭ ᠲᠤᠯᠠ ᠶᠤᠰᠤ ᠪᠤᠰᠤ ᠪᠠᠷ | ᠠᠭᠠᠰᠢᠯᠠᠬᠤ᠂ ᠭᠡᠷᠡᠭᠦᠯ ᠮᠠᠷᠭᠤᠭᠠᠨ ᠡᠭᠦᠰᠭᠡᠭᠦ᠂ ᠠᠭᠤᠷᠯᠠᠵᠤ ᠤᠴᠠᠭᠠᠷᠯᠠᠬᠤ᠂ ᠬᠠᠭᠤᠷᠴᠤ ᠮᠡᠭᠡᠯᠡᠭᠦ ᠵᠡᠷᠭᠡ ᠡᠯᠲᠡᠪ | ᠡᠰᠡ ᠶᠢᠨ ᠵᠠᠩ ᠭᠠᠷᠭᠠᠬᠤ ᠶᠢ ᠤᠭᠳᠤ ᠵᠦᠪᠰᠢᠶᠡᠷᠡᠲᠡᠭ ᠦᠭᠡᠢ᠃ | ᠶᠡᠷᠦᠲᠡᠭᠡᠨ ᠱᠠᠭ᠎ᠠ ᠨᠠᠭᠠᠳᠬᠤ ᠳᠤ᠂ ᠬᠠᠮᠤᠭ ᠲᠡᠷᠢᠭᠦᠨ ᠳᠤ᠂ ᠨᠠᠰᠤ ᠵᠢᠯ ᠢᠶᠠᠷ ᠦᠨᠲᠦᠷ ᠠᠬᠠᠮᠠᠳ | ᠲᠤᠮᠤᠭᠤᠳᠠᠨ ᠠᠴᠠ ᠨᠠᠭᠠᠳᠤᠮ ᠤᠨ ᠶᠤᠰᠤ ᠲᠦᠷᠢᠮ ᠢ ᠶᠠᠷᠢᠵᠤ ᠲᠤᠳᠤᠷᠬᠠᠶᠢᠯᠠᠵᠤ ᠡᠭᠢᠯᠡᠯᠲᠡ ᠳᠠᠷᠠᠭᠠᠮᠵᠢ ᠶᠢ | ᠲᠤᠭᠲᠠᠭᠠᠨ᠂ ᠳᠠᠷᠠᠭ᠎ᠠ ᠪᠠᠷ ᠨᠢ ᠰᠠᠶ᠋ᠢ ᠨᠠᠭᠠᠳᠤᠮ ᠡᠭᠢᠯᠡᠲᠡᠭ᠃ ᠡᠶᠢᠮᠦ ᠠᠴᠠ᠂ ᠱᠠᠭ᠎ᠠ ᠨᠠᠭᠠᠳᠤᠮ ᠳᠤ ᠭᠡᠨ ᠶᠠᠮᠠᠷ | ᠭᠦᠮᠦᠨ ᠤᠷᠤᠯᠴᠠᠭᠰᠠᠨ ᠴᠦ ᠬᠠᠮᠢᠶ᠎ᠠ ᠦᠭᠡᠢ ᠪᠦᠭᠦᠲᠡᠭᠡᠷ ᠢᠶᠠᠨ ᠡᠷᠭᠡ ᠲᠡᠭᠰᠢ ᠲᠦᠪ ᠭᠤᠤᠯᠴᠢ ᠵᠡᠷᠴᠢᠮ ᠤᠨ | ᠭᠦᠷᠢᠶ᠎ᠡ ᠭᠢᠵᠠᠭᠠᠷ ᠲᠤᠳᠤᠷ᠎ᠠ ᠦᠪᠡᠷ ᠦᠪᠡᠷ ᠤᠨ ᠤᠬᠠᠭᠠᠨ ᠰᠠᠨᠠᠭᠠᠨ ᠳᠠᠭᠠᠨ ᠲᠦᠰᠢᠭᠯᠡᠨ ᠤᠷ᠎ᠠ ᠮᠡᠷᠭᠡᠵᠢᠯ ᠢᠶᠠᠨ | ᠭᠠᠷᠭᠠᠨ ᠭᠢᠷᠢ ᠪᠦᠲᠦᠮᠵᠢ ᠪᠠᠨ ᠤᠯᠳᠠᠭ᠃ ᠡᠨᠡ ᠲᠤᠮᠳᠠ ᠠᠬᠤᠢ ᠠᠮᠢᠳᠤᠷᠠᠯ ᠳᠠᠬᠢ ᠠᠶᠢᠯ ᠡᠷᠦᠭᠡ ᠶᠢᠨ ᠪᠠᠶᠢᠷᠢ | ᠰᠠᠭᠤᠷᠢ᠂ ᠡᠷᠭᠡ ᠲᠤᠰᠢᠶᠠᠯ᠂ ᠪᠠᠶᠠᠨ ᠶᠠᠳᠠᠭᠤ ᠪᠤᠯᠤᠨ ᠬᠤᠪᠢ ᠭᠦᠮᠦᠨ ᠤ ᠵᠠᠩ ᠳᠠᠳᠬᠠᠯ ᠲᠡᠷᠡ ᠪᠦᠭᠦᠨ ᠢᠶᠠᠷ ᠢᠶᠠᠨ | ᠭᠦᠴᠦᠨ ᠦᠭᠡᠢ ᠪᠤᠯᠳᠠᠭ᠃ ᠱᠠᠭ᠎ᠠ ᠨᠠᠭᠠᠳᠤᠮ ᠤᠨ ᠬᠠᠳᠠᠭᠤ ᠴᠢᠩᠭ᠎ᠠ ᠵᠠᠷᠴᠢᠮ ᠭᠢᠭᠡᠳ ᠶᠤᠰᠤ ᠲᠦᠷᠢᠮ ᠨᠢ | ᠭᠡᠤᠭᠡᠳ ᠪᠠᠭᠠᠴᠤᠳ ᠲᠤ ᠨᠡᠶᠢᠭᠡᠮ ᠢ ᠦᠢᠯᠠᠭᠠᠭᠤᠯᠬᠤ᠂ ᠭᠦᠮᠦᠨ ᠭᠦᠮᠦᠨ ᠤ ᠬᠤᠭᠤᠷᠤᠨᠳᠤᠭᠢ ᠬᠠᠷᠢᠴᠠᠭ᠎ᠠ ᠶᠢ | ᠮᠡᠲᠡᠭᠦᠯᠭᠦ᠂ ᠨᠡᠶᠢᠲᠡ ᠶᠢᠨ ᠲᠦᠷᠢᠮ ᠤᠯᠠᠨ ᠤ ᠲᠤᠭᠳᠠᠭᠠᠯ ᠢ ᠵᠢᠷᠤᠮᠯᠠᠬᠤ᠂ ᠪᠤᠰᠤᠳ ᠢ ᠭᠦᠨᠲᠦᠳᠭᠡᠭᠦ᠂ ᠪᠡᠶ᠎ᠡ ᠪᠠᠨ | ᠳᠠᠭᠠᠭᠠᠬᠤ ᠴᠢᠳᠠᠪᠤᠷᠢ ᠶᠢ ᠪᠤᠢ ᠪᠤᠯᠭᠠᠬᠤ᠂ ᠨᠦᠭᠦᠷᠯᠡᠯ ᠪᠤᠯᠤᠨ ᠦᠷᠢᠰᠦᠯᠲᠦᠭᠦ ᠵᠤᠷᠢᠭ ᠰᠠᠨᠠᠭ᠎ᠠ ᠶᠢ ᠪᠠᠳᠠᠷᠠᠭᠤᠯᠬᠤ | ᠵᠡᠷᠭᠡ ᠮᠠᠰᠢ ᠤᠯᠠᠨ ᠲᠠᠯ᠎ᠠ ᠪᠠᠷ ᠶᠤᠰᠤ ᠰᠤᠷᠲᠠᠯ ᠤᠨ ᠭᠦᠮᠦᠵᠢᠯ ᠭᠦᠷᠲᠡᠭᠡᠲᠡᠭ᠃ ᠱᠠᠭ᠎ᠠ ᠨᠠᠭᠠᠳᠤᠮ ᠤᠨ ᠠᠯᠢ ᠨᠢᠭᠡᠨ | ᠲᠦᠷᠦᠯ ᠨᠢ ᠴᠦ ᠭᠡᠳ ᠴᠦᠮ ᠨᠠᠷᠠ ᠵᠦᠪ ᠡᠷᠭᠢᠭᠦ ᠲᠦᠭᠡᠮᠡᠯ ᠵᠠᠷᠴᠢᠮ ᠶᠤᠰᠤ ᠲᠠᠢ ᠪᠠᠶᠢᠳᠠᠭ᠃ ᠭᠡᠭᠦ ᠳᠤ ︽ᠨᠠᠷᠠ | ᠵᠦᠪ᠂ ᠨᠠᠭᠠᠳᠤᠮ ᠪᠤᠷᠤᠭᠤ︾ ᠭᠡᠲᠡᠭ ᠢᠶᠠᠷ ᠱᠠᠭ᠎ᠠ ᠨᠠᠭᠠᠳᠬᠤ ᠳᠤ ᠭᠦᠷᠪᠠᠯ ᠬᠠᠷᠢᠨ ᠵᠠᠷᠴᠢᠮ ᠤᠨ ᠴᠢᠨᠠᠷ ᠲᠠᠢ | ᠠᠯᠳᠠᠭ᠎ᠠ ᠪᠤᠷᠤᠭᠤ ᠭᠠᠷᠭᠠᠬᠤ ᠳᠤ ᠭᠦᠷᠦᠨ᠎ᠡ᠃ ᠱᠠᠭ᠎ᠠ ᠨᠠᠭᠠᠳᠤᠮ ᠤᠨ ᠨᠠᠷᠠ ᠵᠦᠪ ᠡᠷᠭᠢᠯᠲᠡ ᠶᠢᠨ ᠵᠠᠷᠴᠢᠮ ᠠᠴᠠ | ᠦᠵᠡᠭᠦ ᠳᠤ᠂ ᠲᠡᠷᠡ ᠨᠢ ᠵᠦᠪᠭᠡᠨ ᠨᠠᠭᠠᠳᠤᠮ ᠪᠢᠰᠢ ᠬᠠᠷᠢᠨ ᠵᠦᠪ ᠡᠨᠧᠷᠭᠢ ᠬᠠᠩᠭᠠᠳᠠᠭ ᠭᠦᠮᠦᠵᠢᠯ ᠰᠤᠷᠭᠠᠯ | ᠪᠤᠯᠬᠤ ᠨᠢ ᠮᠠᠰᠢ ᠲᠤᠳᠤᠷᠬᠠᠢ ᠪᠠᠶᠢᠭ᠎ᠠ᠃ ᠱᠠᠭ᠎ᠠ ᠨᠠᠭᠠᠳᠬᠤ ᠳᠤ ᠤᠯᠠᠩᠭᠢ ᠳᠠᠭᠠᠨ ᠨᠠᠰᠤ ᠪᠠᠭ᠎ᠠ ᠭᠦᠮᠦᠨ ᠠᠴᠠ | ᠡᠭᠢᠯᠡᠭᠦ᠂ ᠤᠨ ᠵᠢᠯ ᠲᠠᠢ ᠢᠪᠡᠭᠡᠯ ᠭᠦᠮᠦᠨ ᠠᠴᠠ ᠡᠭᠢᠯᠡᠭᠦ ᠵᠤᠷᠰᠢᠯ ᠲᠠᠢ᠃ ᠨᠠᠰᠤ ᠪᠠᠭ᠎ᠠ ᠭᠦᠮᠦᠨ ᠠᠴᠠ | ᠡᠭᠢᠯᠡᠲᠡᠭ ᠨᠢ ᠭᠡᠤᠭᠡᠳ ᠪᠠᠭᠠᠴᠤᠳ ᠢᠶᠠᠨ ᠬᠠᠶᠢᠷᠠᠯᠠᠬᠤ᠂ ᠤᠷᠮᠠᠰᠢᠭᠤᠯᠤᠨ ᠵᠤᠷᠢᠭᠵᠢᠭᠤᠯᠬᠤ ᠤᠳᠬ᠎ᠠ ᠰᠠᠨᠠᠭ᠎ᠠ ᠲᠠᠢ | ᠪᠠᠶᠢᠵᠤ᠂ ᠤᠨ ᠵᠢᠯ ᠲᠠᠢ ᠢᠪᠡᠭᠡᠯ ᠭᠦᠮᠦᠨ ᠠᠴᠠ ᠡᠭᠢᠯᠡᠲᠡᠭ ᠨᠢ ᠵᠦᠩᠨᠡᠯ ᠪᠡᠯᠭᠡᠲᠡᠯ ᠤᠨ ᠤᠳᠬ᠎ᠠ ᠰᠠᠨᠠᠭ᠎ᠠ ᠶᠢ | ᠬᠠᠷᠠᠭᠤᠯᠵᠤ ᠪᠠᠶᠢᠳᠠᠭ᠃ ᠵᠠᠷᠢᠮ ᠦᠶ᠎ᠡ ᠳᠤ ᠦᠨᠲᠦᠷ ᠨᠠᠰᠤᠲᠠᠢ ︵70 ᠨᠠᠰᠤᠨ ᠠᠴᠠ ᠲᠡᠭᠡᠭᠰᠢ︶ ᠪᠤᠭᠤᠷᠤᠯᠴᠤᠳ | ᠪᠤᠶᠤ ᠭᠦᠨᠲᠦᠲᠦ ᠵᠤᠴᠢᠨ ᠢᠶᠠᠷ ᠢᠶᠠᠨ ᠡᠭᠢᠯᠡᠭᠦᠯᠲᠡᠭ ᠵᠠᠩᠰᠢᠯ ᠪᠠᠶᠢᠳᠠᠭ᠃ ᠡᠨᠡ ᠨᠢ ᠦᠭᠡᠷ᠎ᠡ ᠪᠤᠰᠤᠳ ᠢ | ᠭᠦᠨᠳᠤᠳᠭᠡᠵᠦ ᠪᠠᠶᠢᠭ᠎ᠠ ᠪᠤᠯᠬᠤᠷ ᠬᠠᠷᠢᠯᠴᠠᠨ ᠨᠢᠭᠡ ᠨᠢᠭᠡ ᠪᠠᠨ ᠤᠷᠢᠵᠤ ᠶᠠᠩᠨᠠᠷᠠᠯᠴᠠᠵᠤ ᠶᠡᠭᠡ ᠯᠡ ᠰᠦᠢᠳ ᠪᠤᠯᠳᠠᠭ | ᠪᠢᠯᠡ᠃ | ︵ᠬᠤᠶᠠᠷ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠤᠶᠤᠨ ᠮᠡᠲᠡᠯᠭᠡ ᠶᠢᠨ ᠭᠦᠮᠦᠵᠢᠯ | ᠭᠦᠷᠲᠡᠭᠡᠲᠡᠭ | ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠤᠨ ᠤᠢ ᠪᠢᠯᠢᠭ ᠢ ᠨᠡᠭᠡᠭᠡᠭᠲᠡᠭᠦᠯᠭᠦ᠂ ᠰᠡᠷᠡᠯ | ᠤᠬᠠᠭᠠᠨ ᠢ ᠭᠦᠭᠵᠢᠭᠦᠯᠭᠦ᠂ ᠰᠡᠳᠭᠢᠭᠦ ᠴᠢᠳᠠᠪᠤᠷᠢ ᠶᠢ ᠲᠡᠭᠡᠭᠰᠢᠯᠡᠭᠦᠯᠭᠦ᠂ ᠤᠶᠤᠨ ᠮᠡᠲᠡᠯᠭᠡ ᠶᠢ ᠨᠡᠮᠡᠭᠲᠡᠭᠦᠯᠭᠦ ᠵᠡᠷᠭᠡ | ᠲᠠᠯ᠎ᠠ ᠪᠠᠷ ᠤᠷᠠᠨ ᠠᠷᠭ᠎ᠠ ᠠᠪᠴᠠᠯ ᠢᠶᠠᠷ ᠭᠦᠲᠦᠯᠵᠤ ᠪᠠᠶᠢᠳᠠᠭ᠃ ᠲᠦᠷᠪᠡᠨ ᠪᠡᠷᠭᠡ ᠤᠷᠭᠢᠬᠤ᠂ ᠮᠤᠷᠢ ᠤᠷᠤᠯᠳᠤᠬᠤ | ᠂ ᠲᠡᠮᠡᠭᠡ ᠤᠷᠤᠯᠳᠤᠬᠤ᠂ ᠲᠠᠪᠤᠨ ᠬᠤᠰᠢᠭᠤ ᠮᠠᠯ ᠦᠷᠦᠭᠦ᠂ ᠠᠯᠳᠠᠨ ᠮᠡᠯᠡᠭᠡᠢ ᠦᠷᠦᠭᠦ ᠵᠡᠷᠭᠡ ᠠᠯᠢ ᠤᠯᠠᠨ ᠱᠠᠭ᠎ᠠ | ᠨᠠᠭᠠᠳᠤᠮ ᠤᠨ ᠲᠦᠷᠦᠯ ᠨᠢ ᠴᠦᠮ ᠭᠡᠤᠭᠡᠳ ᠪᠠᠭᠠᠴᠤᠳ ᠤᠨ ᠤᠶᠤᠨ ᠳᠠᠷᠢᠭᠢ ᠶᠢ ᠨᠡᠭᠡᠭᠡᠨ ᠭᠦᠭᠵᠢᠭᠦᠯᠵᠦ᠂ | ᠰᠡᠩᠭᠡᠭᠦᠷᠡᠯ ᠤᠨ ᠭᠦᠴᠦᠨ ᠤᠯᠭᠤᠵᠤ᠂ ᠪᠢᠯᠢᠭ ᠤᠬᠠᠭᠠᠨ ᠢ ᠬᠤᠷᠴᠠᠳᠬᠠᠵᠤ᠂ ᠤᠷ᠎ᠠ ᠴᠢᠳᠠᠪᠤᠷᠢ ᠶᠢ ᠨᠢ ᠰᠤᠷᠢᠳᠠᠭ | ᠪᠤᠯᠬᠤᠷ ᠠᠯᠢ ᠡᠷᠲᠡ ᠠᠴᠠ ᠪᠠᠨ ᠮᠤᠩᠭᠤᠯᠴᠤᠳ ᠤᠨ ᠤᠯᠠᠮᠵᠢᠯᠠᠯᠳᠤ ᠭᠡᠷ ᠤᠨ ᠭᠦᠮᠦᠵᠢᠯ ᠳᠠᠬᠢ ᠦᠷ᠎ᠡ ᠭᠡᠤᠭᠡᠳ ᠲᠤ | ᠤᠶᠤᠨ ᠮᠡᠲᠡᠯᠭᠡ ᠤᠯᠠᠮᠵᠢᠯᠠᠬᠤ ᠴᠢᠬᠤᠯᠠ ᠠᠷᠭ᠎ᠠ ᠳᠠᠮ ᠪᠤᠯᠤᠭᠰᠠᠨ ᠪᠠᠶᠢᠳᠠᠭ᠃ ᠱᠠᠭ᠎ᠠ ᠨᠠᠭᠠᠳᠤᠮ ᠡᠭᠢᠯᠡᠭᠦ ᠳᠤ | ᠠᠬᠠᠮᠠᠳ ᠲᠤᠮᠤᠭᠤᠳᠠᠨ ᠠᠴᠠ᠄ | ᠵᠧ︕ | ᠤᠸ᠋ᠮ ᠰᠠᠶᠢᠨ ᠠᠮᠤᠭᠤᠯᠠᠩ ᠪᠤᠯᠳᠤᠭᠠᠢ | ᠡᠩᠭᠡ ᠰᠠᠶᠢᠬᠠᠨ ᠵᠢᠷᠭᠠᠯᠠᠩ ᠪᠤᠯᠳᠤᠭᠠᠢ | ᠮᠠᠨᠤ ᠱᠢᠷᠤ ᠬᠤᠪᠤᠷ ᠡᠷᠲᠡᠨᠢ | ᠮᠠᠯ ᠰᠦᠷᠦᠭ ᠮᠢᠬᠠᠨ ᠡᠷᠲᠡᠨᠢ | ᠮᠢᠬᠠᠨ ᠤ ᠳᠤᠳᠤᠷ᠎ᠠ ᠶᠠᠰᠤᠨ ᠡᠷᠲᠡᠨᠢ | ᠶᠠᠰᠤᠨ ᠳᠤᠳᠤᠷ᠎ᠠ ᠱᠠᠭ᠎ᠠ ᠡᠷᠲᠡᠨᠢ ᠁ ᠭᠡᠮᠡᠨ ᠢᠷᠦᠭᠡᠯ ᠬᠠᠶᠢᠷᠠᠯᠠᠳᠠᠭ ᠳᠠᠳᠬᠠᠯ ᠲᠠᠢ᠃ ᠱᠠᠭ᠎ᠠ ᠶᠢᠨ | ᠢᠷᠦᠭᠡᠯ ᠮᠠᠭᠳᠠᠭᠠᠯ ᠨᠢ ᠮᠠᠯᠴᠢᠨ ᠤᠭᠰᠠᠭᠠᠳᠠᠨ ᠤ ᠰᠠᠶᠢᠨ ᠰᠠᠶᠢᠬᠠᠨ ᠤ ᠭᠦᠰᠡᠯ ᠵᠦᠩᠨᠡᠯ᠂ ᠠᠵᠠ ᠵᠢᠷᠭᠠᠯ ᠤᠨ | ᠪᠡᠯᠭᠡᠲᠡᠯ᠂ ᠠᠵᠢᠯ ᠦᠢᠯᠡᠰ ᠤᠨ ᠪᠦᠲᠦᠮᠵᠢ᠂ ᠦᠨᠡᠨᠴᠢ ᠴᠠᠭᠠᠪᠤᠷᠢ ᠰᠡᠳᠭᠢᠯᠭᠡ ᠵᠡᠷᠭᠡ ᠶᠢ ᠢᠯᠡᠳᠭᠡᠨ ᠬᠠᠷᠠᠭᠤᠯᠵᠤ | ᠪᠠᠶᠢᠳᠠᠭ᠃ ᠡᠨᠡ ᠨᠢ ᠱᠠᠭ᠎ᠠ ᠨᠠᠭᠠᠳᠤᠮᠴᠢᠳ ᠲᠤ ᠪᠠᠶᠠᠷ ᠪᠠᠭ᠋ᠠᠳᠤᠯ᠂ ᠭᠦᠷ ᠨᠠᠷᠭᠢᠶᠠᠨ᠂ ᠢᠲᠡᠭᠡᠯ ᠪᠢᠰᠢᠷᠡᠯ ᠤᠨ | ᠠᠤᠭ᠎ᠠ ᠭᠦᠴᠦᠨ ᠢ ᠠᠪᠴᠢᠷᠠᠳᠠᠭ ᠪᠠᠶᠢᠨ᠎ᠠ᠃ ᠵᠡᠭᠦᠨᠭᠠᠷ ᠪᠤᠶᠠᠨᠪᠠᠳᠤ ᠶᠢᠨ ᠵᠤᠭᠢᠶᠠᠭᠰᠠᠨ ︽ᠠᠯᠠᠭ ᠱᠠᠭᠠᠢ ᠶᠢᠨ | ᠮᠠᠭᠳᠠᠭᠠᠯ︾ ᠳᠤ᠄ | ︽ᠲᠦᠷᠪᠡᠡ ᠮᠡᠷᠭᠡᠡ ᠱᠠᠭᠠᠢ ᠳᠠᠭᠠᠨ | ᠲᠡᠯᠡᠬᠡᠢ ᠶᠢᠨ ᠵᠠᠶᠠᠭ᠎ᠠ ᠶᠢ ᠰᠢᠪᠰᠢᠭᠰᠡᠠ | ᠲᠡᠩᠳᠡᠭᠦᠦ ᠬᠦᠭᠡᠷᠦᠬᠦᠨ ᠨᠠᠭᠠᠳᠤᠭᠠᠢ ᠳᠠᠭᠠᠨ | ᠲᠡᠭᠡᠳᠦᠰ ᠤᠨ ᠰᠤᠷᠭᠠᠯ ᠢ ᠪᠠᠭᠳᠠᠭᠠᠭᠰᠠᠠ ᠁ | ᠱᠠᠭᠠᠢ ᠪᠤᠳᠠᠷᠠᠭᠠᠵᠦ ᠪᠤᠯᠬᠤ ᠦᠭᠡᠢ ᠰᠢᠦ | ᠮᠠᠯ ᠤᠨ ᠵᠠᠶᠠᠭ᠎ᠠ ᠵᠠᠶᠢᠯᠠᠳᠠᠭ ᠶᠤᠮ | ᠱᠠᠭᠠᠢ ᠭᠡᠭᠡᠵᠦ ᠪᠤᠯᠬᠤ ᠦᠭᠡᠢ ᠰᠢᠦ | ᠡᠵᠡᠡ ᠢᠶᠠᠨ ᠦᠭᠡᠶᠢᠯᠡᠵᠦ ᠭᠤᠮᠤᠳᠠᠳᠠᠭ ᠶᠤᠮ ᠁ | ᠬᠦᠨᠳᠦᠳᠦ ᠮᠤᠩᠭᠤᠯ ᠤᠨ ᠲᠤᠭᠯᠠᠭᠠᠮ ᠢᠶᠠᠨ | ᠬᠦᠮᠦᠨ ᠪᠦᠬᠦᠨ ᠲᠡᠭᠡᠳᠦᠯᠡᠶᠡ | ᠬᠦᠴᠦᠷᠬᠡᠭ ᠲᠡᠭᠡᠳᠦᠰ ᠤᠨ ᠰᠣᠶᠣᠯ ᠢᠶᠠᠨ | ᠬᠦᠭᠵᠢᠯ ᠤᠨ ᠮᠠᠩᠯᠠᠢ ᠳᠤ ᠠᠯᠳᠠᠷᠰᠢᠭᠤᠯᠤᠶ᠎ᠠ ᠁︾ — ᠭᠡᠮᠡᠨ ᠱᠠᠭ᠎ᠠ ᠨᠠᠭᠠᠳᠤᠮ ᠤᠨ ᠪᠡᠯᠭᠡ | ᠲᠡᠮᠪᠡᠷᠢᠯ ᠪᠤᠯᠤᠨ ᠴᠡᠭᠡᠷ ᠬᠤᠷᠢᠭ᠎ᠠ ᠵᠡᠷᠭᠡ ᠲᠠᠯ᠎ᠠ ᠶᠢᠨ ᠶᠤᠰᠤ ᠵᠠᠩᠰᠢᠯ ᠢ ᠤᠷᠠᠨ ᠢᠶᠠᠷ ᠢᠯᠡᠳᠭᠡᠭᠰᠡᠨ ᠪᠠᠶᠢᠳᠠᠭ᠃ | ᠮᠤᠷᠢ ᠤᠷᠤᠯᠳᠤᠬᠤ ᠱᠠᠭ᠎ᠠ ᠨᠠᠭᠠᠳᠤᠮ ᠨᠢ ᠮᠠᠯᠵᠢᠯ ᠠᠮᠢᠳᠤᠷᠠᠯ ᠤᠨ ᠬᠠᠮᠤᠭ ᠤᠨ ᠲᠦᠭᠡᠮᠡᠯ ᠦᠵᠡᠭᠲᠡᠯ ᠢ ᠲᠤᠰᠬᠠᠳᠠᠭ | ᠮᠦᠷᠲᠡᠭᠡᠨ ᠦᠢᠯᠠᠭᠠᠬᠤ ᠳᠤ ᠲᠦᠭᠦᠮ ᠠᠪᠰᠠᠷᠬᠠᠨ ᠪᠠᠶᠢᠳᠠᠭ ᠲᠤᠯᠠ ᠨᠠᠰᠤᠳᠠᠨ ᠪᠤᠭᠤᠷᠤᠯ ᠪᠤᠯᠤᠨ ᠨᠠᠰᠤ ᠪᠠᠭ᠎ᠠ | ᠭᠡᠤᠭᠡᠳ ᠤᠨ ᠠᠯᠢ ᠨᠢ ᠴᠦ ᠨᠠᠭᠠᠳᠴᠤ ᠴᠢᠳᠠᠳᠠᠭ᠃ ᠲᠤᠰ ᠨᠠᠭᠠᠳᠤᠮ ᠢ ᠨᠠᠭᠠᠳᠬᠤ ᠪᠠᠷ ᠳᠠᠮᠵᠢᠨ ᠭᠡᠤᠭᠡᠳ | ᠪᠠᠭᠠᠴᠤᠳ ᠲᠤᠩ ᠤᠯᠠᠨ ᠮᠡᠲᠡᠯᠭᠡ ᠡᠵᠡᠮᠰᠢᠲᠡᠭ᠃ ᠳᠠᠷᠦᠢ 7 ᠪᠤᠶᠤ 7 ᠶᠢᠨ ᠳᠠᠭᠢᠨ ᠲᠤᠭ᠎ᠠ ᠪᠠᠷ ᠱᠠᠭ᠎ᠠ ᠶᠢ | ᠮᠤᠷᠢᠨ ᠲᠠᠯ᠎ᠠ ᠪᠠᠷ ᠨᠢ ᠨᠢᠭᠡ ᠱᠤᠭᠤᠮ ᠲᠡᠭᠡᠷ᠎ᠡ ᠴᠤᠪᠤᠷᠢᠭᠤᠯᠤᠨ ᠤᠷᠤᠯᠳᠤᠭᠠᠨ ᠤ ᠵᠠᠮ ᠱᠤᠭᠤᠮ ᠪᠤᠯᠭᠠᠬᠤ᠂ | ᠭᠡᠭᠦ ᠳᠡᠭᠡᠨ ᠬᠠᠮᠤᠭ ᠠᠷᠪᠢᠨ ᠳᠠᠭᠠᠨ 21 ᠱᠠᠭ᠎ᠠ ᠠᠴᠠ ᠳᠠᠪᠠᠭᠤᠯᠳᠠᠭ ᠶᠤᠰᠤ ᠦᠭᠡᠢ᠃ ᠤᠷᠤᠯᠳᠤᠭᠠᠨ ᠤ ᠵᠠᠮ | ᠱᠤᠭᠤᠮ ᠠᠴᠠ ᠰᠦᠭᠦᠮ ᠵᠠᠢ ᠳᠤ ᠡᠭᠢᠯᠡᠯᠲᠡ ᠶᠢᠨ ᠴᠡᠭ ᠢ ᠲᠤᠭᠳᠠᠭᠠᠨ ᠤᠷᠤᠯᠳᠤᠭᠠᠨ ᠤ ᠮᠤᠷᠢᠳ ︵ᠭᠦᠮᠦᠨ | ᠪᠦᠷᠢ ᠶᠢᠨ ᠨᠢᠭᠡ ᠱᠠᠭ᠎ᠠ︶ ᠢ ᠨᠢᠭᠡ ᠱᠤᠭᠤᠮ ᠲᠡᠭᠡᠷ᠎ᠡ ᠭᠦᠨᠲᠡᠯᠡᠨ ᠪᠠᠷ ᠠᠷᠤᠭᠰᠢ ᠨᠢ ᠬᠠᠨᠳᠤᠭᠤᠯᠤᠨ ᠵᠢᠭᠰᠠᠭᠠᠵᠤ᠂ | ᠮᠥᠨ ᠤᠷᠤᠯᠳᠤᠭᠠᠨ ᠤ ᠵᠠᠮ ᠱᠤᠭᠤᠮ ᠠᠴᠠ ᠰᠦᠭᠦᠮ ᠵᠠᠢ ᠳᠤ ᠨᠢᠭᠡ ᠤᠪᠤᠭ᠎ᠠ ᠪᠤᠰᠬᠠᠨ ᠪᠠᠷᠢᠭᠠᠨ ᠤ ᠭᠠᠵᠠᠷ ︵ | ᠲᠡᠭᠦᠰᠭᠡᠯ ᠤᠨ ᠴᠡᠭ︶ ᠪᠤᠯᠭᠠᠬᠤ᠂ ᠤᠷᠭᠢᠯᠳᠠ ᠶᠢᠨ 4 ᠱᠠᠭ᠎ᠠ ᠶᠢ ᠤᠷᠭᠢᠭᠠᠳ ᠠᠩᠬᠠᠨ ᠤ ᠮᠤᠷᠢ ᠪᠠᠭᠤᠬᠤ ᠳᠤ | ᠤᠷᠤᠯᠳᠤᠭᠠᠨ ᠤ ᠮᠤᠷᠢ ᠡᠷᠭᠢᠭᠦ᠂ ᠳᠠᠷᠠᠭᠠᠴᠢ ᠶᠢᠨ ᠤᠷᠭᠢᠯᠲᠠ ᠳᠤ ᠪᠠᠭᠤᠭᠰᠠᠨ ᠮᠤᠷᠢᠨ ᠤ ᠲᠤᠭ᠎ᠠ ᠪᠠᠷ | ᠤᠷᠤᠯᠳᠤᠭᠠᠨ ᠤ ᠮᠤᠷᠢ ᠪᠠᠨ ᠤᠷᠤᠭᠰᠢ ᠭᠦᠶᠦᠯᠭᠡᠭᠦ ︵ᠠᠭᠢᠭᠤᠯᠬᠤ︶᠂ ᠲᠡᠭᠦᠰᠭᠡᠯ ᠤᠨ ᠴᠡᠭ ᠭᠦᠷᠭᠦ ᠳᠤ | ᠤᠪᠤᠭ᠎ᠠ ᠪᠠᠨ ᠨᠠᠷᠠ ᠵᠦᠪ ᠢᠶᠠᠷ 3 ᠡᠷᠭᠢᠵᠦ ᠦᠵᠦᠭᠦᠷ ᠮᠠᠩᠨᠠᠢ ᠲᠤᠳᠤᠷᠠᠳᠠᠭ᠃ ᠮᠠᠩᠨᠠᠢ ᠠᠪᠤᠭᠰᠠᠨ ᠮᠤᠷᠢ ᠳᠤ | ᠠᠬᠠᠮᠠᠳ ᠲᠤᠮᠤᠭᠠᠳᠠᠨ ᠠᠴᠠ ︽ᠮᠤᠷᠢᠨ ᠤ ᠢᠷᠦᠭᠡᠯ︾ ᠲᠠᠯᠪᠢᠳᠠᠭ ᠵᠤᠷᠰᠢᠯ ᠲᠠᠢ᠃ ᠡᠭᠦᠨ ᠠᠴᠠ ᠦᠵᠡᠪᠡᠯ᠂ | ᠵᠦᠪᠭᠡᠨ ᠮᠤᠷᠢ ᠤᠷᠤᠯᠳᠤᠬᠤ ᠱᠠᠭ᠎ᠠ ᠨᠠᠭᠠᠳᠤᠮ ᠤᠨ ᠶᠠᠪᠤᠴᠠ ᠲᠤᠮᠳᠠ ᠠᠴᠠ ᠭᠡᠤᠭᠡᠳ ᠪᠠᠭᠠᠴᠤᠳ ᠲᠤᠭ᠎ᠠ | ᠭᠡᠮᠵᠢᠭᠲᠡᠯ ᠠᠴᠠ ᠠᠪᠤᠭᠠᠳ ᠢᠷᠦᠭᠡᠯ ᠮᠠᠭᠳᠠᠭᠠᠯ ᠤᠨ ᠪᠠᠶᠠᠯᠢᠭ ᠰᠠᠶᠢᠬᠠᠨ ᠤᠷᠠᠨ ᠭᠡᠯᠡ ᠭᠡᠯᠡᠯᠭᠡ ᠳᠤ ᠭᠦᠷᠲᠡᠯ᠎ᠡ᠂ | ᠨᠠᠭᠠᠳᠤᠮ ᠤᠨ ᠲᠦᠷᠢᠮ ᠭᠤᠷᠢᠮ ᠠᠴᠠ ᠠᠪᠤᠭᠠᠳ ᠦᠨᠲᠦᠰᠦᠲᠡᠨ ᠤ ᠪᠠᠨ ᠤᠯᠠᠨ ᠠᠷᠪᠢᠨ ᠶᠤᠰᠤ ᠵᠠᠩᠰᠢᠯ ᠢ | ᠦᠢᠯᠠᠭᠠᠨ ᠮᠡᠲᠡᠵᠦ ᠡᠵᠡᠮᠰᠢᠲᠡᠭ ᠶᠤᠮ ᠪᠠᠶᠢᠨ᠎ᠠ᠃ ᠡᠭᠦᠨ ᠠᠴᠠ ᠭᠠᠳᠠᠨ᠎ᠠ᠂ ᠱᠠᠭ᠎ᠠ ᠨᠠᠭᠠᠳᠤᠮ ᠤᠨ ᠶᠠᠪᠤᠴᠠ | ᠲᠤᠮᠳᠠ ᠨᠠᠭᠠᠳᠤᠮᠴᠢᠳ ᠬᠤᠭᠤᠷᠤᠨᠳᠤ ᠪᠠᠨ ᠤᠨᠢᠰᠤᠭ᠎ᠠ ᠲᠠᠭᠠᠯᠴᠠᠬᠤ᠂ ᠦᠯᠢᠭᠡᠷ ᠲᠤᠮᠤᠭ ᠶᠠᠷᠢᠬᠤ᠂ ᠵᠦᠢᠷ ᠰᠡᠴᠡᠨ | ᠦᠭᠡ ᠪᠤᠶᠤ ᠭᠡᠯᠡ ᠵᠦᠭᠰᠢᠷᠡᠭᠦᠯᠭᠦ ᠦᠭᠡ ᠭᠡᠯᠡᠭᠦ᠂ ᠳᠠᠭᠤᠤ ᠳᠠᠭᠤᠯᠠᠬᠤ᠂ ᠱᠤᠭ ᠭᠠᠷᠭᠠᠬᠤ ᠵᠡᠷᠭᠡ ᠤᠯᠠᠨ | ᠵᠦᠢᠯ ᠤᠨ ᠤᠷ᠎ᠠ ᠠᠪᠢᠶᠠᠰ ᠢᠶᠠᠨ ᠢᠯᠡᠷᠡᠭᠦᠯᠦᠨ ᠭᠦᠷ ᠭᠦᠭᠵᠢᠶᠡᠨ ᠨᠡᠮᠡᠷᠢᠯᠡᠲᠡᠭ ᠶᠤᠮ᠃ ᠶᠡᠷᠦᠨᠢ ᠲᠡᠭᠡᠭᠡᠳ ᠱᠠᠭ᠎ᠠ | ᠨᠠᠭᠠᠳᠤᠮ ᠤᠨ ᠪᠤᠢ ᠪᠦᠭᠦᠢ ᠲᠦᠷᠦᠯ ᠵᠦᠢᠯ ᠨᠢ ᠴᠦᠮ ᠳᠠᠯᠠᠢ ᠶᠡᠭᠡ ᠮᠡᠲᠡᠯᠭᠡ ᠶᠢᠨ ᠰᠠᠩ ᠪᠤᠯᠵᠤ ᠪᠠᠶᠢᠳᠠᠭ ᠪᠤᠯᠬᠤᠷ | ᠠᠯᠢ ᠨᠢᠭᠡᠨ ᠲᠦᠷᠦᠯ ᠤᠨ ᠨᠠᠭᠠᠳᠤᠮ ᠢ ᠨᠢ ᠨᠠᠭᠠᠳᠤᠭᠰᠠᠨ ᠴᠦ ᠪᠦᠷ ᠭᠡᠤᠭᠡᠳ ᠪᠠᠭᠠᠴᠤᠳ ᠲᠤ ᠤᠶᠤᠨ ᠤ | ᠮᠡᠲᠡᠯᠭᠡ ᠶᠢᠨ ᠰᠢᠮ᠎ᠡ ᠬᠠᠩᠭᠠᠵᠤ᠂ ᠪᠢᠯᠢᠭ ᠤᠨ ᠭᠡᠭᠡᠷᠡᠯ ᠢ ᠤᠯᠭᠤᠳᠠᠭ᠃ ᠡᠶᠢᠮᠦ ᠢᠶᠠᠷ ᠢᠶᠠᠨ ᠱᠠᠭ᠎ᠠ ᠨᠠᠭᠠᠳᠤᠮ ᠪᠣᠯ | ᠢᠰᠠᠭᠡᠢ ᠲᠤᠭᠤᠷᠭᠠᠳᠠᠨ ᠤ ᠤᠶᠤᠨ ᠮᠡᠲᠡᠯᠭᠡ ᠶᠢᠨ ᠳᠠᠯᠠᠢ ᠶᠡᠭᠡ ᠭᠦᠮᠦᠷᠭᠡ ᠮᠥᠨ᠃ | ︵ᠭᠤᠷᠪᠠ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠪᠡᠶ᠎ᠡ ᠰᠡᠳᠭᠢᠯ ᠤᠨ ᠲᠠᠩᠭᠡᠭᠦᠷᠡᠯ ᠤᠨ ᠭᠦᠮᠦᠵᠢᠯ | ᠭᠦᠷᠲᠡᠭᠡᠲᠡᠭ | ᠪᠠᠭ᠎ᠠ ᠭᠡᠤᠭᠡᠳ ᠱᠠᠭ᠎ᠠ ᠶᠢ ᠭᠠᠷ ᠲᠠᠭᠠᠨ ᠪᠠᠷᠢᠵᠤ ᠡᠷᠭᠢᠭᠦᠯᠵᠤ ᠤᠷᠪᠠᠭᠤᠯᠵᠤ ᠰᠤᠨᠢᠷᠬᠠᠬᠤ ᠶᠠᠪᠤᠴᠠ ᠳᠤ | ᠨᠢᠳᠤᠨ ᠬᠠᠷᠠᠭᠠᠨ ᠤ ᠰᠡᠷᠡᠯ ᠪᠤᠯᠤᠨ ᠭᠠᠷ ᠬᠤᠷᠤᠭᠤᠨ ᠤ ᠮᠡᠲᠡᠷᠡᠮᠵᠢ ᠶᠢ ᠨᠦᠯᠦᠭᠡᠯᠡᠭᠦ ᠪᠠᠷ ᠳᠠᠮᠵᠢᠨ ᠱᠠᠭ᠎ᠠ ᠲᠠᠢ | ᠲᠠᠨᠢᠯᠴᠠᠳᠠᠭ᠃ ᠪᠠᠭ᠎ᠠ ᠭᠡᠤᠭᠡᠳ ᠱᠠᠭ᠎ᠠ ᠶᠢ ᠭᠠᠷ ᠲᠤ ᠪᠠᠨ ᠠᠳᠬᠤᠨ ᠡᠷᠭᠢᠭᠦᠯᠵᠦ ᠤᠷᠪᠠᠭᠤᠯᠬᠤ ᠨᠢ ᠬᠠᠷᠠᠭᠠᠨ | ᠰᠡᠷᠡᠯ ᠢ ᠲᠦᠪᠯᠡᠷᠡᠭᠦᠯᠦᠨ ᠭᠦᠭᠵᠢᠭᠦᠯᠭᠦ᠂ ᠭᠠᠷ ᠤᠨ ᠠᠯᠠᠭᠠᠨ ᠳᠤ ᠨᠢ ᠢᠯᠪᠢᠯᠲᠠ ᠡᠭᠦᠰᠭᠡᠨ ᠲᠤᠳᠤᠷ ᠡᠷᠭᠡᠲᠡᠨ ᠢ | ᠰᠠᠶᠢᠵᠢᠷᠠᠭᠤᠯᠬᠤ᠂ ᠭᠠᠷ ᠬᠤᠷᠤᠭᠤᠨ ᠤ ᠭᠦᠴᠦ ᠴᠢᠳᠠᠯ ᠢ ᠨᠡᠮᠡᠭᠲᠡᠭᠦᠯᠭᠦ᠂ ᠭᠠᠷ ᠤᠨ ᠪᠤᠯᠴᠢᠩ ᠤᠨ ᠭᠦᠭᠵᠢᠯᠲᠡ ᠶᠢ | ᠨᠦᠯᠦᠭᠡᠯᠡᠨ ᠪᠡᠶ᠎ᠡ ᠶᠢᠨ ᠭᠦᠴᠦᠨ ᠴᠢᠳᠠᠯ ᠢ ᠨᠡᠮᠡᠭᠲᠡᠭᠦᠯᠲᠡᠭ᠃ ᠭᠡᠤᠭᠡᠳ ᠭᠡᠯᠡ ᠳᠤ ᠤᠷᠤᠬᠤ ᠲᠠᠢ ᠵᠡᠷᠭᠡ ᠨᠢᠭᠡᠨᠲᠡ | ᠳᠠᠰᠤᠯ ᠪᠤᠯᠤᠭᠰᠠᠨ ᠱᠠᠭ᠎ᠠ ᠪᠠᠷ ᠢᠶᠠᠨ ᠳᠠᠪᠤᠨ ᠬᠤᠰᠢᠭᠤ ᠮᠠᠯ ᠤᠨ ᠢᠶᠠᠨ ᠨᠠᠷ᠎ᠡ ᠶᠢ ᠭᠡᠯᠡᠵᠤ ᠴᠢᠳᠠᠬᠤ᠂ ᠨᠢᠭᠡ ᠬᠤᠶᠠᠷ | ᠭᠡᠮᠡᠨ ᠲᠤᠭ᠎ᠠ ᠲᠤᠭᠠᠯᠠᠵᠤ ᠡᠭᠢᠯᠡᠲᠡᠭ᠃ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠤᠨ ᠨᠢᠳᠤᠨ ᠬᠠᠷᠠᠭ᠎ᠠ ᠶᠢ | ᠵᠦᠭᠰᠢᠷᠡᠭᠦᠯᠭᠦ᠂ ᠭᠠᠷ ᠬᠤᠷᠤᠭᠤᠨ ᠤ ᠦᠶ᠎ᠡ ᠭᠡᠰᠢᠭᠦᠦ ᠶᠢ ᠤᠶᠠᠨ ᠤᠷᠠᠨ ᠮᠦᠷᠲᠡᠭᠡᠨ ᠬᠤᠷᠳᠤᠨ ᠱᠠᠯᠠᠮᠠᠭᠠᠢ | ᠪᠤᠯᠭᠠᠬᠤ ᠳᠤ ᠮᠠᠰᠢ ᠴᠢᠬᠤᠯᠠ ᠦᠢᠯᠡᠲᠦᠯ ᠦᠵᠡᠭᠦᠯᠲᠡᠭ᠃ ᠱᠠᠭ᠎ᠠ ᠰᠠᠶᠢᠨ ᠨᠠᠭᠠᠳᠪᠠᠯ ᠤᠬᠠᠭ᠎ᠠ ᠰᠡᠷᠭᠦᠯᠡᠩ ᠳᠠᠷᠢᠭᠢ | ᠬᠤᠷᠴᠠ᠂ ᠭᠡᠯᠡ ᠭᠡᠯᠡᠯᠭᠡ ᠪᠠᠶᠠᠨ ᠠᠪᠢᠶᠠᠰᠯᠢᠭ ᠪᠤᠯᠵᠤ ᠬᠤᠯᠪᠤᠨ ᠰᠡᠳᠭᠢᠭᠦ ᠪᠠᠷ ᠴᠢᠳᠠᠮᠠᠭ᠂ ᠴᠡᠭᠡᠵᠢᠯᠡᠭᠦ | ᠴᠢᠳᠠᠪᠦᠷᠢ ᠪᠠᠷ ᠰᠠᠶᠢᠨ ᠪᠤᠯᠳᠠᠭ ᠭᠡᠲᠡᠭ ᠦᠭᠡ ᠲᠠᠢ ᠪᠤᠯᠬᠤᠷ ᠭᠡᠤᠭᠡᠳ ᠪᠠᠭᠠᠴᠤᠳ ᠤᠨ ᠪᠠᠶ᠎ᠠ ᠰᠡᠳᠭᠢᠴᠡ ᠶᠢᠨ | ᠭᠦᠭᠵᠢᠯᠲᠠ ᠳᠤ ᠲᠡᠩᠭᠡᠭᠦᠷᠡᠯ ᠪᠤᠯᠳᠠᠭ᠃ | ︵ᠲᠦᠷᠪᠡ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠭᠤᠸ᠎ᠠ ᠵᠦᠢ ᠶᠢᠨ ᠭᠦᠮᠦᠵᠢᠯ ᠭᠦᠷᠲᠡᠭᠡᠲᠡᠭ | ᠮᠠᠯᠴᠢᠨ ᠲᠦᠮᠠᠨ ︽ᠱᠠᠭ᠎ᠠ ᠰᠠᠶᠢᠬᠠᠨ ᠮᠦᠯᠵᠢᠪᠡᠯ ᠰᠠᠶᠢᠨ ᠠᠭᠳᠠ ᠤᠨᠤᠨ᠎ᠠ᠂ ᠪᠤᠷᠪᠢ ᠰᠠᠶᠢᠬᠠᠨ ᠮᠦᠯᠵᠢᠪᠡᠯ | ᠰᠠᠶᠢᠨ ᠠᠳᠠ ᠤᠨᠤᠨ᠎ᠠ︾ ᠭᠡᠮᠡᠨ ᠱᠠᠭ᠎ᠠ ᠶᠢ ᠴᠡᠪᠡᠷ ᠰᠠᠶᠢᠬᠠᠨ ᠮᠦᠯᠵᠢᠨ ᠴᠠᠶᠢᠯᠭᠠᠳᠠᠭ ᠵᠤᠷᠰᠢᠯ ᠲᠠᠢ᠃ ︽ᠱᠠᠭ᠎ᠠ | ᠠᠷᠪᠢᠨ ᠬᠤᠷᠢᠶᠠᠪᠠᠯ ᠮᠠᠯ ᠦᠨᠢᠷ ᠦᠰᠲᠡᠭ︾ ᠭᠡᠮᠡᠨ ᠱᠠᠭ᠎ᠠ ᠶᠢ ᠭᠡᠭᠡᠵᠦ ᠬᠠᠶᠠᠯ ᠦᠭᠡᠢ ᠪᠠᠷ ᠲᠤᠰᠬᠠᠢ ᠭᠤᠶᠤ | ᠰᠠᠶᠢᠬᠠᠨ ᠰᠢᠷᠢᠮᠡᠯ ᠤᠭᠤᠳᠠ ᠪᠤᠶᠤ ᠤᠭᠠᠯᠵᠠᠨ ᠭᠡ ᠲᠠᠢ ᠠᠪᠳᠠᠷ᠎ᠠ ᠳᠤ ᠬᠤᠷᠢᠶᠠᠨ ᠬᠠᠳᠠᠭᠠᠯᠠᠬᠤ᠂ ᠬᠠᠳᠠᠨ ᠤ ᠬᠠᠭ | ᠪᠤᠶᠤ ᠪᠤᠰᠤᠳ ᠵᠦᠢᠯ ᠤᠨ ᠪᠤᠳᠤᠭ ᠢᠶᠠᠷ ᠱᠠᠭ᠎ᠠ ᠪᠠᠨ ᠪᠤᠳᠤᠵᠤ ᠤᠯᠠᠨ ᠦᠩᠭᠡ ᠶᠢᠨ ᠭᠤᠶᠤ ᠱᠠᠭ᠎ᠠ ᠪᠤᠯᠭᠠᠨ | ᠨᠠᠭᠠᠳᠳᠠᠭ᠃ ᠦᠩᠭᠡ ᠪᠤᠳᠤᠭ ᠲᠠᠢ ᠱᠠᠭ᠎ᠠ ᠪᠠᠷ ᠤᠯᠠᠨ ᠭᠦᠮᠦᠨ ᠮᠤᠷᠢ ᠤᠷᠤᠯᠳᠤᠬᠤ ᠳᠤ ᠭᠡᠨ ᠤ ᠵᠢᠷᠤᠭ᠎ᠠ ᠬᠠᠷ᠎ᠠ᠂ | ᠭᠡᠨ ᠤ ᠬᠤᠷᠳᠤᠨ ᠵᠡᠭᠡᠷᠲᠡ᠂ ᠭᠡᠨ ᠤ ᠤᠷᠤᠭ᠎ᠠ ᠰᠢᠷᠭ᠎ᠠ ᠭᠡᠮᠡᠨ ᠨᠡᠷᠡᠯᠡᠵᠦ᠂ ᠲᠡᠮᠡᠭᠡ ᠤᠷᠤᠯᠳᠤᠬᠤ ᠳᠤ ᠭᠡᠨ ᠤ | ᠲᠤᠭᠰᠢᠨ ᠭᠦᠭᠡ ᠲᠡᠷᠢᠭᠦᠯᠡᠵᠦ᠂ ᠭᠡᠨ ᠤ ᠰᠤᠯᠢᠪᠤ ᠰᠢᠷ᠎ᠠ ᠠᠮᠠᠨ ᠭᠦᠵᠦᠭᠦᠨ ᠳᠤ ᠢᠷᠡᠯ᠎ᠡ᠂ ᠭᠡᠨ ᠤ ᠵᠤᠵᠢᠭ ᠬᠠᠷ᠎ᠠ | ᠪᠠᠶᠠᠨ ᠬᠤᠳᠤᠭᠠᠳᠤ ᠪᠤᠯᠤᠯ᠎ᠠ ᠭᠡᠭᠦᠴᠢᠯᠡᠨ ᠭᠦᠷ ᠨᠡᠷᠭᠢᠶᠠᠨ ᠪᠤᠯᠳᠠᠭ᠃ ᠭᠡᠤᠭᠡᠳ ᠢᠶᠠᠷ ᠱᠠᠭ᠎ᠠ ᠪᠠᠷ ᠠᠯᠳᠠᠨ ᠮᠡᠯᠡᠭᠡᠢ | ᠦᠷᠦᠭᠦᠯᠵᠦ ᠭᠡᠨ ᠭᠡᠨ ᠨᠢ ᠭᠤᠶᠤ ᠰᠠᠶᠢᠬᠠᠨ ᠦᠷᠦᠭᠰᠡᠨ ᠢ ᠨᠢ ᠠᠳᠠᠯᠢᠳᠬᠠᠳᠠᠭ᠃ ᠡᠲᠡᠭᠡᠷ ᠱᠠᠭ᠎ᠠ ᠨᠠᠭᠠᠳᠤᠮ ᠤᠨ | ᠶᠠᠪᠤᠴᠠ ᠳᠤ ᠭᠡᠤᠭᠡᠳ ᠪᠠᠭᠠᠴᠤᠳ ᠭᠤᠸ᠎ᠠ ᠵᠦᠢ ᠶᠢᠨ ᠭᠦᠮᠦᠵᠢᠯ ᠭᠦᠷᠲᠡᠨ ᠭᠤᠸ᠎ᠠ ᠰᠠᠶᠢᠬᠠᠨ ᠤ ᠲᠤᠬᠠᠢ ᠦᠯᠡᠮᠵᠢ | ᠦᠢᠯᠠᠭᠠᠮᠵᠢ ᠲᠠᠢ ᠪᠤᠯᠵᠤ ᠦᠢᠯᠡ ᠶᠠᠪᠤᠳᠠᠯ᠂ ᠭᠦᠲᠡᠯᠦᠯ ᠪᠠᠷᠢᠯᠠᠯ ᠤᠨ ᠲᠤᠮᠳᠠ ᠪᠠᠨ ᠶᠠᠭᠤᠮ᠎ᠠ ᠭᠡᠤᠮᠡ ᠪᠠᠨ ᠡᠪᠲᠡᠢ | ᠲᠢᠭ ᠲᠠᠢ ᠬᠤᠷᠢᠶᠠᠵᠤ ᠲᠠᠯᠪᠢᠬᠤ᠂ ᠴᠡᠪᠡᠷ ᠠᠷᠢᠭᠤᠨ ᠢ ᠡᠷᠭᠢᠮᠯᠡᠭᠦ ᠵᠠᠩ ᠠᠷᠠᠨᠰᠢᠨ ᠲᠠᠢ ᠪᠤᠯᠵᠤ ᠭᠦᠮᠦᠵᠢᠲᠡᠭ᠃ | ᠢᠯᠠᠩᠭᠤᠶ᠎ᠠ ᠤᠷᠴᠢᠮ ᠤᠨ ᠵᠢᠯ ᠤᠳ ᠲᠤ᠂ ᠱᠠᠭ᠎ᠠ ᠤᠷᠠᠯᠠᠯ ᠤᠨ ᠦᠢᠯᠡᠰ ᠭᠦᠭᠵᠢᠭᠰᠡᠨ ᠠᠴᠠ ᠭᠡᠤᠭᠡᠳ ᠪᠠᠭᠠᠴᠤᠳ | ᠱᠠᠭ᠎ᠠ ᠨᠠᠭᠠᠳᠤᠮ ᠳᠤ ᠨᠡᠩ ᠲᠤᠷ᠎ᠠ ᠪᠠᠬ᠎ᠠ ᠲᠠᠢ ᠪᠤᠯᠵᠤ᠂ ᠱᠠᠭ᠎ᠠ ᠶᠢᠨ ᠲᠤᠬᠠᠢ ᠦᠢᠯᠠᠭᠠᠯᠳᠠ ᠲᠠᠨᠢᠯᠳᠠ ᠪᠠᠷ | ᠭᠦᠨᠵᠡᠭᠡᠢ ᠪᠤᠯᠵᠤ ᠱᠠᠭ᠎ᠠ ᠴᠤᠭᠯᠠᠭᠤᠯᠤᠨ ᠬᠤᠷᠢᠶᠠᠵᠤ ᠬᠠᠳᠠᠭᠠᠯᠠᠬᠤ᠂ ᠱᠠᠭ᠎ᠠ ᠨᠠᠭᠠᠳᠬᠤ᠂ ᠱᠠᠭ᠎ᠠ ᠪᠠᠷ ᠭᠤᠶᠤ | ᠰᠠᠶᠢᠬᠠᠨ ᠤᠷᠠᠯᠠᠯ ᠪᠦᠲᠦᠭᠡᠯ ᠤᠷᠠᠯᠠᠬᠤ ᠪᠤᠯᠵᠡᠢ᠃ ᠱᠠᠭ᠎ᠠ ᠤᠷᠠᠯᠠᠯ ᠨᠢ ᠭᠡᠤᠭᠡᠳ ᠪᠠᠭᠠᠴᠤᠳ ᠲᠤ ᠨᠡᠩ ᠦᠷᠭᠡᠨ | ᠭᠡᠪᠴᠢᠶᠡᠨ ᠤ ᠭᠤᠸ᠎ᠠ ᠰᠠᠶᠢᠬᠠᠨ ᠤ ᠲᠠᠭᠠᠰᠢᠶᠠᠯ ᠢ ᠠᠪᠴᠢᠷᠠᠭᠰᠠᠨ ᠠᠴᠠ ᠱᠠᠭ᠎ᠠ ᠪᠠᠨ ᠭᠢᠮᠠᠭᠠᠳᠠᠨ ᠬᠠᠶᠢᠷᠠᠯᠠᠬᠤ᠂ | ᠲᠤᠷ᠎ᠠ ᠰᠤᠨᠢᠷᠬᠠᠯ ᠲᠠᠢ ᠵᠦᠢᠯᠡᠰ ᠢᠶᠠᠨ ᠱᠠᠭ᠎ᠠ ᠪᠠᠷ ᠤᠷᠠᠯᠠᠨ ᠪᠤᠳᠤᠭᠰᠠᠨ ᠰᠠᠨᠠᠭᠰᠠᠨ᠂ ᠭᠦᠰᠡᠨ ᠵᠦᠩᠨᠡᠭᠰᠡᠨ ᠢᠶᠠᠨ | ᠢᠯᠡᠳᠭᠡᠲᠡᠭ᠃ ᠠᠪᠤ ᠡᠵᠢ ᠨᠢ ᠭᠡᠤᠭᠡᠳ ᠤᠨ ᠢᠶᠠᠨ ᠱᠠᠭ᠎ᠠ ᠤᠷᠠᠯᠠᠯ ᠢ ᠤᠷᠠᠯᠠᠬᠤ ᠶᠠᠪᠤᠴᠠ ᠳᠤ ᠶᠤᠰᠤ ᠵᠠᠩᠰᠢᠯ ᠤᠨ | ᠵᠦᠢᠯᠡᠰ ᠤᠨ ᠭᠤᠸ᠎ᠠ ᠵᠦᠢ ᠶᠢ ᠭᠡᠤᠭᠡᠳ ᠲᠡᠭᠡᠨ ᠤᠯᠠᠮᠵᠢᠯᠠᠨ ᠲᠠᠨᠢᠭᠤᠯᠳᠠᠭ᠃ ᠵᠢᠱᠢᠶᠡᠯᠡᠪᠡᠯ᠂ ᠱᠠᠭ᠎ᠠ ᠪᠠᠷ ᠪᠦᠲᠦᠨ | ᠭᠡᠷ ᠤᠷᠠᠯᠠᠬᠤ ᠳᠤ ᠴᠠᠭᠠᠨ ᠦᠩᠭᠡ ᠪᠠᠷ ᠤᠷᠠᠯᠠᠬᠤ ᠠᠴᠠ ᠪᠢᠰᠢ᠂ ᠬᠠᠷᠢᠨ ᠬᠠᠷ᠎ᠠ ᠦᠩᠭᠡ ᠪᠠᠷ ᠤᠷᠠᠯᠠᠬᠤ ᠦᠭᠡᠢ | ᠭᠡᠭᠦ ᠮᠡᠲᠦ ᠪᠠᠷ ᠠᠪᠤ ᠡᠵᠢ ᠨᠢ ᠭᠡᠤᠭᠡᠳ ᠲᠡᠭᠡᠨ ᠶᠤᠰᠤ ᠵᠠᠩᠰᠢᠯ ᠵᠠᠩ ᠳᠠᠳᠬᠠᠯ ᠤᠨ ᠲᠠᠯ᠎ᠠ ᠪᠠᠷ ᠭᠤᠸ᠎ᠠ ᠵᠦᠢ ᠶᠢᠨ | ᠭᠦᠮᠦᠵᠢᠯ ᠭᠦᠷᠲᠡᠭᠡᠲᠡᠭ ᠪᠠᠶᠢᠨ᠎ᠠ᠃ | ︵ᠲᠠᠪᠤ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠠᠵᠢᠯᠴᠢ ᠠᠷᠪᠢᠴᠢ ᠶᠢᠨ ᠭᠦᠮᠦᠵᠢᠯ ᠭᠦᠷᠲᠡᠭᠡᠲᠡᠭ | ᠱᠠᠭ᠎ᠠ ᠨᠠᠭᠠᠳᠤᠮ ᠨᠢ ᠮᠠᠯᠵᠢᠯ ᠠᠮᠢᠳᠤᠷᠠᠯ ᠦᠢᠯᠡᠳᠪᠦᠷᠢᠯᠡᠯ ᠢᠶᠠᠷ ᠪᠦᠭᠦ᠋ᠢᠯᠡ ᠠᠭᠤᠯᠭ᠎ᠠ ᠪᠠᠨ ᠪᠤᠯᠭᠠᠭᠰᠠᠨ | ᠪᠠᠶᠢᠳᠠᠭ᠃ ᠮᠤᠷᠢ ᠤᠷᠤᠯᠳᠤᠬᠤ᠂ ᠲᠡᠮᠡᠭᠡ ᠤᠷᠤᠯᠳᠤᠬᠤ ᠠᠴᠠ ᠡᠭᠢᠯᠡᠨ ᠲᠠᠪᠤᠨ ᠬᠤᠰᠢᠭᠤ ᠮᠠᠯ ᠦᠰᠭᠡᠭᠦ᠂ ᠠᠳᠤᠭᠤ | ᠬᠠᠷᠢᠭᠤᠯᠬᠤ᠂ ᠬᠤᠨᠢ ᠬᠤᠯᠪᠤᠬᠤ᠂ ᠭᠡᠭᠦᠦ ᠰᠠᠭᠠᠬᠤ᠂ ᠠᠶᠠᠨ ᠭᠢᠭᠦ ᠵᠡᠷᠭᠡ ᠳᠤ ᠭᠦᠷᠲᠡᠯ᠎ᠡ ᠮᠠᠯ ᠮᠠᠯᠵᠢᠯ ᠤᠨ ᠪᠦᠭᠦ | ᠠᠭᠤᠯᠭ᠎ᠠ ᠶᠢ ᠪᠠᠭᠳᠠᠭᠠᠭᠰᠠᠨ ᠪᠠᠶᠢᠳᠠᠭ ᠪᠤᠯᠬᠤᠷ ᠨᠠᠭᠠᠳᠤᠮ ᠤᠨ ᠶᠠᠪᠤᠴᠠ ᠳᠤ ᠭᠡᠤᠭᠡᠳ ᠪᠠᠭᠠᠴᠤᠳ ᠶᠡᠭᠡᠴᠤᠤᠯ ᠠᠴᠠ | ᠮᠠᠯ ᠮᠠᠯᠵᠢᠯ ᠤᠨ ᠠᠵᠢᠯ ᠭᠦᠲᠡᠯᠮᠤᠷᠢ ᠵᠢᠴᠢ ᠲᠡᠭᠦᠨ ᠤ ᠤᠷ᠎ᠠ ᠤᠬᠠᠭᠠᠨ ᠢ ᠰᠤᠷᠴᠤ ᠮᠡᠲᠡᠲᠡᠭ᠃ ᠡᠭᠦᠨ ᠤ | ᠤᠯᠠᠮ ᠠᠴᠠ ᠪᠤᠯᠵᠤ ᠭᠡᠤᠭᠡᠳ ᠪᠠᠭᠠᠴᠤᠳ ᠮᠠᠯ ᠮᠠᠯᠵᠢᠯ ᠤᠨ ᠠᠵᠢᠯ ᠭᠦᠲᠡᠯᠮᠤᠷᠢ ᠳᠤ ᠲᠤᠷ᠎ᠠ ᠪᠠᠬ᠎ᠠ ᠲᠠᠢ ᠪᠤᠯᠵᠤ | ᠭᠦᠲᠡᠯᠮᠤᠷᠢ ᠶᠢ ᠡᠷᠭᠢᠮᠯᠡᠭᠦ ᠲᠠᠨᠢᠯᠳᠠ ᠲᠠᠢ ᠪᠤᠯᠳᠠᠭ᠃ ᠮᠥᠨ ᠡᠭᠦᠨ ᠳᠡᠭᠡᠨ ᠰᠠᠭᠤᠷᠢᠯᠠᠨ ᠶᠠᠭᠤᠮ᠎ᠠ ᠪᠠᠨ ᠭᠠᠮᠨᠠᠨ | ᠠᠷᠪᠢᠯᠠᠬᠤ᠂ ᠭᠦᠲᠡᠯᠮᠤᠷᠢ ᠶᠢᠨ ᠦᠷ᠎ᠡ ᠪᠦᠲᠦᠭᠡᠯ ᠢᠶᠠᠨ ᠬᠠᠶᠢᠷᠠᠯᠠᠨ ᠭᠠᠮᠨᠠᠬᠤ ᠵᠡᠷᠭᠡ ᠭᠡᠪ ᠰᠤᠷᠳᠠᠯ ᠲᠠᠢ ᠪᠤᠯᠳᠠᠭ | ᠶᠤᠮ᠃ | ᠪᠠᠭᠴᠠᠯᠠᠪᠠᠯ᠂ ᠮᠠᠯᠴᠢᠨ ᠲᠦᠮᠠᠨ ᠤ ᠱᠠᠭ᠎ᠠ ᠪᠠᠷ ᠵᠠᠭᠪᠤᠷᠢᠴᠢᠯᠠᠭᠰᠠᠨ ᠭᠡᠷ ᠤᠨ ᠭᠦᠮᠦᠵᠢᠯ ᠨᠢ ᠨᠢᠭᠡ ᠭᠡᠰᠡᠭ | ᠭᠠᠵᠠᠷ ᠨᠤᠳᠤᠭ ᠪᠤᠶᠤ ᠭᠡᠲᠦᠭᠡᠨ ᠤᠪᠤᠭ ᠠᠶᠢᠮᠠᠭ ᠤᠨ ᠭᠡᠪᠴᠢᠶᠡᠨ ᠳᠤ ᠭᠢᠵᠠᠭᠠᠷᠯᠠᠭᠳᠠᠭᠰᠠᠨ ᠪᠢᠰᠢ ᠪᠠᠶᠢᠵᠤ᠂ | ᠬᠠᠷᠢᠨ ᠪᠦᠭᠦ᠋ᠢᠯᠡ ᠮᠤᠩᠭᠤᠯ ᠲᠤᠭᠤᠷᠭᠠᠳᠠᠨ ᠤ ᠭᠡᠪᠴᠢᠶᠠᠨ ᠳᠤ ᠲᠦᠭᠡᠮᠡᠯᠵᠢᠨ ᠲᠡᠯᠭᠡᠷᠡᠵᠤ ᠨᠡᠶᠢᠲᠡ | ᠮᠤᠩᠭᠤᠯᠴᠤᠳ ᠤᠨ ᠭᠡᠷ ᠤᠨ ᠭᠦᠮᠦᠵᠢᠯ ᠤᠨ ᠠᠮᠢᠳᠤᠯᠢᠭ ᠠᠷᠭ᠎ᠠ ᠭᠡᠷᠡᠭᠯᠡᠭᠦᠷ ᠪᠤᠯᠵᠡᠢ᠃ ᠱᠠᠭ᠎ᠠ ᠪᠠᠷ | ᠵᠠᠭᠪᠤᠷᠢᠴᠢᠯᠠᠭᠰᠠᠨ ᠭᠡᠷ ᠤᠨ ᠭᠦᠮᠦᠵᠢᠯ ᠨᠢ ᠮᠢᠩᠭ᠎ᠠ ᠲᠦᠮᠡᠨ ᠤᠨ ᠵᠢᠯ ᠢ ᠡᠯᠡᠭᠡᠨ ᠵᠠᠭᠤᠨ ᠵᠠᠭᠤᠨ ᠦᠶ᠎ᠡ ᠤᠳᠤᠮ ᠢ | ᠳᠠᠮᠵᠢᠨ ᠦᠨᠦᠲᠦᠷ ᠲᠤ ᠭᠦᠷᠴᠦ ᠢᠷᠡᠭᠰᠡᠨ ᠨᠢ ᠭᠠᠶᠢᠬᠠᠮᠰᠢᠭ ᠲᠠᠢ ᠮᠦᠷᠲᠡᠭᠡᠨ ᠪᠢᠰᠢᠷᠡᠭᠦᠰᠢᠲᠡᠢ ᠰᠠᠨ᠃ ᠰᠢᠨᠵᠢᠯᠡᠭᠡ | ᠮᠡᠷᠭᠡᠵᠢᠯ ᠲᠦᠷᠭᠡᠨ ᠭᠦᠭᠵᠢᠵᠤ ᠤᠳᠤᠭᠢᠴᠢᠯᠠᠭᠰᠠᠨ ᠰᠤᠷᠭᠠᠨ ᠭᠦᠮᠦᠵᠢᠯ ᠢ ᠭᠡᠷᠡᠭᠯᠡᠭᠰᠡᠨ ᠦᠨᠦᠲᠦᠷ ᠴᠦ ᠭᠡᠳ | ᠱᠠᠭ᠎ᠠ ᠪᠠᠷ ᠵᠠᠭᠪᠤᠷᠢᠴᠢᠯᠠᠭᠰᠠᠨ ᠤᠯᠠᠮᠵᠢᠯᠠᠯᠳᠤ ᠭᠡᠷ ᠤᠨ ᠭᠦᠮᠦᠵᠢᠯ ᠢ ᠮᠥᠨ ᠶᠡᠭᠡᠪᠠᠷ ᠱᠠᠭᠠᠷᠳᠠᠭᠳᠠᠵᠤ ᠪᠠᠶᠢᠳᠠᠭ ᠠᠴᠠ | ᠦᠵᠡᠭᠦ ᠳᠤ᠂ ᠲᠡᠷᠡ ᠨᠢ ᠮᠠᠰᠢ ᠶᠡᠭᠡ ᠠᠮᠢᠳᠤᠷᠠᠬᠤ ᠭᠦᠴᠦᠨ ᠲᠠᠢ ᠪᠠᠶᠢᠳᠠᠭ ᠲᠤ ᠪᠤᠢ᠃ ᠡᠶᠢᠮᠦ ᠠᠴᠠ᠂ ᠱᠠᠭ᠎ᠠ ᠪᠣᠯ | ᠤᠯᠠᠮᠵᠢᠯᠠᠯᠳᠤ ᠭᠡᠷ ᠤᠨ ᠭᠦᠮᠦᠵᠢᠯ ᠤᠨ ᠠᠮᠢᠳᠤᠯᠢᠭ ᠵᠠᠭᠪᠤᠷᠢ ᠮᠦᠷᠲᠡᠭᠡᠨ ᠴᠡᠴᠡᠨ ᠤᠬᠠᠭᠠᠨ ᠮᠥᠨ᠂ ᠶᠤᠰᠤᠲᠠᠢ | ᠮᠤᠩᠭᠤᠯ ᠤᠬᠠᠭᠠᠨ ᠤ ᠠᠪᠤᠷᠭᠤ ᠭᠦᠴᠦᠨ ᠴᠢᠳᠠᠯ ᠢ ᠬᠠᠷᠠᠭᠤᠯᠤᠭᠰᠠᠨ ᠪᠤᠳᠠᠳᠤ ᠢᠯᠡᠷᠡᠭᠦᠨ ᠪᠤᠯᠬᠤ ᠶᠤᠮ᠃ ᠱᠠᠭ᠎ᠠ | ᠨᠠᠭᠠᠳᠤᠮ ᠪᠣᠯ ᠱᠠᠭ᠎ᠠ ᠪᠠᠷ ᠵᠠᠭᠪᠤᠷᠢᠴᠢᠯᠠᠭᠰᠠᠨ ᠤᠯᠠᠮᠵᠢᠯᠠᠯᠳᠤ ᠭᠡᠷ ᠤᠨ ᠭᠦᠮᠦᠵᠢᠯ ᠤᠨ ᠰᠤᠷᠭᠠᠨ ᠭᠦᠮᠦᠵᠢᠭᠦᠯᠭᠦ | ᠤᠬᠠᠭᠠᠨ ᠪᠠᠶᠢᠵᠤ᠂ ᠭᠡᠤᠭᠡᠳ ᠪᠠᠭᠠᠴᠤᠳ ᠲᠤ ᠭᠦᠮᠦᠵᠢᠯ ᠭᠦᠷᠲᠡᠭᠡᠭᠦ ᠤᠷᠠᠨ ᠠᠷᠭ᠎ᠠ ᠰᠠᠮᠪᠠᠭ᠎ᠠ ᠪᠤᠯᠬᠤ ᠶᠤᠮ᠃ | ᠱᠠᠭ᠎ᠠ ᠨᠠᠭᠠᠳᠤᠮ ᠨᠢ ᠡᠷᠲᠡᠨ ᠠᠴᠠ ᠠᠪᠤᠭᠠᠳ ᠭᠡᠷ ᠤᠨ ᠭᠦᠮᠦᠵᠢᠯ ᠤᠨ ᠬᠢᠴᠢᠶᠡᠯᠯᠡᠭᠡ ᠪᠤᠯᠬᠤ ᠪᠠᠷ ᠦᠯᠦ ᠪᠠᠷᠠᠮ᠂ | ᠤᠳᠤ ᠴᠦ ᠭᠡᠰᠡᠨ ᠭᠡᠷ ᠤᠨ ᠭᠦᠮᠦᠵᠢᠯ ᠤᠨ ᠴᠢᠬᠤᠯᠠ ᠨᠡᠭᠡᠭᠡᠯᠲᠡ ᠶᠢᠨ ᠭᠡᠪ ᠮᠠᠶ᠋ᠢᠭᠳᠤ ᠲᠠᠪᠴᠠᠩ ᠪᠤᠯᠬᠤ ᠶᠤᠰᠤᠲᠠᠢ᠃ | | ᠵᠡᠭᠦᠯᠲᠡ᠄ | ① ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ | ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2017 ᠤᠨ᠂ 38 ᠳ᠋ᠤᠭᠠᠷ ᠨᠢᠭᠤᠷ᠃ | ② ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ | ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2017 ᠤᠨ᠂ 315 — 318 ᠳ᠋ᠤᠭᠠᠷ ᠨᠢᠭᠤᠷ᠃ | | ③ ᠪᠠᠶᠠᠨ ᠬᠤᠳᠤᠭᠠᠳᠤ ᠭᠡᠲᠡᠭ ᠪᠣᠯ ᠮᠤᠷᠢᠨ ᠤᠷᠤᠯᠳᠤᠭᠠᠨ ᠪᠤᠶᠤ ᠲᠡᠮᠡᠭᠡᠨ ᠤᠷᠤᠯᠳᠤᠭᠠᠨ ᠤ ᠠᠳᠠᠭ | ᠤᠷᠤᠭᠰᠠᠨ ᠢ ᠪᠠᠶᠠᠨ ᠬᠤᠳᠤᠭᠠᠳᠤ ᠭᠡᠮᠡᠨ ᠰᠢᠭᠢᠷ ᠴᠢᠪᠠᠭ᠎ᠠ ᠪᠠᠷ ᠱᠠᠩᠨᠠᠨ ᠵᠤᠷᠢᠭᠵᠢᠭᠤᠯᠳᠠᠭ᠃ | ④ ᠪᠦᠲᠦᠨ ᠭᠡᠷ ᠭᠡᠲᠡᠭ ᠪᠣᠯ ᠶᠡᠷᠦᠲᠡᠭᠡᠨ ᠲᠡᠷᠢᠮ ︵ᠬᠠᠨ᠎ᠠ︶ ᠲᠠᠢ ᠮᠤᠩᠭᠤᠯ ᠭᠡᠷ ᠢ ᠵᠢᠭᠠᠳᠠᠭ᠃ | ᠠᠰᠢᠭᠯᠠᠭᠰᠠᠨ ᠨᠤᠮ ᠵᠦᠢ᠄ | 1. ᠳ᠋᠊ · ᠴᠠᠭᠠᠨ ᠤ ︽ᠮᠤᠩᠭᠤᠯ ᠭᠦᠮᠦᠨ ᠤ ᠢᠵᠠᠭᠤᠷ ᠲᠤᠭᠯᠠᠭᠠᠮ — ᠱᠠᠭ᠎ᠠ︾᠂ ᠦᠪᠦᠷ ᠮᠤᠩᠭᠤᠯ ᠤᠨ | ᠠᠷᠠᠳ ᠤᠨ ᠭᠡᠪᠯᠡᠯ ᠤᠨ ᠬᠤᠷᠢᠶ᠎ᠠ᠂ 2001 ᠤᠨ᠃ | 2. ᠳ᠋᠊ · ᠴᠠᠭᠠᠨ ᠤ ︽ᠱᠠᠭ᠎ᠠ ᠲᠤᠭᠯᠠᠭᠠᠮ︾ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ | 2013 ᠤᠨ᠃ | 3. ᠪᠤᠷᠵᠢᠭᠢᠨ ᠠ᠊ · ᠯᠾᠠᠮᠤᠵᠠᠪ ᠤᠨ ︽ᠮᠤᠩᠭᠤᠯ ᠵᠠᠩ ᠠᠭᠠᠯᠢ — ᠭᠡᠷ ᠤᠨ ᠰᠤᠷᠭᠠᠯ ᠶᠤᠰᠤᠨ︾᠂ | ᠦᠪᠦᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2008 ᠤᠨ᠃ | 4. ᠽ᠊ · ᠤᠳᠪᠠᠭᠮᠠᠳ ᠤᠨ ︽ᠮᠤᠩᠭᠤᠯ ᠠᠷᠠᠳ ᠤᠨ ᠭᠦᠨᠲᠦᠯᠡᠭᠦ᠂ ᠮᠡᠨᠲᠦᠯᠡᠭᠦ᠂ ᠲᠠᠯᠠᠷᠬᠠᠬᠤ ᠶᠤᠰᠤ︾᠂ | ᠦᠪᠦᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1986 ᠤᠨ᠃ | 5. ᠬ᠊ · ᠰᠠᠮᠫᠢᠯᠳᠠᠨᠳᠠᠪ ᠤᠨ ︽ᠡᠷᠦᠭᠡ ᠭᠡᠷ ᠤᠨ ᠮᠤᠩᠭᠤᠯ ᠶᠤᠰᠤᠨ︾᠂ ᠦᠨᠲᠦᠰᠦᠲᠡᠨ ᠤ ᠭᠡᠪᠯᠡᠯ ᠤᠨ | ᠬᠤᠷᠢᠶ᠎ᠠ᠂ 2002 ᠤᠨ᠃ | 6. ᠭᠡᠷᠡᠶᠢᠳ ᠪᠠᠭᠢᠪᠠᠳᠤ ᠶᠢᠨ ︽ᠮᠤᠩᠭᠤᠯ ᠨᠠᠭᠠᠳᠤᠮ ᠤᠨ ᠤᠴᠢᠷ︾᠂ ᠦᠪᠦᠷ ᠮᠤᠩᠭᠤᠯ ᠤᠨ ᠠᠷᠠᠳ ᠤᠨ | ᠭᠡᠪᠯᠡᠯ ᠤᠨ ᠬᠤᠷᠢᠶ᠎ᠠ᠂ 2009 ᠤᠨ᠃ | 7. ᠨ᠊ · ᠰᠧᠷᠡᠩ ᠤᠨ ︽ᠮᠤᠩᠭᠤᠯ ᠤᠨ ᠤᠯᠠᠮᠵᠢᠯᠠᠯᠳᠤ ᠤᠷᠤᠭ ᠭᠡᠷ ᠪᠦᠯᠢ ᠶᠢᠨ ᠶᠤᠰᠤ ᠰᠤᠷᠳᠠᠬᠤᠨ ᠤ | ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2009 ᠤᠨ᠃ | 8. ᠳ᠋ᠧ ᠴᠢᠤᠸᠠᠨ ᠤ ᠭᠤᠤᠯᠯᠠᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠤᠯᠠᠮᠵᠢᠯᠠᠯᠳᠤ | ᠰᠤᠶᠤᠯ ᠤᠨ ᠲᠦᠢᠮᠦ︾᠂ ᠦᠪᠦᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1999 ᠤᠨ᠃ | | 9. ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ | ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2017 ᠤᠨ᠃ | | | | | | | | | | | | |