ᠮᠣᠩᠭᠤᠯᠴᠣᠳ ᠤᠨ ᠳᠠᠪᠠᠭ ᠤᠨ ᠢᠳᠡᠭᠡ ᠵᠠᠰᠠᠬᠤ ᠣᠯᠠᠮᠵᠢᠯᠠᠯᠳᠣ ᠶᠣᠰᠣᠨ
ᠨᠡᠶᠢᠲᠡᠯᠡᠭᠰᠡᠨ ᠴᠠᠭ᠄
2021/10/12
       ᠰᠠᠷ᠎ᠠ ᠰᠢᠨ᠎ᠠ ᠶᠢᠨ ᠴᠠᠬ ᠢᠶᠠᠷ᠂ ᠮᠣᠩᠭᠤᠯᠴᠣᠳ ᠳᠠᠪᠠᠭ ᠤᠨ ᠢᠳᠡᠭᠡ ᠪᠣᠣᠪᠤ ᠪᠠᠨ ᠵᠠᠰᠠᠬᠤ ᠶᠠᠪᠤᠳᠠᠯ ᠢ ᠮᠠᠰᠢ ᠬᠦᠨᠳᠦᠳᠭᠡᠯ ᠲᠠᠢ ᠪᠠᠷ ᠦᠵᠡᠳᠡᠭ᠂ ᠣᠴᠢᠷ ᠨᠢ ᠢᠳᠡᠭᠡ ᠪᠣᠣᠪᠤ ᠨᠢ ᠨᠢᠭᠡ ᠠᠶᠢᠯ ᠤᠨ ᠪᠦᠬᠦ‍ ᠨᠢᠭᠡ ᠵᠢᠯ ᠤᠨ ᠥᠭᠡᠳᠡ ᠥᠡᠭᠭᠡ᠂ ᠥᠨᠢᠷ ᠰᠠᠶᠢᠬᠠᠨ᠂ ᠪᠠᠶᠠᠨ ᠴᠢᠨᠡᠭᠡᠯᠢᠭ ᠢ ᠬᠠᠷᠠᠭᠤᠯᠳᠠᠭ ᠠᠴᠠ ᠮᠣᠩᠭᠤᠯᠴᠣᠳ ᠤᠨ ᠪᠠᠰᠠ ᠨᠢᠭᠡᠨ ᠬᠠᠮᠤᠭ ᠠᠴᠠ ᠡᠷᠬᠢᠮᠯᠡᠬᠦ ᠶᠣᠰᠣ ᠣᠯᠠᠮᠵᠢᠯᠠᠯ ᠨᠢ ᠠᠵᠢ᠃ ᠣᠳᠣᠬᠢ ᠬᠦᠮᠦᠰ ᠤᠨ ᠳᠠᠪᠠᠭ ᠢᠳᠡᠭᠡ ᠠᠴᠠ ᠣᠯᠠᠮᠵᠢᠯᠠᠯᠳᠣ ᠰᠢᠨ᠎ᠡ ᠶᠢᠨ ᠢᠳᠡᠭᠡ ᠪᠣᠣᠪᠤ ᠵᠠᠰᠠᠬᠤ ᠨᠠᠷᠢᠨ ᠶᠣᠰᠣ ᠶᠢ ᠣᠯᠵᠣ ᠬᠠᠷᠠᠬᠤ ᠳᠤ ᠪᠡᠷᠭᠡᠳᠡᠵᠣ᠂ ᠠᠪᠰᠠᠷᠬᠠᠨ ᠪᠣᠶᠣ ᠶᠠᠮᠠᠷ ᠴᠦ ᠣᠳᠬ᠎ᠠ ᠶᠣᠰᠣ ᠦᠭᠡᠢ ᠢᠳᠡᠭᠡ ᠴᠠᠭ᠎ᠠ ᠳᠡᠯᠭᠡᠭᠳᠡᠬᠦ ᠪᠤᠯᠤᠬᠰᠠᠨ ᠨᠢ ᠭᠠᠶᠢᠬᠠᠮᠠᠷ ᠶᠤᠮ᠃ ᠭᠡᠬᠦ ᠳᠡᠭᠡᠨ ᠣᠯᠠᠮᠵᠢᠯᠠᠯ ᠢᠶᠠᠨ ᠣᠷᠬᠢᠭᠳᠠᠭᠤᠯᠣᠯ ᠦᠭᠡᠢ᠂ ᠳᠡᠬᠦᠨ ᠢ ᠪᠠᠨ ᠣᠶᠢᠯᠠᠭᠠᠵᠣ ᠣᠯᠠᠮᠵᠢᠯᠠᠵᠣ ᠪᠠᠶᠢᠭ᠎ᠠ ᠬᠦᠮᠣᠰ ᠴᠦ ᠣᠯᠠᠨ ᠪᠠᠶᠢᠭ᠎ᠠ᠃ ᠡ᠊ᠨᠳᠡ ᠮᠣᠩᠭᠤᠯᠴᠣᠳ ᠤᠨ ᠴᠠᠭᠠᠨ ᠰᠠᠷ᠎ᠠ ᠶᠢᠨ ᠢᠳᠡᠭᠡ ᠪᠣᠣᠪᠤ ᠵᠠᠰᠠᠬᠤ ᠣᠯᠠᠮᠵᠢᠯᠠᠯᠳᠣ ᠶᠣᠰᠣᠨ ᠤ ᠳᠣᠬᠠᠢ ᠳᠣᠰᠬᠠᠢ ᠣᠶᠢᠯᠠᠭᠠᠯᠳᠠ ᠰᠣᠳᠣᠯᠭ᠎ᠠ ᠲᠠᠢ ᠡᠷᠳᠡᠮᠳᠡᠨ ᠪᠠᠭᠰᠢ ᠨᠠᠷ ᠵᠢᠴᠢ ᠣᠯᠠᠮᠵᠢᠯᠠᠨ ᠳᠡᠭᠡᠳᠦᠯᠡᠵᠣ ᠶᠠᠪᠣᠭ᠎ᠠ ᠠᠬᠠᠮᠠᠳ ᠠᠴᠠ ᠠᠪᠣᠭᠰᠠᠨ ᠰᠣᠷᠪᠣᠯᠵᠢᠯᠠᠭ᠎ᠠ ᠪᠠᠨ ᠲᠠ ᠪᠦᠬᠦᠨ ᠲᠠᠢ ᠬᠤᠪᠢᠶᠠᠯᠴᠠᠬᠤ ᠳᠤ ᠣᠷᠮ᠎ᠠ ᠲᠠᠢ ᠪᠠᠶᠢᠨ᠎ᠠ᠃        ᠪᠠᠷᠠᠭᠤᠨ ᠬᠤᠶᠢᠳᠣ ᠶᠢᠨ ᠦᠨᠳᠦᠰᠦᠳᠡᠨ ᠤ ᠶᠡᠭᠡ ᠰᠣᠷᠭᠠᠭᠤᠯᠢ ᠶᠢᠨ ᠫᠷᠤᠹᠧᠰᠰᠣᠷ᠂ ᠵᠠᠩ ᠦᠢᠯᠡ ᠶᠢᠨ ᠰᠣᠳᠣᠯᠣᠭᠠᠴᠢ ᠴᠡ᠊ · ᠴᠦᠢᠳᠠᠨᠳᠠᠷ ᠪᠠᠭᠰᠢ ᠠᠴᠠ ᠠᠯᠠᠱᠠ ᠮᠣᠩᠭᠤᠯᠴᠣᠳ ᠤᠨ ᠴᠠᠭᠠᠨ ᠰᠠᠷ᠎ᠠ ᠶᠢᠨ ᠢᠳᠡᠭᠡ ᠪᠣᠣᠪᠤ ᠵᠠᠰᠠᠬᠤ ᠣᠯᠠᠮᠵᠢᠯᠠᠯᠳᠣ ᠶᠣᠰᠣᠨ ᠤ ᠳᠣᠬᠠᠢ ᠳᠣᠰᠬᠠᠢ ᠰᠣᠷᠪᠤᠯᠵᠢᠯᠠᠭ᠎ᠠ ᠠᠪᠴᠣ᠂ ᠠᠯᠠᠱᠠ ᠶᠢᠨ ᠣᠯᠠ ᠪᠣᠣᠪᠤ᠂ ᠬᠠᠪᠢᠷᠭᠠᠨ ᠪᠣᠣᠪᠤ᠂ ᠰᠠᠨᠵᠠ ᠪᠣᠣᠪᠤ ᠶᠢᠨ ᠣᠯᠠᠮᠵᠢᠯᠠᠯᠳᠣ ᠶᠣᠰᠣᠨ ᠤ ᠳᠣᠬᠠᠢ ᠨᠠᠷᠢᠯᠢᠭ ᠣᠶᠢᠯᠠᠭᠠᠯᠳᠠ ᠲᠠᠢ ᠪᠣᠯᠣᠭᠰᠠᠨ ᠶᠤᠮ᠃ ᠠᠯᠠᠱᠠ ᠶᠢᠨ ᠡᠵᠡᠨ᠎ᠡ ᠬᠤᠰᠢᠭᠤ᠂ ᠠᠯᠠᠱᠠ ᠪᠠᠷᠠᠭᠤᠨ ᠬᠤᠰᠢᠭᠤᠨ ᠤ ᠬᠤᠶᠢᠳᠣ ᠪᠡᠶ᠎ᠡ ᠪᠠ ᠪᠠᠷᠠᠭᠤᠨ ᠪᠠᠶ᠎ᠠ᠂ ᠠᠯᠳᠠᠨᠴᠤᠭ ᠵᠡᠷᠭᠡ ᠭᠠᠵᠠᠷ ᠤᠳ ᠢᠶᠠᠷ ᠪᠠᠶᠢᠭ᠎ᠠ ᠬᠠᠯᠬᠠᠴᠣᠳ ᠤᠨ ᠣᠯᠠᠮᠵᠢᠯᠠᠯᠳᠣ ᠰᠢᠨ᠎ᠡ ᠶᠢᠨ ᠪᠣᠣᠪᠤ ᠪᠣᠯ ᠣᠯᠠ ᠪᠣᠣᠪᠤ ᠪᠣᠯᠣᠨ᠎ᠠ᠃ ᠳᠡᠷᠡ ᠨᠢ ᠡᠷᠬᠦᠯ ᠤᠨ ᠪᠣᠣᠪᠤ᠂ ᠬᠦᠨᠳᠦᠳᠭᠡᠯ ᠤᠨ ᠪᠣᠣᠪᠤ ᠪᠠᠷ ᠵᠠᠰᠠᠭᠳᠠᠵᠣ᠂ ᠡᠷᠳᠡ ᠲᠡᠭᠡᠷ᠎ᠠ ᠥᠶ᠎ᠠ ᠳᠤ ᠶᠡᠷᠤ ᠶᠢᠨ ᠠᠯᠪᠠᠳᠣ ᠠᠷᠠᠳ ᠳᠠᠪᠣᠨ ᠳᠠᠪᠬᠤᠷ ᠢᠶᠠᠷ ᠵᠠᠰᠠᠵᠣ᠂ ᠳᠠᠶᠢᠵᠢ ᠨᠠᠷ ᠳᠣᠯᠣᠭᠠᠨ ᠳᠠᠪᠬᠤᠷ ᠢᠶᠠᠷ ᠵᠠᠰᠠᠨ᠂ ᠨᠣᠶᠠᠨ᠂ ᠭᠡᠭᠡᠨ ᠬᠦᠮᠦᠨ ᠶᠢᠰᠦᠨ ᠳᠠᠪᠬᠤᠷ ᠢᠶᠠᠷ ᠵᠠᠰᠠᠳᠠᠭ ᠪᠠᠶᠢᠵᠡᠢ᠃ ᠣᠯᠠ ᠪᠣᠣᠪᠤ ᠶᠢ ᠬᠢᠬᠦ ᠳᠤ ᠬᠦᠴᠢᠷᠳᠡᠢ᠂ ᠬᠢᠭᠰᠡᠨ ᠤ ᠳᠠᠷᠠᠭ᠎ᠠ ᠳᠣᠮᠳᠠᠭᠤᠷ ᠨᠢ ᠭᠤᠷᠪᠠ ᠵᠦᠰᠦᠭᠡᠳ ᠳᠠᠯᠪᠢᠨ᠎ᠠ᠃ ᠡᠵᠡᠨ᠎ᠡ᠂ ᠠᠯᠠᠱᠠ ᠪᠠᠷᠠᠭᠤᠨ ᠬᠤᠰᠢᠭᠤᠨ ᠤ ᠵᠠᠷᠢᠮ ᠬᠠᠯᠬᠠᠴᠣᠳ ᠣᠯᠠ ᠪᠣᠣᠪᠤ ᠪᠠᠨ ᠳᠠᠪᠤ ᠵᠢᠴᠢ ᠳᠣᠯᠣᠭᠠᠨ ᠳᠠᠪᠬᠤᠷ ᠢ ᠵᠦᠷᠢᠬᠦᠯᠣᠨ᠂ ᠭᠤᠷᠪᠠᠨ ᠳᠠᠪᠬᠤᠷ ᠤᠨ ᠬᠠᠮᠤᠭ ᠤᠨ ᠳᠣᠣᠷᠠᠬᠢ ᠶᠢ ᠨᠢ ᠬᠦᠨᠳᠡᠯᠡᠨ ᠳᠠᠯᠪᠢᠵᠣ᠂ ᠳᠡᠭᠡᠷ᠎ᠠ ᠳᠠᠯ᠎ᠠ ᠶᠢ ᠨᠢ ᠵᠦᠷᠢᠬᠦᠯᠦᠨ ᠳᠠᠷᠣᠵᠣ ᠳᠠᠯᠪᠢᠳᠠᠭ᠃ ᠳᠡᠶᠢᠨᠬᠦ ᠭᠠᠨᠰᠣ ᠶᠢᠨ ᠬᠠᠯᠬᠠᠴᠣᠳ ᠣᠯᠠ ᠪᠣᠣᠪᠤ ᠶᠢ ᠵᠦᠷᠢᠬᠦᠯᠵᠣ ᠳᠠᠯᠪᠢᠳᠠᠭ ᠦᠭᠡᠢ᠂ ᠴᠣᠪᠣᠭᠤᠯᠵᠣ ᠵᠡᠷᠭᠡᠴᠡᠬᠦᠯᠵᠣ ᠳᠠᠯᠪᠢᠨ᠎ᠠ᠃ ᠡᠰᠡ ᠳᠠᠶᠢᠮᠣ ᠪᠣᠯ ᠵᠠᠮ ᠵᠦᠷᠢᠬᠦᠣ ᠪᠣᠯᠵᠣ ᠦᠢᠯᠡᠰ ᠪᠦᠳᠦᠬᠦ ᠦᠭᠡᠢ ᠭᠡᠳᠡᠭ᠃ ᠣᠯᠠ ᠪᠣᠣᠪᠤ ᠶᠢ ᠭᠤᠷᠪᠠ ᠬᠠᠭᠠᠯᠣᠭᠠᠳ ᠭᠡᠷᠴᠢᠭᠰᠡᠨ ᠳᠠᠯ᠎ᠠ ︵ᠬᠢᠳᠣᠭᠠᠨ ᠤ ᠦᠵᠦᠬᠦᠷ ᠤᠨ ᠳᠠᠯ᠎ᠠ ᠶᠢ ᠳᠡᠭᠡᠳᠣ ᠳᠠᠯ᠎ᠠ ᠭᠡᠳᠡᠭ︶᠎ ᠶᠢ ᠵᠣᠴᠢᠨ᠂ ᠪᠣᠷᠬᠠᠨ ᠤ ᠳᠠᠯ᠎ᠠ ᠳᠤ ᠳᠡᠭᠡᠭᠰᠢ ᠨᠢ ᠬᠠᠷᠠᠭᠤᠯᠵᠣ ᠳᠠᠯᠪᠢᠳᠠᠭ᠃ ᠠᠯᠠᠱᠠ ᠬᠤᠱᠣᠳᠴᠣᠳ ᠣᠯᠠᠩᠭᠢ ᠳᠠᠭᠠᠨ ᠬᠠᠪᠢᠷᠭᠠᠨ ᠪᠣᠣᠪᠤ ᠬᠢᠳᠡᠭ ᠣᠯᠠᠮᠵᠢᠯᠠᠯ ᠲᠠᠢ᠃ ᠭᠤᠯᠢᠷ ᠢᠶᠠᠨ ᠣᠷᠳᠣ ᠳᠦᠷᠪᠡᠯᠵᠢᠨ ᠭᠡᠷᠴᠢᠭᠰᠡᠨ ᠤ ᠳᠠᠷᠠᠭ᠎ᠠ ᠳᠣᠮᠳᠠᠭᠤᠷ ᠨᠢ ᠳᠦᠷᠪᠡ ᠵᠦᠰᠦᠳᠡᠭ ᠪᠣᠶᠣ ᠳᠠᠪᠣᠨ ᠰᠠᠯᠠᠭ᠎ᠠ ᠪᠠᠷ ᠵᠢᠰᠢᠬᠦᠣ ᠨᠣᠭᠤᠯᠣᠭᠠᠳ ᠬᠤᠶᠠᠷ ᠦᠨᠴᠦᠭ ᠢ ᠨᠢ ᠴᠢᠮᠬᠢᠭᠡᠳ ᠰᠢᠷᠠᠳᠠᠭ᠃ ᠲᠠᠪᠠᠭᠯᠠᠬᠤ ᠳᠠᠭᠠᠨ ᠭᠡᠷᠴᠢᠭᠰᠡᠨ ᠳᠠᠯ᠎ᠠ ᠶᠢ ᠳᠡᠭᠡᠭᠰᠢ ᠨᠢ ᠬᠠᠷᠠᠭᠤᠯᠵᠣ᠂ ᠨᠣᠭᠤᠯᠣᠭᠠᠰᠣ ᠶᠢ ᠨᠢ ᠭᠠᠳᠠᠭᠰᠢ ᠨᠢ ᠬᠠᠷᠠᠭᠤᠯᠣᠨ ᠣᠯᠠᠨ ᠳᠠᠪᠬᠤᠷ ᠳᠣᠭᠤᠷᠢᠭᠤᠯᠵᠣ ᠳᠠᠯᠪᠢᠳᠠᠭ᠃ ᠮᠦᠨ ᠬᠦ ᠳᠠᠪᠤ᠂ ᠳᠣᠯᠤᠭ᠎ᠠ᠂ ᠶᠢᠰᠦᠨ ᠳᠠᠪᠬᠤᠷ ᠢᠶᠠᠷ ᠲᠠᠪᠠᠭᠯᠠᠳᠠᠬ᠃ ᠡᠵᠡᠨ᠎ᠡ ᠶᠢᠨ ᠳᠣᠷᠭᠤᠳᠴᠣᠳ ᠰᠠᠨᠵᠠ ᠪᠣᠣᠪᠤ ᠬᠢᠳᠡᠭ᠃ ᠰᠠᠨᠵᠠ ᠪᠣᠣᠪᠤ ᠶᠢ ᠬᠢᠬᠦ ᠳᠤ ᠭᠤᠯᠢᠷ ᠢᠶᠠᠨ ᠮᠠᠰᠢ ᠨᠢᠮᠭᠡᠨ ᠬᠠᠪᠳᠠᠭᠠᠶᠢᠯᠠᠭᠠᠳ᠂ ᠣᠷᠳᠣ ᠣᠷᠳᠣ ᠢᠶᠠᠷ ᠳᠦᠷᠪᠡᠨ ᠬᠤᠷᠣᠭᠤ ᠬᠢᠷᠢᠳᠡᠢ ᠵᠦᠰᠦᠵᠣ ᠳᠠᠪᠬᠤᠷᠯᠠᠵᠣ ᠳᠣᠭᠤᠭᠰᠢ ᠨᠢ ᠨᠣᠭᠤᠯᠵᠣ᠂ ᠳᠣᠮᠳᠠ ᠨᠢ ᠬᠤᠶᠠᠷ ᠭᠡᠷᠴᠢᠭᠡᠳ᠂ ᠳᠡᠷᠡᠬᠦ ᠭᠡᠷᠴᠢᠮᠡᠯ ᠤᠨ ᠳᠣᠯᠣᠭᠠᠢ ᠪᠠᠷ ᠣᠷᠣᠭᠤᠯᠵᠣ ᠮᠣᠰᠬᠢᠭᠠᠳ ᠰᠦᠯᠵᠢᠭᠰᠡᠨ ᠮᠡᠳᠣ ᠪᠣᠯᠭᠠᠨ ᠂ ᠳᠣᠮᠳᠠᠭᠤᠷ ᠨᠢ ᠠᠩᠭᠢᠯᠣᠭᠠᠰᠣ ᠲᠠᠢ ᠬᠢᠵᠣ ᠭᠠᠷᠭᠠᠳᠠᠭ᠃ ᠳᠣᠣᠷᠠᠳᠣ ᠳᠠᠯ᠎ᠠ ᠶᠢᠨ ᠬᠤᠷᠮᠣᠢ ᠨᠢ ᠵᠠᠷᠢᠮ ᠨᠢ ᠵᠢᠰᠢᠬᠦᠣ ᠵᠠᠷᠢᠮ ᠨᠢ ᠰᠡᠴᠡᠭᠤ ᠪᠠᠶᠢᠳᠠᠭ᠃ ᠰᠡᠨᠵᠠ ᠪᠣᠣᠪᠤ ᠶᠢ ᠵᠡᠷᠭᠡᠴᠡᠬᠦᠯᠵᠣ ᠳᠠᠯᠪᠢᠨ᠎ᠠ᠂ ᠨᠣᠭᠤᠯᠣᠭᠰᠠᠨ ᠳᠠᠯ᠎ᠠ ᠶᠢ ᠳᠣᠯᠣᠭᠠᠢ ᠳᠠᠯ᠎ᠠ ᠭᠡᠵᠣ ᠭᠡᠶᠢᠴᠢᠨ ᠪᠣᠷᠬᠠᠨ ᠤ ᠵᠦᠭ ᠲᠤ ᠳᠡᠭᠡᠭᠰᠢ ᠨᠢ ᠬᠠᠨᠳᠣᠭᠤᠯᠵᠣ ᠳᠠᠯᠪᠢᠨ᠎ᠠ᠃ ᠪᠣᠣᠪᠤ ᠶᠢ ᠰᠢᠷᠠᠬᠤ ᠳᠠᠭᠠᠨ ᠭᠡᠷᠴᠢᠭᠰᠡᠨ ᠳᠠᠯ᠎ᠠ ᠶᠢ ᠳᠡᠭᠡᠭᠰᠢ ᠨᠢ ᠬᠠᠨᠳᠣᠭᠤᠯᠵᠣ᠂ ᠭᠡᠷᠴᠢᠭᠰᠡᠨ ᠳᠠᠯ᠎ᠠ ᠶᠢ ᠦᠩᠭᠡᠨ ᠳᠠᠯ᠎ᠠ ᠭᠡᠵᠣ ᠪᠠᠰᠠ ᠭᠡᠯᠡᠳᠡᠭ᠃ ᠳᠠᠪᠠᠭ ᠲᠠᠭᠠᠨ ᠳᠠᠯᠪᠢᠬᠤ ᠳᠤ ᠪᠦᠷ ᠠᠳᠠᠯᠢ ᠳᠠᠪᠤ᠂ ᠳᠣᠯᠤᠭ᠎ᠠ᠂ ᠶᠢᠰᠣᠨ ᠳᠠᠪᠬᠤᠷ ᠢᠶᠠᠷ ᠳᠠᠪᠠᠭᠯᠠᠳᠠᠭ ᠭᠡᠳᠡᠭ᠃        ︽ᠴᠠᠭᠠᠨ ᠰᠠᠷ᠎ᠠ ᠶᠢᠨ ᠪᠣᠣᠪᠤ ᠨᠢ ᠮᠣᠩᠭᠤᠯᠴᠣᠳ ᠤᠨ ᠪᠦᠬᠦ ᠵᠢᠯ ᠤᠨ ᠪᠠᠶᠠᠨ ᠴᠢᠨᠡᠭᠡᠯᠢᠭ᠂ ᠪᠤᠶᠠᠨ ᠡᠷᠬᠢᠮ ᠢ ᠬᠠᠷᠠᠭᠤᠯᠳᠠᠭ ᠠᠴᠠ ᠬᠠᠮᠤᠭ ᠤᠨ ᠴᠡᠪᠡᠷ ᠳᠣᠰᠣ᠂ ᠴᠡᠪᠡᠷ ᠭᠤᠯᠢᠷ ᠢᠶᠠᠷ ᠬᠢᠳᠡᠭ ᠣᠯᠠᠮᠵᠢᠯᠠᠯ ᠲᠠᠢ᠃ ᠶᠡᠷᠤ ᠨᠢ ᠡᠷᠳᠡ ᠳᠡᠭᠡᠨ ᠵᠢᠯ ᠤᠨ ᠦᠩᠭᠡ ᠰᠠᠶᠢᠨ ᠪᠣᠯᠬᠤ᠂ ᠠᠶᠢᠯ ᠤᠨ ᠡᠵᠡᠭᠳᠡᠢ ᠬᠦᠮᠦᠨ ᠤ ᠠᠵᠢᠯ ᠬᠦᠳᠡᠯᠮᠣᠷᠢ ᠰᠠᠶᠢᠨ ᠡᠰᠡᠬᠦ ᠶᠢ ᠪᠣᠣᠪᠤ ᠶᠢᠨ ᠦᠩᠭᠡᠨ ᠠᠴᠠ ᠰᠢᠨᠵᠢᠳᠡᠭ ᠶᠣᠰᠣ ᠲᠠᠢ ᠪᠠᠶᠢᠵᠡᠢ᠃ ᠪᠣᠣᠪᠤ ᠶᠢᠨ ᠦᠩᠭᠡ ᠨᠢ ᠴᠡᠩᠭᠡᠷ᠂ ᠶᠡᠭᠡ ᠴᠠᠭᠠᠨ ᠪᠣᠯᠪᠠᠯ ᠡᠨᠡ ᠠᠶᠢᠯ ᠤᠨ ᠭᠡᠰᠢᠭ ᠪᠣᠶᠠᠨ ᠳᠣᠳᠠᠭᠤ ᠪᠠᠶᠢᠨ᠎ᠠ ᠭᠡᠵᠣ ᠦᠵᠡᠳᠡᠭ᠃ ᠪᠣᠣᠪᠤ ᠨᠢ ᠣᠯᠠᠨ ᠴᠦᠪᠣᠷᠣᠣ ᠲᠠᠢ ᠭᠠᠷᠪᠠᠯ ᠡᠨᠡ ᠠᠶᠢᠯ ᠤᠨ ᠠᠵᠢᠯ ᠰᠢᠯᠣᠭᠤᠨ ᠪᠢᠰᠢ ᠭᠡᠵᠣ ᠦᠵᠡᠳᠡᠭ᠃ ᠪᠣᠣᠪᠤ ᠳᠠᠪᠠᠭᠯᠠᠬᠤ ᠳᠤ ᠳᠡᠭᠡᠷ᠎ᠡ ᠨᠢ ᠬᠠᠷ᠎ᠠ ᠦᠩᠭᠡ ᠶᠢᠨ ᠢᠳᠡᠭᠡ ᠳᠠᠯᠪᠢᠳᠠᠭ ᠦᠭᠡᠢ᠂ ᠶᠦᠳᠠᠩ᠂ ᠠᠭᠠᠷᠣᠣᠯ᠂ ᠦᠷᠦᠮ᠎ᠡ ᠵᠡᠷᠭᠡ ᠴᠠᠭᠠᠨ ᠦᠩᠭᠡ ᠶᠢᠨ ᠢᠳᠡᠭᠡ ᠳᠠᠯᠪᠢᠳᠠᠭ︾ ᠭᠡᠵᠣ ᠴᠡ᠊ · ᠴᠦᠢᠳᠠᠨᠳᠠᠷ ᠪᠠᠭᠰᠢ ᠠᠴᠠ ᠴᠠᠭᠠᠨ ᠰᠠᠷ᠎ᠠ ᠶᠢᠨ ᠠᠯᠠᠱᠠ ᠮᠣᠩᠭᠤᠯᠴᠣᠳ ᠤᠨ ᠰᠢᠨ᠎ᠡ ᠶᠢᠨ ᠢᠳᠡᠭᠡ ᠪᠣᠣᠪᠤ ᠵᠠᠰᠠᠬᠤ ᠶᠣᠰᠣ ᠴᠡᠭᠡᠷ ᠢ ᠨᠠᠷᠢᠯᠢᠭ ᠶᠠᠷᠢᠯ᠎ᠠ᠃        ᠮᠣᠩᠭᠤᠯ ᠶᠠᠰᠣᠳᠠᠨ ᠨᠤᠭᠤᠳ ᠲᠤ ᠦᠪᠡᠷ ᠦᠪᠡᠷ ᠤᠨ ᠶᠣᠰᠣ ᠵᠠᠩᠰᠢᠯ ᠲᠠᠢ᠂ ᠳᠡᠬᠦᠨ ᠳᠤ ᠠᠯᠢ ᠨᠢ ᠪᠣᠷᠣᠭᠤ᠂ ᠠᠯᠢ ᠨᠢ ᠵᠦᠪ ᠪᠣᠯᠬᠤ ᠶᠢ ᠭᠡᠯᠡᠬᠦ ᠳᠤ ᠪᠡᠷᠭᠡ᠂ ᠨᠣᠳᠤᠭ ᠨᠣᠳᠤᠭ ᠤᠨ ᠵᠠᠩᠰᠢᠯ ᠵᠢᠴᠢ ᠠᠶᠢᠯ ᠠᠶᠢᠯ ᠤᠨ ᠣᠯᠠᠮᠵᠢᠯᠠᠯ ᠴᠦ ᠪᠠᠶᠢᠵᠣ ᠪᠣᠯᠣᠨ᠎ᠠ᠃ ᠠᠯᠠᠱᠠ ᠵᠡᠬᠦᠨ ᠬᠤᠰᠢᠭᠤᠨ ᠤ ᠳᠦᠬᠦᠮ ᠨᠤᠳᠤᠬ ᠤᠨ ᠤᠤᠭᠠᠯ᠂ ᠠᠯᠠᠱᠠ ᠠᠶᠢᠮᠠᠭ ᠤᠨ ᠦᠨᠳᠦᠰᠦᠳᠡᠨ ᠤ ᠪᠦᠭᠡ ᠶᠢᠨ ᠨᠡᠶᠢᠭᠡᠮᠯᠢᠭ ᠤᠨ ᠳᠡᠷᠢᠬᠦᠯᠡᠭᠴᠢ᠂ ᠱᠠᠯᠪᠣᠷ ᠪᠦᠭᠡ ᠶᠢᠨ ᠣᠯᠣᠰ ᠤᠨ ᠳᠡᠰ ᠤᠨ ᠪᠣᠳᠠᠰ ᠤᠨ ᠪᠣᠰᠣ ᠰᠣᠶᠣᠯ ᠤᠨ ᠦᠪ ᠤᠨ ᠣᠯᠠᠮᠵᠢᠯᠠᠭᠴᠢ᠂ ᠠᠯᠠᠱᠠ ᠵᠡᠬᠦᠨ ᠬᠤᠰᠢᠭᠤᠨ ᠤ ᠳᠠᠪᠠᠭ ᠢᠳᠡᠭᠡ ᠵᠠᠰᠠᠬᠤ ᠣᠷᠣᠯᠳᠣᠭᠠᠨ ᠤ ᠰᠢᠬᠦᠭᠴᠢ ᠪᠠᠷ ᠠᠵᠢᠯᠯᠠᠵᠤ ᠪᠠᠶᠢᠭᠰᠠᠨ ᠨᠠ᠊ · ᠪᠠᠭᠠᠳᠣᠷ ᠠᠴᠠ ᠠᠯᠠᠱᠠ ᠨᠣᠳᠤᠭ ᠤᠨ ᠴᠠᠭᠠᠨ ᠰᠠᠷ᠎ᠠ ᠶᠢᠨ ᠳᠠᠪᠠᠭ ᠢᠳᠡᠭᠡ ᠪᠡᠯᠡᠳᠭᠡᠵᠣ ᠵᠠᠰᠠᠬᠤ ᠶᠣᠰᠣᠨ ᠤ ᠳᠣᠬᠠᠢ ᠨᠠᠷᠢᠨ ᠳᠠᠶᠢᠯᠪᠣᠷᠢᠯᠠᠯ᠎ᠠ᠃ ︽ᠠᠯᠠᠱᠠ ᠨᠢ ᠣᠯᠠᠨ ᠶᠠᠰᠣᠳᠠᠨ ᠴᠣᠭᠯᠠᠷᠠᠭᠰᠠᠨ ᠭᠠᠵᠠᠷ᠂ ᠡᠯ᠎ᠡ ᠭᠠᠵᠠᠷ ᠤᠨ ᠪᠣᠣᠪᠤ ᠪᠡᠯᠡᠳᠭᠡᠵᠣ ᠵᠠᠰᠠᠬᠤ ᠨᠢ ᠠᠳᠠᠯᠢ ᠪᠣᠰᠣ ᠣᠨᠴᠠᠯᠢᠭ ᠲᠠᠢ᠂ ᠡᠬᠦᠨ ᠳᠤ ᠳᠣᠭᠤᠢ ᠪᠣᠣᠪᠤ᠂ ᠣᠯᠠ ᠪᠣᠣᠪᠤ᠂ ᠱᠠᠨᠽᠠᠢ ᠪᠣᠣᠪᠤ᠂ ᠰᠦᠯᠵᠢᠮᠡᠯ ᠪᠣᠣᠪᠤ᠂ ᠡᠬᠦᠯᠡᠨ ᠪᠣᠣᠪᠤ ᠭᠡᠵᠣ ᠪᠠᠶᠢᠳᠠᠭ᠃ ᠣᠯᠠ ᠪᠣᠣᠪᠤ ᠶᠢ ᠠᠯᠠᠱᠠ ᠶᠢᠨ ᠪᠠᠷᠠᠭᠤᠨ᠂ ᠬᠤᠶᠢᠳᠣ ᠵᠠᠬ᠎ᠠ ᠪᠠᠷ ᠬᠠᠯᠬᠠᠴᠣᠳ ᠵᠢᠴᠢ ᠰᠦᠮ᠎ᠡ ᠭᠡᠶᠢᠳ ᠲᠤ ᠬᠢᠳᠡᠭ᠂ ᠣᠯᠠ ᠪᠣᠣᠪᠤ ᠶᠢ ᠪᠠᠰᠠ ᠭᠡ ᠶᠢᠨ ᠪᠣᠣᠪᠤ ᠭᠡᠨ᠎ᠡ᠃ ᠱᠠᠨᠽᠠᠢ ᠪᠣᠣᠪᠤ ᠶᠢ ᠠᠯᠠᠱᠠ ᠶᠢᠨ ᠪᠠᠷᠠᠭᠤᠨ᠂ ᠬᠤᠶᠢᠳᠣ᠂ ᠵᠡᠬᠦᠨ ᠳᠠᠯ᠎ᠠ ᠶᠢᠨ ᠨᠤᠳᠤᠬ ᠤᠨ ᠬᠢᠨ ᠬᠢᠳᠡᠭ᠂ ᠭᠤᠣᠯ ᠨᠢ ᠪᠣᠷᠬᠠᠨ ᠳᠤ ᠳᠠᠯᠪᠢᠳᠠᠭ᠃ ᠳᠠᠪᠠᠭᠯᠠᠬᠤ ᠶᠣᠰᠣ ᠣᠴᠢᠷ ᠲᠤ ᠭᠠᠵᠠᠷ ᠭᠠᠵᠠᠷ ᠠᠳᠠᠯᠢ ᠦᠭᠡᠢ᠂ ᠳᠣᠭᠤᠢ ᠪᠣᠣᠪᠤ ᠶᠢ ᠶᠢᠰᠣᠨ ᠳᠠᠪᠬᠤᠷ᠂ ᠠᠷᠪᠠᠨ ᠨᠢᠭᠡᠨ ᠳᠠᠪᠬᠤᠷ ᠢᠶᠠᠷ ᠳᠠᠪᠠᠭᠯᠠᠳᠠᠭ᠂ ᠢᠯᠠᠩᠭᠤᠶ᠎ᠠ ᠱᠠᠨᠽᠠᠢ ᠪᠣᠣᠪᠤ ᠶᠢ ᠳᠣᠯᠣᠭᠠᠨ ᠳᠠᠪᠬᠤᠷ᠂ ᠶᠢᠰᠣᠨ ᠳᠠᠪᠬᠤᠷ ᠢᠶᠠᠷ ᠵᠠᠰᠠᠳᠠᠭ᠃ ᠭᠤᠣᠯ ᠨᠢ ᠪᠡᠯᠭᠡᠳᠡᠯ ᠲᠠᠢ ᠳᠤᠭ᠎ᠠ ᠪᠠᠷ ᠳᠠᠪᠬᠤᠷᠯᠠᠨ ᠵᠠᠰᠠᠳᠠᠭ︾ ᠭᠡᠵᠣ ᠨᠠ᠊ · ᠪᠠᠭᠠᠳᠣᠷ ᠠᠯᠠᠱᠠ ᠨᠣᠳᠤᠭ ᠤᠨ ᠭᠠᠵᠠᠷ ᠭᠠᠵᠠᠷ ᠤᠨ ᠪᠣᠣᠪᠤ ᠶᠢᠨ ᠳᠣᠬᠠᠢ ᠵᠢᠴᠢ ᠳᠠᠪᠠᠭᠯᠠᠬᠤ ᠪᠠᠶᠢᠳᠠᠯ ᠢ ᠶᠠᠷᠢᠯ᠎ᠠ᠃        ᠠᠯᠠᠱᠠ ᠳᠤ ᠰᠢᠨ᠎ᠡ ᠶᠢᠨ ᠢᠳᠡᠭᠡ ᠪᠣᠣᠪᠤ ᠵᠠᠰᠠᠬᠤ ᠳᠠᠭᠠᠨ ᠭᠠᠣᠯᠢᠨ ᠳᠠᠪᠠᠭ᠂ ᠮᠣᠳᠣᠨ ᠳᠠᠪᠠᠭ ᠲᠤ ᠳᠠᠪᠠᠭᠯᠠᠳᠠᠭ᠂ ᠰᠦᠮ᠎ᠡ ᠭᠡᠶᠢᠳ ᠲᠤ ᠳᠡᠪᠰᠢ ᠭᠡᠵᠣ ᠳᠦᠷᠪᠡᠯᠵᠢᠨ ᠳᠠᠪᠠᠭ᠂ ᠠᠶᠢᠯ ᠳᠤ ᠣᠯᠠᠩᠭᠢ ᠨᠢ ᠳᠣᠭᠤᠷᠢᠭ ᠮᠣᠳᠣᠨ ᠳᠠᠪᠠᠭ ᠢᠶᠠᠷ ᠪᠣᠷᠬᠠᠨ ᠤ ᠪᠣᠣᠪᠤ᠂ ᠵᠣᠴᠢᠨ ᠤ ᠪᠣᠣᠪᠤ ᠭᠡᠵᠣ ᠬᠤᠶᠠᠷ ᠶᠠᠩᠵᠣ ᠪᠠᠷ ᠵᠠᠰᠠᠳᠠᠭ ᠵᠠᠩᠰᠢᠯ ᠲᠠᠢ᠃ ᠠᠯᠠᠱᠠᠴᠣᠳ ᠳᠣᠭᠤᠢ ᠪᠣᠣᠪᠤ ᠶᠢ ᠵᠠᠪᠠᠯ ᠭᠤᠣᠯ ᠳᠤᠨᠢ ᠬᠤᠶᠠᠷ ᠭᠡᠷᠴᠢᠶᠡᠰᠣ ᠭᠠᠷᠭᠠᠳᠠᠭ᠃ ᠳᠣᠭᠤᠢ ᠪᠣᠣᠪᠤ ᠶᠢ ᠶᠢᠰᠣ ᠂ ᠠᠷᠪᠠᠨ ᠨᠢᠭᠡᠨ ᠳᠠᠪᠬᠤᠷ ᠳᠠᠯᠪᠢᠭᠠᠳ ᠳᠡᠭᠡᠷ᠎ᠡ ᠨᠢ ᠰᠦᠯᠵᠢᠮᠡᠯ ᠪᠣᠣᠪᠤ᠂ ᠡᠬᠦᠯᠡᠨ ᠪᠣᠣᠪᠤ ᠪᠠᠨ ᠣᠪᠣᠭᠠᠯᠠᠭᠠᠳ ᠰᠢᠬᠢᠷ ᠪᠣᠷᠠᠮ ᠲᠠᠢ ᠬᠤᠯᠢᠭᠠᠳ ᠳᠠᠯᠪᠢᠳᠠᠭ᠃ ᠣᠷᠳᠣ ᠰᠢᠬ ᠰᠦᠯᠵᠢᠮᠡᠯ ᠪᠣᠣᠪᠤ ᠶᠢ ᠰᠦᠮ᠎ᠡ ᠭᠡᠶᠢᠳ ᠲᠤ ᠣᠷᠳᠣ ᠮᠠᠶ᠋ᠢᠭ ᠢᠶᠠᠷ ᠨᠢ ᠳᠡᠭᠰᠢᠯᠡᠵᠣ ᠳᠠᠯᠪᠢᠭᠠᠳ ᠣᠯᠠ ᠪᠣᠣᠪᠤ ᠲᠠᠢ ᠠᠳᠠᠯᠢᠬᠠᠨ ᠵᠠᠰᠠᠳᠠᠭ᠃ ᠱᠠᠨᠽᠠᠢ ᠪᠣᠣᠪᠤ ᠶᠢ ᠵᠢᠰᠢᠬᠦᠣ ᠭᠡᠯᠪᠡᠷᠢ ᠪᠠᠷ ᠨᠢᠭᠡ ᠯᠠ ᠭᠡᠮᠵᠢᠶ᠎ᠠ ᠲᠠᠢ ᠪᠠᠨ ᠳᠠᠪᠠᠭ ᠲᠠᠭᠠᠨ ᠳᠠᠷᠣᠪᠠᠯ ᠳᠣᠪ ᠳᠣᠭᠤᠢ ᠪᠣᠯᠭᠠᠨ ᠵᠠᠰᠠᠳᠠᠭ᠃ ᠡᠬᠦᠯᠡᠨ ᠪᠣᠣᠪᠤ ᠶᠢ ᠳᠠᠪᠠᠭ ᠲᠤ ᠣᠪᠣᠭᠠᠯᠠᠬᠤ᠂ ᠮᠥᠨ ᠴᠦ ᠳᠣᠭᠤᠢ ᠪᠣᠣᠪᠤ᠂ ᠰᠦᠯᠵᠢᠮᠡᠯ ᠪᠣᠣᠪᠤ ᠳᠡᠭᠡᠷ᠎ᠠ ᠣᠪᠣᠭᠠᠯᠠᠵᠣ ᠳᠠᠯᠪᠢᠬᠤ ᠪᠣᠶᠣ ᠵᠢᠵᠢᠭ ᠰᠦᠯᠵᠢᠮᠡᠯ ᠲᠠᠢ ᠬᠤᠯᠢᠵᠣ ᠳᠠᠯᠪᠢᠳᠠᠭ᠃ ᠠᠯᠠᠱᠠ ᠶᠢᠨ ᠡᠮᠣᠨ᠎ᠡ ᠵᠠᠬ᠎ᠠ ᠪᠠᠷ ᠪᠠᠰᠠ ᠮᠣᠰᠬᠢᠮᠠᠯ ᠪᠣᠣᠪᠤ ᠬᠢᠳᠡᠭ᠂ ᠭᠤᠯᠢᠷ ᠤᠨ ᠬᠤᠶᠠᠷ ᠳᠠᠯ᠎ᠠ ᠶᠢ ᠳᠠᠳᠠᠨ ᠮᠣᠰᠬᠢᠵᠣ ᠳᠣᠭᠤᠶᠢᠯᠠᠭᠠᠳ ᠰᠢᠷᠠᠵᠣ᠂ ᠳᠠᠪᠠᠭᠯᠠᠬᠤ ᠳᠠᠭᠠᠨ᠂ ᠶᠡᠭᠡ ᠪᠠᠭ᠎ᠠ ᠨᠢ ᠳᠡᠰ ᠳᠠᠷᠠᠭᠠᠯᠠᠯ ᠲᠠᠢ ᠪᠠᠶᠢᠵᠣ᠂ ᠳᠠᠪᠬᠤᠷ ᠳᠠᠪᠬᠤᠷ ᠳᠠᠯᠪᠢᠬᠤ ᠳᠤ ᠰᠣᠪᠣᠷᠭ᠎ᠠ ᠮᠡᠳᠣ ᠪᠣᠯᠳᠠᠭ᠃ ᠪᠣᠣᠪᠤ ᠪᠠᠨ ᠴᠢᠮᠡᠬᠦ ᠳᠡᠭᠡᠨ ᠳᠡᠭᠡᠷ᠎ᠠ ᠨᠢ ᠴᠠᠭᠠᠨ ᠢᠳᠡᠭᠡ᠂ ᠶᠣᠳᠠᠩ᠂ ᠴᠢᠪᠠᠭ᠎ᠠ᠂ ᠰᠢᠬᠢᠷ ᠪᠣᠷᠠᠮ ᠳᠠᠯᠪᠢᠵᠣ᠂ ᠭᠤᠣᠯ ᠨᠢ ᠴᠠᠭᠠᠨ ᠢᠳᠡᠭᠡ ᠪᠣᠯᠣᠨ ᠰᠢᠬᠢᠷ ᠪᠣᠷᠠᠮ ᠢᠶᠠᠷ ᠴᠢᠮᠡᠭᠯᠡᠳᠡᠭ ᠭᠡᠵᠣ ᠨᠠ᠊ · ᠪᠠᠭᠠᠳᠣᠷ ᠶᠠᠷᠢᠯ᠎ᠠ᠃        ᠳᠡᠭᠡᠬᠦ ᠳᠤ ᠠᠯᠠᠱᠠ ᠠᠴᠠ ᠭᠠᠳᠠᠨ᠎ᠠ ᠬᠦᠭᠡᠨᠠᠭᠤᠷ ᠤᠨ ᠮᠣᠩᠭᠤᠯᠴᠣᠳ ᠤᠨ ᠰᠢᠨ᠎ᠡ ᠶᠢᠨ ᠳᠠᠪᠠᠭ ᠵᠠᠰᠠᠬᠤ ᠶᠣᠰᠣ ᠨᠢ ᠪᠣᠰᠣᠳ ᠭᠠᠵᠠᠷ ᠣᠷᠣᠨ ᠠᠴᠠ ᠪᠠᠰᠠ ᠵᠦᠷᠢᠶᠠᠨ ᠲᠠᠢ ᠪᠠᠶᠢᠳᠠᠭ᠃ ᠬᠦᠭᠡᠨᠠᠭᠤᠷ ᠨᠣᠳᠤᠭ ᠤᠨ ᠳᠠᠪᠣᠰᠣᠨ ᠭᠤᠪᠢ ᠬᠤᠰᠢᠭᠤᠨ ᠳᠤ ᠨᠣᠳᠤᠭ ᠲᠠᠢ ᠪᠠᠷᠠᠭᠤᠨ ᠬᠤᠶᠢᠳᠣ ᠶᠢᠨ ᠦᠨᠳᠦᠰᠦᠳᠡᠨ ᠤ ᠶᠡᠭᠡ ᠰᠣᠷᠭᠠᠭᠤᠯᠢ ᠶᠢᠨ ᠳᠡᠳ᠋ ᠫᠷᠤᠹᠧᠰᠰᠣᠷ᠂ ᠵᠠᠩ ᠦᠢᠯᠡ ᠶᠢᠨ ᠰᠣᠳᠣᠯᠣᠭᠠᠴᠢ ᠣᠶᠣᠨᠴᠡᠴᠡᠭ ᠪᠠᠭᠰᠢ ᠶᠢᠨ ᠲᠠᠨᠢᠯᠴᠠᠭᠤᠯᠤᠬᠰᠠᠨ᠂ ᠳᠡᠳᠡ ᠪᠣᠣᠪᠤ ᠳᠠᠪᠠᠭᠯᠠᠬᠤ ᠳᠠᠭᠠᠨ ᠣᠯᠠᠩᠭᠢ ᠨᠢ ᠭᠡᠯᠡ ᠪᠣᠣᠪᠤ ︵ᠰᠦᠯᠵᠢᠮᠠᠯ ᠪᠣᠣᠪᠤ︶᠎ ᠶᠢ ᠳᠣᠬᠤᠢ ᠦᠨᠳᠣᠷ ᠳᠠᠪᠠᠭᠯᠠᠭᠠᠳ᠂ ᠭᠡᠯᠡ ᠪᠣᠣᠪᠤ ᠶᠢᠨ ᠢᠶᠠᠨ ᠳᠡᠭᠡᠷ᠎ᠠ ᠬᠤᠷᠭᠤᠰᠣᠨ ᠪᠣᠣᠪᠤ᠂ ᠴᠢᠳᠬᠤᠮᠠᠯ ᠪᠣᠣᠪᠤ ᠶᠢ ᠭᠡ ᠪᠣᠯᠭᠠᠨ ᠳᠠᠯᠪᠢᠳᠠᠭ᠂ ᠰᠡᠬᠦᠯ ᠤᠨ ᠦᠶ᠎ᠡ ᠳᠤ ᠴᠢᠪᠠᠭ᠎ᠠ᠂ ᠶᠣᠳᠠᠩ ᠢᠶᠠᠷ ᠵᠠᠰᠠᠳᠠᠭ ᠪᠣᠯᠵᠡᠢ᠃ ᠬᠦᠭᠡᠨᠠᠭᠤᠷ ᠤᠨ ᠵᠠᠷᠢᠮ ᠭᠠᠵᠠᠷ ᠲᠤ ᠭᠡᠯᠡ ᠪᠣᠣᠪᠤ ᠶᠢ ᠬᠦᠷᠦᠮᠠᠯ ᠪᠣᠣᠪᠤ ᠭᠡᠳᠡᠭ᠂ ᠳᠣᠯᠤᠭ᠎ᠠ᠂ ᠶᠢᠰᠣ ᠵᠡᠷᠭᠡ ᠳᠠᠩ ᠳᠤᠭ᠎ᠠ ᠪᠠᠷ ᠪᠣᠣᠪᠤ ᠪᠠᠨ ᠳᠠᠪᠬᠤᠷᠯᠠᠵᠣ᠂ ᠬᠠᠮᠤᠭ ᠳᠡᠭᠡᠷ᠎ᠠ ᠨᠢ ᠭᠠᠭᠴᠨ ᠪᠣᠣᠪᠤ ᠳᠠᠯᠪᠢᠨ᠂ ᠵᠢᠭᠠᠬᠠᠨ ᠰᠢᠷ᠎ᠠ ᠳᠣᠰᠣ ᠳᠣᠷᠬᠢᠨ᠎ᠡ᠃ ᠭᠡᠶᠢᠴᠢᠨ ᠢᠷᠡᠭᠰᠡᠨ ᠤ ᠳᠠᠷᠠᠭ᠎ᠠ ᠪᠣᠣᠪᠤ ᠪᠠᠨ ᠬᠦᠨᠳᠡᠬᠦ ᠦᠶ᠎ᠡ ᠳᠤ ᠳᠣᠰᠣ ᠳᠦᠷᠬᠢᠭᠰᠡᠨ ᠭᠠᠭᠴᠠ ᠪᠣᠣᠪᠤ ᠪᠠᠨ ᠪᠣᠷᠬᠠᠨ ᠤ ᠡᠮᠣᠨ᠎ᠡ ᠳᠠᠯᠪᠢᠳᠠᠭ ᠵᠠᠩᠰᠢᠯ ᠲᠠᠢ ᠭᠡᠯ᠎ᠡ᠃        ᠮᠣᠩᠭᠤᠯ ᠣᠯᠣᠰ ᠤᠨ ᠳᠠᠪᠠᠭ ᠤᠨ ᠢᠳᠡᠭᠡ ᠵᠠᠰᠠᠬᠤ ᠶᠣᠰᠣᠨ ᠨᠢ ᠠᠯᠠᠱᠠ ᠲᠠᠢ ᠪᠠᠰᠠ ᠠᠳᠠᠯᠢ ᠦᠭᠡᠢ ᠶᠤᠮ᠃ ᠳᠠᠪᠠᠭ ᠵᠠᠰᠠᠬᠤ ᠳᠤ ᠣᠯᠠ ᠪᠣᠣᠪᠤ ᠶᠢ ᠭᠡᠷᠡᠭᠯᠡᠳᠡᠭ᠃ ᠡᠨᠡ ᠨᠢ ᠡᠷᠦᠭᠡ ᠶᠢᠨ ᠳᠡᠷᠢᠬᠦᠯᠡᠭᠴᠢ ᠬᠦᠮᠦᠨ ᠭᠡᠳᠣᠨ ᠨᠠᠰᠣ ᠵᠣᠭᠤᠭᠯᠠᠵᠣ ᠪᠠᠶᠢᠭ᠎ᠠ᠂ ᠭᠡᠳᠣᠨ ᠦᠷ᠎ᠠ ᠠᠴᠢ᠂ ᠭᠡᠳᠣᠨ ᠵᠢᠭᠡ᠂ ᠭᠡᠳᠣᠨ ᠭᠤᠴᠢ ᠳᠦᠴᠢ ᠦᠵᠡᠭᠰᠡᠨ ᠵᠡᠷᠭᠡ ᠠᠴᠠ ᠨᠢ ᠬᠠᠮᠢᠶᠠᠷᠣᠭᠠᠳ᠂ ᠭᠡᠳᠣᠨ ᠤᠯᠠ ᠶᠢ ᠦᠩᠭᠡᠷᠡᠬᠦᠯᠵᠡᠢ᠂ ᠭᠡᠳᠣᠨ ᠤᠯᠠ ᠶᠢ ᠡᠯᠡᠭᠡᠵᠡᠢ ᠭᠡᠵᠣ ᠡᠯᠡᠭᠡᠭᠰᠡᠨ ᠤᠯᠠ ᠪᠠᠨ ᠨᠦᠬᠦᠬᠦ ᠶᠢᠨ ᠪᠡᠯᠭᠡᠳᠡᠯ ᠪᠣᠯᠭᠠᠵᠣ ᠣᠯᠠ ᠪᠣᠣᠪᠤ ᠪᠠᠷ ᠢᠶᠠᠨ ᠳᠠᠪᠠᠭ ᠵᠠᠰᠠᠳᠠᠭ᠂ ᠳᠠᠪᠠᠭ ᠤᠨ ᠢᠳᠡᠭᠡᠨ ᠤ ᠳᠡᠭᠡᠵᠢ ᠳᠠᠯᠪᠢᠬᠤ ᠦᠶ᠎ᠡ ᠶᠢᠨ ᠳᠤᠭ᠎ᠠ ᠨᠢ ᠭᠡᠷ ᠤᠨ ᠡᠵᠡᠨ ᠤ ᠨᠠᠰᠣ ᠲᠠᠢ ᠬᠠᠮᠢᠶᠠᠳᠠᠢ᠃ ᠵᠠᠯᠠᠭᠤ ᠬᠦᠮᠣᠰ ᠳᠠᠪᠤ ᠪᠠᠷ ᠭᠤᠷᠪᠠᠨ ᠦᠶ᠎ᠡ ᠵᠠᠰᠠᠬᠤ ᠶᠣᠰᠣᠳᠠᠢ᠂ ᠳᠠᠪᠤ ᠪᠠᠷ ᠭᠤᠷᠪᠠᠨ ᠦᠶ᠎ᠡ ᠵᠠᠰᠠᠨ᠎ᠠ ᠭᠡᠳᠡᠭ ᠦᠷ᠎ᠠ ᠭᠡᠣᠭᠡᠳ ᠢᠶᠠᠨ ᠦᠵᠡᠭᠡ ᠦᠭᠡᠢ᠂ ᠭᠤᠷᠪᠠᠨ ᠦᠶ᠎ᠡ ᠪᠠᠨ ᠦᠵᠡᠭᠡ ᠦᠭᠡᠢ ᠣᠴᠢᠷ ᠠᠴᠠ ᠡᠶᠢᠮᠣ ᠳᠠᠪᠠᠭ ᠵᠠᠰᠠᠳᠠᠭ᠃ ᠭᠤᠷᠪᠠᠨ ᠦᠶ᠎ᠡ ᠪᠠᠨ ᠦᠵᠡᠭᠡ ᠦᠭᠡᠢ ᠬᠦᠮᠦᠨ ᠭᠤᠷᠪᠠᠨ ᠦᠶ᠎ᠡ ᠪᠠᠨ ᠦᠵᠡᠬᠦ ᠶᠢᠨ ᠪᠡᠯᠭᠡᠳᠡᠯ ᠪᠣᠯᠭᠠᠨ ᠳᠠᠪᠤ ᠪᠠᠷ ᠭᠤᠷᠪᠠᠨ ᠦᠶ᠎ᠡ ᠳᠠᠪᠠᠭ ᠵᠠᠰᠠᠳᠠᠭ ᠣᠴᠢᠷ ᠲᠠᠢ ᠪᠠᠶᠢᠵᠡᠢ᠃ ᠵᠢᠷᠠᠨ ᠨᠠᠰᠣᠨ ᠠᠴᠠ ᠨᠠᠶᠠᠨ ᠨᠠᠰᠣ ᠬᠦᠷᠳᠡᠯ᠎ᠡ ᠨᠠᠰᠣᠯᠠᠭᠰᠠᠨ ᠬᠦᠮᠦᠨ ᠳᠠᠪᠣᠨ ᠦᠶ᠎ᠡ ᠪᠠᠷ ᠳᠠᠪᠣᠨ ᠦᠶ᠎ᠡ᠂ ᠨᠠᠶᠠᠨ ᠨᠠᠰᠣᠨ ᠠᠴᠠ ᠵᠠᠭᠤᠨ ᠨᠠᠰᠣ ᠬᠦᠷᠳᠡᠯ᠎ᠡ ᠳᠠᠪᠤ ᠪᠠᠷ ᠳᠣᠯᠣᠭᠠᠨ ᠦᠶ᠎ᠡ᠂ ᠵᠠᠭᠤᠨ ᠨᠠᠰᠣᠨ ᠠᠴᠠ ᠳᠡᠭᠡᠭᠰᠢ ᠳᠠᠪᠤ ᠪᠠᠷ ᠶᠢᠰᠣᠨ ᠦᠶ᠎ᠡ ᠵᠠᠰᠠᠬᠠᠰᠠ ᠳᠠᠪᠠᠭ ᠤᠨ ᠢᠳᠡᠭᠡ ᠳᠠᠯᠪᠢᠳᠠᠭ ᠪᠠᠶᠢᠨ᠎ᠠ᠃ ᠵᠠᠰᠠᠭᠰᠠᠨ ᠳᠠᠪᠠᠭ ᠳᠣᠳᠣᠷ᠎ᠠ ᠪᠠᠨ ᠴᠠᠭᠠᠨ ᠢᠳᠡᠭᠡ ᠪᠠᠶᠢᠷᠢᠯᠠᠭᠤᠯᠣᠨ᠎ᠠ᠂ ᠴᠠᠭᠠᠨ ᠢᠳᠡᠭᠡ ᠪᠠᠶᠢᠷᠢᠯᠠᠭᠤᠯᠳᠠᠭ ᠣᠴᠢᠷ ᠨᠢ ᠳᠣᠬᠠᠢ ᠶᠢᠨ ᠴᠠᠭ ᠤᠨ ᠶᠣᠰᠣ ᠵᠠᠩᠰᠢᠯ᠂ ᠠᠬᠤᠢ ᠰᠣᠶᠣᠯ ᠨᠢ ᠮᠠᠯ ᠠᠵᠣ ᠠᠬᠤᠢ ᠤᠴᠢᠷ ᠠᠴᠠ ᠬᠦᠮᠦᠨ ᠠᠷᠠᠳ ᠨᠢ ᠰᠢᠭᠤᠳ ᠬᠠᠮᠢᠶᠠᠷᠣᠯᠳᠠᠢ ᠪᠠᠶᠢᠭᠰᠠᠨ ᠢ ᠢᠯᠡᠳᠭᠡᠳᠡᠭ᠃ ᠳᠡᠭᠡᠳᠣ ᠭᠡᠰᠡᠭ ᠲᠤ ᠪᠦᠷᠢᠨ ᠳᠠᠯᠪᠢᠭᠰᠠᠨ ᠤ ᠳᠠᠷᠠᠭ᠎ᠠ ᠣᠷᠦᠢ ᠶᠢᠨ ᠭᠡᠰᠡᠭ ᠢ ᠨᠢ ᠰᠢᠷ᠎ᠠ ᠳᠣᠰᠣ ᠪᠠᠷ ᠴᠢᠮᠡᠭᠯᠡᠳᠡᠭ ᠠᠵᠢ᠃
 
ᠢᠷᠡᠯᠲᠡ᠄ ᠠᠯᠠᠱᠠ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号