ᠰᠤᠶᠤᠯ ᠤᠨ ᠢᠲᠡᠭᠡᠯ ᠪᠤᠶᠤ ᠮᠣᠩᠭᠤᠯᠴᠣᠳ ᠦᠪᠡᠷᠮᠢᠴᠡ ᠪᠠᠶᠠᠷ  ᠳᠣᠷᠠᠰᠬᠠᠯ ᠢᠶᠠᠨ ᠤᠯᠠᠮᠵᠢᠯᠠᠨ ᠵᠠᠯᠭᠠᠮᠵᠢᠯᠠᠬᠤ ᠨᠢ ᠵᠦᠢᠳᠠᠢ
ᠨᠡᠶᠢᠲᠡᠯᠡᠭᠰᠡᠨ ᠴᠠᠭ᠄
2021/10/12
                                ● ᠨᠠ᠊ · ᠵᠢᠷᠭᠠᠯ                  ᠮᠣᠩᠭᠤᠯᠴᠣᠳ ᠮᠠᠨᠢ ᠦᠨᠢ ᠣᠳᠠᠭᠠᠨ ᠳᠡᠣᠬᠡᠨ ᠠᠶᠠᠨ ᠳᠤ ᠡᠯᠪᠡᠭ ᠪᠠᠶᠠᠯᠢᠭ ᠠᠭᠤᠯᠭ᠎ᠠ ᠪᠦᠬᠦᠢ ᠰᠣᠶᠣᠯ  ᠤᠨ  ᠦᠪ ᠢ ᠡᠬᠦᠳᠦᠨ ᠪᠦᠲᠦᠭᠡᠭᠰᠡᠨ ᠢ ᠶᠢᠷᠳᠢᠨᠴᠦ ᠪᠠᠷ ᠢᠶᠠᠨ ᠮᠠᠳᠠᠷᠡᠵᠦ ᠪᠠᠶᠢᠳᠠᠭ᠃ ᠮᠣᠩᠭᠤᠯᠴᠣᠳ ᠴᠦ ᠪᠣᠰᠣᠳ ᠦᠨᠳᠦᠰᠦᠳᠡᠨ   ᠲᠠᠢ ᠠᠳᠠᠯᠢ ᠪᠠᠷ ᠦᠪᠡᠷ ᠤᠨ ᠬᠢᠨ ᠦᠪᠡᠷᠮᠢᠴᠡ ᠣᠨᠴᠠᠯᠢᠭ ᠪᠦᠬᠦᠢ ᠪᠠᠶᠠᠷ ᠳᠣᠷᠠᠰᠬᠠᠯ ᠤᠨ ᠡᠳᠦᠷ ᠪᠣᠢ᠃ ᠣᠯᠠᠨ ᠵᠠᠭᠤᠨ ᠵᠢᠯ ᠤᠨ ᠳᠣᠷᠰᠢᠳᠠ ᠣᠯᠠᠮᠵᠢᠯᠠᠯᠳᠦ ᠵᠠᠩ ᠵᠠᠩᠰᠢᠯ ᠢᠶᠠᠨ ᠪᠠᠷᠢᠮᠳᠠᠯᠠᠵᠦ ᠢᠷᠡᠭᠰᠡᠨ ᠪᠦᠭᠡᠳ  ᠦᠶ᠎ᠡ  ᠵᠠᠯᠭᠠᠨ  ᠣᠯᠠᠮᠵᠢᠯᠠᠵᠦ  ᠢᠷᠡᠵᠡᠢ᠃ ᠣᠯᠣᠰ ᠤᠨ ᠬᠠᠣᠯᠢ ᠳᠦᠷᠢᠮ ᠳᠤ ᠴᠦ ︽ᠦᠨᠳᠦᠰᠦᠳᠡᠨ ᠤ ᠭᠠᠵᠠᠷ ᠣᠷᠣᠨ ᠨᠢ ᠦᠪᠡᠷ ᠤᠨ ᠣᠨᠴᠠᠯᠢᠭ ᠢᠶᠠᠨ  ᠦᠨᠳᠦᠰᠦᠯᠡᠨ ᠦᠪᠡᠷ ᠤᠨ ᠪᠠᠶᠠᠷ ᠳᠣᠷᠠᠰᠬᠠᠯ ᠤᠨ  ᠡᠳᠦᠷ   ᠢᠶᠠᠨ  ᠳᠣᠭᠳᠠᠭᠠᠵᠦ  ᠪᠣᠯᠣᠨ᠎ᠠ︾  ᠭᠡᠵᠤ  ᠲᠤᠳᠣᠷᠬᠠᠢ  ᠲᠤᠷᠠᠳᠴᠠᠢ᠃  ᠠᠳᠡ ᠮᠤᠩᠭᠤᠯᠴᠣᠳ ᠤᠨ ᠪᠠᠶᠢᠩᠭᠤ ᠡᠷᠬᠢᠮᠯᠡᠳᠡᠭ ᠦᠪᠡᠷᠮᠢᠴᠡ ᠪᠠᠶᠠᠷ ᠳᠣᠷᠠᠰᠬᠠᠯ ᠤᠨ ᠡᠳᠦᠷ ᠢ ᠡᠮᠬᠢᠯᠡᠨ ᠳᠢᠭᠯᠡᠭᠰᠡᠨ ᠢᠶᠠᠨ ᠶᠠᠷᠢᠶ᠎ᠠ᠄        ᠴᠠᠭᠠᠨ ᠰᠠᠷ᠎ᠠ ᠶᠢᠨ ᠠᠷᠪᠠᠨ ᠵᠢᠷᠭᠤᠭᠠᠨ                          ᠴᠠᠭᠠᠨ ᠰᠠᠷ᠎ᠠ ᠶᠢᠨ ᠠᠷᠪᠠᠨ ᠵᠢᠷᠭᠤᠭᠠᠨ ᠪᠣᠯ ᠮᠣᠩᠭᠤᠯᠴᠣᠳ ᠤᠨ ᠦᠪᠡᠷᠮᠢᠴᠡ ᠨᠢᠭᠡᠨ ᠡᠳᠦᠷ  ᠪᠣᠯᠣᠨ᠎ᠠ᠃  ᠴᠠᠭᠠᠨ ᠰᠠᠷ᠎ᠠ ᠶᠢᠨ ᠵᠣᠯᠭᠠᠯᠳᠠ ᠪᠠᠷ ᠳᠣᠭᠤᠷᠢᠭᠰᠠᠳ ᠡᠨᠡ ᠡᠳᠦᠷ ᠪᠣᠯᠪᠠᠯ ᠪᠠᠷᠤᠭ ᠬᠡᠪ ᠤᠨ  ᠪᠠᠶᠢᠳᠠᠯ   ᠳᠤ   ᠪᠠᠨ  ᠣᠷᠣᠬᠤ  ᠶᠤᠮ᠃ ᠣᠴᠢᠷ ᠨᠢ ᠠᠶᠢᠯ ᠬᠡᠷ ᠢᠶᠠᠷ ᠢᠶᠠᠨ ᠪᠦᠷᠢᠳᠴᠦ ᠪᠠᠶᠠᠷ ᠨᠠᠶᠢᠷ ᠤᠨ ᠵᠣᠴᠢᠯᠠᠭ᠎ᠠ ᠪᠠᠵᠠᠭᠠᠵᠦ᠂ ᠨᠠᠰᠣᠳᠠᠨ ᠪᠣᠭᠤᠷᠣᠯᠴᠣᠣᠯ᠂ ᠬᠡᠣᠬᠡᠳ ᠨᠢᠯᠬᠠᠰ ᠲᠠᠢ ᠪᠠᠨ ᠬᠠᠮᠳᠣᠪᠡᠷ ᠵᠢᠯ ᠤᠨ ᠪᠣᠳᠠᠭ᠎ᠠ ᠪᠠᠨ ᠢᠳᠡᠵᠦ ᠪᠠᠶᠠᠷᠯᠠᠨ ᠨᠠᠷᠬᠢᠨ᠎ᠠ᠃ ᠡᠨᠡ ᠬᠦ ᠪᠠᠶᠠᠷ ᠤᠨ  ᠳᠠᠶᠢᠯᠠᠯᠭ᠎ᠠ   ᠪᠠᠨ ᠦᠨᠳᠦᠷᠯᠡᠬᠦᠯᠪᠡᠯ ᠪᠣᠷᠬᠠᠨ ᠢᠶᠠᠨ ᠠᠭᠤᠶᠢᠯᠠᠵᠦ ᠳᠠᠯᠪᠢᠨ᠎ᠠ᠃ ᠡᠨᠡ  ᠨᠢ ᠳᠠᠷᠣᠢ ᠰᠢᠨᠡᠯᠡᠬᠦ ᠠᠴᠠ ᠡᠮᠦᠨ᠎ᠡ ᠬᠦᠩᠭᠠᠷᠪᠠ ᠠᠴᠠ   ᠪᠠᠨ ᠭᠠᠷᠭᠠᠨ ᠢᠯᠡ ᠳᠠᠯᠪᠢᠵᠦ ᠬᠦᠵᠢ ᠵᠣᠯᠠ ᠠᠰᠠᠭᠠᠨ ᠳᠠᠬᠢᠭᠰᠠᠨ ᠪᠣᠷᠬᠠᠨ ᠢᠶᠠᠨ ᠣᠣᠯ ᠬᠡᠪ ᠢᠶᠠᠷ ᠨᠢ  ᠣᠷᠣᠨ  ᠪᠠᠶᠢᠷᠢ   ᠳᠤ   ᠨᠢ ᠣᠷᠣᠭᠤᠯᠵᠦ ᠳᠠᠯᠪᠢᠬᠤ ᠶᠢ ᠬᠡᠯᠡᠵᠦ ᠪᠣᠢ᠃ ᠪᠣᠷᠬᠠᠨ ᠢᠶᠠᠨ ᠠᠭᠤᠶᠢᠯᠠᠪᠠᠯ ᠳᠠᠶᠠᠭᠠᠷ ᠢᠶᠠᠨ ᠠᠯᠢᠪᠠ ᠰᠠᠶᠢᠨ ᠰᠠᠶᠢᠬᠠᠨ   ᠢ  ᠬᠦᠰᠡᠨ ᠳᠠᠭᠠᠳᠬᠠᠵᠦ ᠬᠤᠪᠢ ᠬᠤᠪᠢᠨ ᠤ ᠠᠵᠢᠯ ᠠᠯᠪᠠ ᠳᠤ ᠪᠠᠨ ᠶᠠᠭᠠᠷᠠᠵᠦ ᠡᠬᠢᠯᠡᠳᠡᠭ᠃ ᠮᠣᠩᠭᠤᠯ ᠬᠦᠮᠦᠨ ᠬᠠᠮᠢᠭ᠎ᠠ ᠶᠠᠪᠣᠭᠰᠠᠨ  ᠴᠦ ᠬᠠᠮᠢᠶ᠎ᠠ ᠦᠬᠡᠢ᠂ ᠴᠠᠭᠠᠨ ᠰᠠᠷ᠎ᠠ ᠶᠢᠨ ᠠᠷᠪᠠᠨ ᠵᠢᠷᠭᠤᠭᠠᠨ ᠢ ᠶᠡᠷᠦ ᠮᠠᠷᠳᠠᠬᠤ  ᠦᠬᠡᠢ᠂  ᠣᠯᠠᠮᠵᠢᠯᠠᠯᠳᠦ  ᠵᠣᠷᠰᠢᠯ   ᠢᠶᠠᠷ   ᠢᠶᠠᠨ ᠦᠩᠭᠡᠷᠡᠬᠦᠯᠳᠡᠭ᠃ ᠡᠨᠡ ᠡᠳᠦᠷ ᠬᠤᠯᠠ ᠣᠶᠢᠷ᠎ᠠ ᠶᠢᠨ ᠮᠠᠯᠴᠢᠳ  ᠵᠦᠭ  ᠪᠦᠬᠦᠨ   ᠠᠴᠠ  ᠳᠣᠭᠳᠠᠭᠰᠠᠨ  ᠭᠠᠵᠠᠷ   ᠲᠤ   ᠪᠠᠨ ᠴᠣᠭᠯᠠᠷᠠᠨ ᠢᠷᠡᠵᠦ ᠶᠡᠭᠡ ᠬᠡᠪᠴᠢᠶᠡᠨ ᠤ ᠠᠪᠠ ᠳᠠᠯᠪᠢᠳᠠᠭ᠃ ᠠᠪᠠ ᠳᠤ ᠢᠷᠡᠭᠰᠡᠨ ᠪᠦᠬᠦᠨ  ᠠᠬᠠᠮᠠᠳ  ᠨᠠᠰᠣᠳᠠᠨ   ᠲᠠᠢ   ᠪᠠᠨ ᠵᠣᠯᠭᠠᠨ ᠦᠶ᠎ᠡ ᠬᠤᠷᠠᠭ ᠤᠨ ᠬᠢᠨ ᠠᠭᠤᠯᠵᠠᠨ ᠣᠴᠠᠷᠠᠵᠦ ᠵᠢᠯ ᠤᠨ ᠡᠬᠢᠨ ᠤ ᠬᠡᠢ ᠮᠤᠷᠢ ᠰᠦᠯᠳᠡ ᠶᠢ ᠵᠦᠩᠨᠡᠨ ᠪᠡᠯᠭᠡᠳᠡᠳᠡᠭ᠃ ᠠᠪᠠ ᠳᠤ ᠢᠷᠡᠭᠰᠡᠳ ᠶᠡᠷᠦ ᠨᠢ ᠣᠯᠵᠠ ᠠᠰᠢᠭ ᠢ ᠪᠣᠳᠣᠳᠠᠭ ᠦᠬᠡᠢ᠂ ᠬᠦᠳᠡᠭᠡ ᠬᠡᠬᠡᠷ᠎ᠡ ᠬᠦᠯᠦᠭ ᠣᠨᠤᠭ᠎ᠠ ᠳᠣᠪᠳᠣᠯᠣᠨ ᠪᠠᠬ᠎ᠠ ᠪᠠᠨ ᠳᠠᠶᠢᠯᠣᠨ ᠪᠠᠶᠠᠷᠯᠠᠨ ᠨᠠᠷᠬᠢᠬᠤ ᠶᠢ ᠳᠡᠬᠡᠵᠢᠯᠡᠨ ᠡᠷᠬᠢᠮᠯᠡᠳᠡᠭ᠃         — ᠵᠠ᠂ ᠬᠡᠣᠬᠡᠳ ᠮᠢᠨᠢ ᠬᠦᠯᠦᠭ ᠤᠨ   ᠢᠶᠠᠨ  ᠴᠢᠳᠠᠯ   ᠢᠶᠠᠨ  ᠰᠢᠯᠭᠠᠵᠦ  ᠦᠵᠡ᠂  ᠡᠪᠦᠯ   ᠤᠨ  ᠬᠦᠢᠳᠡᠨ   ᠢ ᠦᠩᠭᠡᠷᠡᠬᠦᠯᠦᠭᠰᠡᠨ ᠰᠢᠦ ᠭᠡᠵᠤ ᠨᠠᠰᠣᠳᠠᠨ ᠨᠠᠷ ᠰᠣᠷᠭᠠᠯ ᠬᠠᠶᠢᠷᠠᠯᠠᠨ᠎ᠠ᠃        — ᠳᠠᠣᠯᠠᠢ ᠵᠡᠬᠡᠷ᠎ᠡ ᠪᠠᠨ ᠠᠩᠨᠠᠵᠦ ᠦᠵᠡ᠂ ᠪᠠᠶᠢᠭᠠᠯᠢ ᠣᠷᠴᠢᠨ ᠳᠤ ᠪᠠᠨ ᠵᠣᠬᠢᠴᠠᠭᠤᠯᠬᠤ ᠶᠤᠮ︕  ᠭᠡᠵᠤ  ᠬᠡᠨ ᠠᠯᠢᠨ ᠳᠤ ᠪᠠᠨ ᠰᠣᠷᠭᠠᠨ ᠶᠠᠷᠢᠵᠦ ᠬᠠᠮᠳᠣᠪᠡᠷ ᠨᠠᠷᠬᠢᠨ᠎ᠠ᠃         ᠴᠠᠭᠠᠨ ᠰᠠᠷ᠎ᠠ ᠶᠢᠨ ᠡᠬᠢᠨ ᠳᠤ ᠴᠠᠭᠯᠠᠰᠢ ᠦᠬᠡᠢ ᠪᠠᠶᠠᠰᠣᠨ ᠬᠦᠦᠷᠨᠢᠯᠳᠦᠬᠦ ᠠᠩᠬᠠᠨ ᠤ ᠪᠠᠶᠠᠷ ᠤᠨ ᠡᠳᠦᠷ  ᠢᠩᠬᠢᠵᠦ ᠡᠬᠢᠯᠡᠨ ᠣᠨ ᠤ ᠡᠷᠦᠬᠡ ᠪᠠᠨ ᠰᠡᠬᠦᠳᠡᠭ ᠪᠢᠯᠡ᠃                 ᠪᠢᠯᠢᠭ ᠤᠨ ᠳᠦᠷᠪᠡᠨ ᠰᠠᠷ᠎ᠠ ᠶᠢᠨ ᠰᠢᠨ᠎ᠡ ᠶᠢᠨ ᠳᠠᠪᠣᠨ                          ᠪᠢᠯᠢᠭ ᠤᠨ ᠳᠦᠷᠪᠡᠨ ᠰᠠᠷ᠎ᠠ ᠶᠢᠨ ᠰᠢᠨ᠎ᠡ ᠶᠢᠨ ᠳᠠᠪᠣᠨ ᠪᠣᠯ ᠪᠠᠰᠠ ᠨᠢᠬᠡᠨ ᠪᠠᠶᠠᠷ ᠨᠠᠶᠢᠷ   ᠤᠨ  ᠡᠳᠦᠷ  ᠪᠣᠯᠣᠨ᠎ᠠ᠃ ᠡᠨᠡ ᠦᠶ᠎ᠡ ᠪᠣᠯᠪᠠᠯ ᠳᠦᠯ ᠮᠠᠯ ᠪᠣᠶᠢᠵᠢᠵᠦ᠂ ᠮᠠᠯ ᠰᠦᠷᠦᠭ ᠤᠨ ᠬᠦᠴᠦ ᠳᠠᠮᠢᠷ ᠴᠢᠩᠭᠠᠷᠠᠨ  ᠮᠠᠯᠴᠢᠨ  ᠬᠦᠮᠦᠨ   ᠤ  ᠵᠦᠳᠡᠷᠡᠯ ᠶᠠᠳᠠᠷᠠᠯ ᠳᠠᠶᠢᠯᠣᠭᠳᠠᠨ ᠵᠢᠯ ᠤᠨ ᠦᠩᠭᠡ ᠪᠠᠨ ᠪᠠᠶᠠᠷᠳᠠᠢ ᠣᠭᠳᠣᠭᠰᠠᠨ  ᠴᠠᠭ  ᠪᠢᠯᠡ᠃  ᠡᠨᠡ  ᠡᠳᠦᠷ  ᠠᠷᠣ  ᠬᠤᠷᠴᠢᠨ   ᠤ ᠮᠣᠩᠭᠤᠯᠴᠣᠳ ᠣᠯᠠᠮᠵᠢᠯᠠᠯ ᠰᠣᠶᠣᠯ ᠤᠨ ᠢᠶᠠᠨ ᠶᠣᠰᠣ ᠪᠠᠷ ᠠᠭᠳᠠ ᠬᠦᠯᠦᠭ  ᠤᠨ ᠢᠶᠠᠨ ᠴᠢᠳᠠᠯ ᠢ ᠰᠢᠯᠭᠠᠨ ᠬᠦᠯᠦᠰᠦ   ᠶᠢ   ᠨᠢ ᠰᠢᠪᠬᠠᠬᠤ ᠴᠣᠭᠯᠠᠭᠠᠨ ᠪᠣᠯᠳᠠᠭ᠃ ᠬᠦᠮᠦᠰ ᠬᠡᠳᠦᠢ ᠶᠠᠭᠠᠷᠠᠣ ᠴᠦ ᠬᠠᠮᠢᠶ᠎ᠠ ᠦᠬᠡᠢ᠂ ᠬᠡᠨ ᠢᠶᠠᠷ  ᠴᠦ  ᠬᠡᠯᠡᠬᠦᠯᠦᠯ  ᠦᠬᠡᠢ   ᠪᠠᠷ ᠨᠣᠳᠤᠭ ᠭᠤᠣᠯ ᠤᠨ ᠬᠢᠨ ᠲᠠᠢ ᠴᠤᠭ ᠢᠶᠠᠷ ᠣᠯᠠᠮᠵᠢᠯᠠᠯᠳᠦ  ᠠᠭᠤᠯᠠ  ᠵᠣ   ᠳᠤ   ᠪᠠᠨ  ᠴᠣᠭᠯᠠᠷᠠᠨ  ᠬᠦᠯᠦᠭ  ᠣᠨᠤᠭ᠎ᠠ   ᠪᠠᠨ ᠣᠷᠣᠯᠳᠣᠨ ᠬᠦᠯᠦᠰᠦᠯᠡᠬᠦ ᠪᠠᠷ ᠪᠠᠶᠠᠷ ᠬᠦᠷ ᠲᠠᠢ ᠨᠢᠬᠡ ᠡᠳᠦᠷ ᠨᠠᠷᠬᠢᠳᠠᠭ᠃ ᠨᠠᠰᠣᠳᠠᠳ ᠤᠨ ᠬᠡᠯᠡᠬᠦ ᠪᠠᠷ ᠡᠶᠢᠮᠦᠷᠬᠦᠦ ᠪᠠᠶᠠᠷ ᠤᠨ ᠡᠳᠦᠷ ᠨᠢ ᠪᠠᠷᠤᠭ ᠮᠣᠩᠭᠤᠯ ᠣᠷᠣᠨ ᠪᠦᠬᠦᠨ ᠳᠤ ᠪᠠᠷᠢᠮᠳᠠᠯᠠᠵᠦ ᠣᠯᠠᠮᠵᠢᠯᠠᠭᠰᠠᠨ ᠶᠤᠮ ᠬᠡᠳᠡᠭ᠃ ᠣᠷᠴᠢᠮ ᠤᠨ ᠵᠢᠯ ᠳᠤ  ᠡᠨᠡ ᠬᠦ ᠪᠠᠶᠠᠷ ᠤᠨ ᠡᠳᠦᠷ ᠨᠢ ᠮᠠᠷᠳᠠᠭᠳᠠᠨ ᠣᠷᠬᠢᠭᠳᠠᠵᠦ᠂ ᠵᠠᠯᠠᠭᠤ ᠪᠠᠭᠠᠴᠣᠣᠯ ᠤᠨ ᠣᠯᠠᠩᠬᠢ ᠨᠢ ᠮᠡᠳᠡᠬᠦ ᠦᠬᠡᠢ ᠪᠣᠯᠵᠦ ᠵᠠᠷᠢᠮ ᠨᠢ ᠭᠠᠶᠢᠬᠠᠰᠢᠷᠠᠨ ᠰᠣᠨᠢᠭᠤᠴᠢᠯᠠᠳᠠᠭ᠃         ᠡᠪᠦᠬᠡᠳ ᠪᠣᠭᠤᠷᠣᠯᠴᠣᠣᠯ ᠨᠠᠷ ᠡᠨᠡ ᠬᠦ ᠪᠠᠶᠠᠷ ᠨᠠᠶᠢᠷ   ᠤᠨ  ᠡᠳᠦᠷ   ᠢᠶᠠᠨ  ᠴᠡᠬᠡᠵᠢᠯᠡᠨ  ᠪᠠᠷᠢᠮᠳᠠᠯᠠᠵᠦ  ᠵᠢᠯ  ᠪᠦᠷᠢ ᠬᠡᠳᠦᠬᠦᠯᠡ ᠪᠠᠨ ᠴᠣᠭᠯᠠᠷᠠᠨ ᠬᠦᠯᠦᠭ ᠣᠨᠤᠭ᠎ᠠ ᠣᠷᠣᠯᠳᠣᠨ ᠬᠦᠯᠦᠰᠦᠯᠡᠬᠦ ᠦᠬᠡᠢ ᠴᠦ ᠣᠷᠢᠳᠦ ᠶᠢᠨ ᠳᠣᠮᠤᠭ ᠢ ᠡᠷᠬᠢᠴᠡᠬᠦᠯᠦᠨ ᠤᠵᠠᠭᠤᠷ ᠰᠣᠶᠣᠯ ᠢᠶᠠᠨ ᠪᠠᠭ᠋ᠠᠳᠣᠨ ᠬᠦᠦᠷᠨᠢᠯᠳᠦᠳᠡᠭ᠃ ᠶᠠᠭ ᠡᠶᠢᠮᠦ ᠠᠴᠠ ᠵᠠᠷᠢᠮ ᠨᠢ᠄          ᠬᠦᠯᠦᠭ ᠮᠣᠷᠢ ᠪᠠᠨ ᠡᠮᠡᠬᠡᠯᠯᠡᠵᠦ         ᠬᠤᠯᠪᠣᠭ᠎ᠠ ᠵᠣ ᠳᠤ ᠪᠠᠨ ᠬᠦᠷᠦᠶ᠎ᠡ         ᠬᠤᠷᠳᠣᠨ ᠬᠦᠯᠦᠭ ᠢᠶᠠᠨ ᠰᠢᠯᠭᠠᠯᠴᠠᠨ         ᠬᠦᠳᠡᠭᠡ ᠳᠠᠯ᠎ᠠ ᠪᠠᠨ ᠪᠠᠶᠠᠰᠬᠠᠶ᠎ᠠ               ᠪᠠᠷᠰᠳᠦ ᠶᠢᠨ ᠵᠣ ᠳᠤ ᠴᠣᠭᠯᠠᠷᠠᠨ           ᠪᠠᠶᠠᠷᠯᠠᠵᠦ ᠨᠠᠷᠬᠢᠨ ᠳᠣᠪᠳᠣᠯᠣᠶ᠎ᠠ           ᠪᠠᠶᠠᠨ ᠳᠠᠩᠰᠤᠭ ᠨᠣᠳᠤᠭ ᠢᠶᠠᠨ           ᠪᠠᠭ᠋ᠠᠳᠣᠨ ᠰᠣᠨᠢᠷᠬᠠᠵᠦ ᠣᠷᠣᠯᠳᠣᠶ᠎ᠠ ᠭᠡᠵᠤ ᠬᠤᠯᠪᠣᠭ᠎ᠠ ᠰᠢᠯᠦᠭ ᠲᠠᠢ ᠬᠡᠯᠡᠵᠦ ᠣᠷᠢᠳᠦ ᠶᠢᠨ ᠳᠣᠮᠤᠭ   ᠢ  ᠶᠠᠷᠢᠳᠠᠭ᠃ ᠬᠠᠶᠠ ᠪᠠᠰᠠ ᠡᠳᠡᠭᠡᠷ ᠪᠠᠶᠠᠷ ᠨᠠᠶᠢᠷ ᠤᠨ ᠣᠳᠬ᠎ᠠ ᠠᠭᠤᠯᠭ᠎ᠠ ᠶᠢᠨ ᠳᠣᠬᠠᠢ ᠬᠡᠣᠬᠡᠳ ᠵᠠᠯᠠᠭᠤᠰ ᠲᠤ ᠣᠯᠠᠮᠵᠢᠯᠠᠨ ᠶᠠᠷᠢᠵᠦ ᠭᠠᠵᠠᠷ ᠣᠰᠣ ᠪᠠᠨ ᠮᠡᠳᠡᠬᠦᠯᠳᠡᠭ ᠪᠢᠯᠡ᠃        ᠮᠣᠩᠭᠤᠯ ᠣᠷᠣᠨ ᠤ ᠡᠶᠢᠮᠦᠷᠬᠦᠦ ᠨᠠᠶᠢᠷ ᠪᠠᠶᠠᠷ ᠤᠨ ᠡᠳᠦᠷ ᠨᠢ ᠦᠪᠡᠷᠮᠢᠴᠡ ᠣᠨᠴᠠᠯᠢᠭ ᠲᠠᠢ ᠶᠤᠮ᠃ ᠠᠶᠢᠯ ᠰᠣᠮᠣᠨ ᠤ ᠠᠪᠠ ᠶᠢᠨ ᠨᠠᠶᠢᠷ   ᠨᠢ  ᠳᠣᠭᠳᠠᠭᠰᠠᠨ  ᠬᠡᠪᠴᠢᠶᠠᠨ   ᠳᠤ  ᠶᠠᠪᠣᠭᠳᠠᠨ᠂  ᠬᠤᠰᠢᠭᠤ  ᠬᠡᠪᠴᠢᠶ᠎ᠠ   ᠶᠢᠨ   ᠬᠢᠨ  ᠣᠯᠠᠮᠵᠢᠯᠠᠵᠦ ᠳᠠᠳᠬᠠᠯᠵᠢᠭᠰᠠᠨ ᠨᠢᠬᠡᠨ ᠭᠠᠵᠠᠷ ᠲᠤ ᠪᠠᠨ ᠶᠠᠪᠣᠭᠳᠠᠨ᠎ᠠ᠃ ᠵᠢᠱᠢᠶᠡᠯᠡᠬᠦ ᠳᠤ ᠬᠤᠨᠳᠦ  ᠨᠣᠳᠤᠭ   ᠤᠨ  ᠠᠪᠠ   ᠶᠢᠨ  ᠨᠠᠶᠢᠷ   ᠨᠢ ᠳ᠋ᠦᠩᠰᠡᠬᠡᠷ᠂ ᠳᠦᠷᠪᠠᠨᠬᠤᠸᠠ ᠵᠡᠷᠬᠡ ᠪᠠᠷ ᠶᠠᠪᠣᠭᠳᠠᠵᠦ᠂ ᠪᠠᠰᠠ ᠵᠠᠷᠢᠮ ᠳᠤ  ᠪᠠᠨ ᠣᠯᠠᠨ ᠬᠤᠸᠠ ᠶᠢᠨ ᠠᠪᠠ   ᠶᠢᠨ  ᠨᠠᠶᠢᠷ   ᠲᠤ ᠬᠦᠷᠦᠯᠴᠡᠨ ᠣᠴᠢᠳᠠᠭ᠃ ᠬᠡᠳᠡᠯ᠎ᠡ ᠬᠤᠰᠢᠭᠤ ᠬᠡᠪᠴᠢᠶᠠᠨ ᠤ ᠠᠪᠠ ᠶᠢᠨ ᠨᠠᠶᠢᠷ ᠨᠢ ᠬᠤᠯᠪᠣᠭ᠎ᠠ ᠶᠢᠨ ᠵᠣ᠂ ᠠᠯᠳᠠᠢ ᠶᠢᠨ  ᠮᠠᠩᠬᠠᠨ ᠳᠤ ᠶᠠᠪᠣᠭᠳᠠᠵᠦ᠂ ᠬᠤᠯᠠ ᠣᠶᠢᠷ᠎ᠠ ᠶᠢᠨ ᠮᠠᠯᠴᠢᠳ ᠬᠤᠨᠣᠵᠦ ᠦᠨᠵᠢᠨ ᠬᠦᠳᠦᠯᠦᠬᠡ ᠮᠣᠷᠢ ᠪᠠᠷ  ᠢᠷᠡᠬᠦ   ᠨᠢ  ᠴᠦᠬᠡᠨ  ᠪᠣᠰᠣ ᠶᠤᠮ᠃ ᠠᠪᠠ ᠶᠢᠨ ᠨᠠᠶᠢᠷ  ᠨᠢ  ᠳᠠᠭᠠᠭᠠᠮᠠᠯ   ᠲᠠᠢ  ᠪᠦᠭᠡᠳ  ᠨᠣᠳᠤᠭ  ᠣᠰᠣᠨ   ᠤ  ᠬᠡᠷᠰᠡᠣ  ᠳᠣᠮᠣᠭᠤᠳᠠᠳ  ᠳᠠᠭᠠᠭᠤᠯᠣᠨ ᠣᠯᠠᠮᠵᠢᠯᠠᠯᠳᠦ ᠵᠠᠩ ᠵᠢᠷᠦᠮ ᠢᠶᠠᠷ ᠢᠶᠠᠨ ᠣᠯᠠᠨ ᠲᠠᠢ ᠪᠠᠨ ᠡᠶ᠎ᠡ ᠨᠠᠶᠢᠷ ᠲᠠᠢ᠂ ᠪᠠᠶᠠᠷ ᠬᠦᠷ ᠲᠠᠢ ᠨᠠᠷᠬᠢᠯᠳᠣᠨ ᠬᠦᠤᠷᠨᠢᠯᠳᠦᠳᠡᠭ᠃ ᠬᠦᠮᠦᠰ ᠭᠠᠵᠠᠷ ᠣᠰᠣ᠂ ᠬᠤᠯᠠ ᠣᠶᠢᠷ᠎ᠠ ᠶᠢᠨ ᠢᠯᠭᠠᠯ ᠦᠬᠡᠢ ᠪᠠᠷ ᠠᠪᠠ ᠶᠢᠨ ᠨᠠᠶᠢᠷ ᠲᠤ ᠣᠷᠣᠯᠴᠠᠨ ᠮᠣᠷᠢᠨ ᠤ ᠬᠦᠶᠦᠳᠡᠯ᠂ ᠦᠪᠡᠷ ᠤᠨ ᠡᠷᠳᠡᠮ ᠴᠢᠳᠠᠯ ᠢᠶᠠᠨ ᠭᠠᠶᠢᠬᠠᠭᠤᠯᠳᠠᠭ ᠪᠢᠯᠡ᠃                           ᠦᠩᠬᠦᠯᠵᠡᠭ ᠤᠨ ᠪᠣᠳᠠᠭ᠎ᠠ ᠶᠢᠨ ᠨᠠᠶᠢᠷ                          ᠵᠢᠯ ᠪᠦᠷᠢ ᠶᠢᠨ ᠴᠠᠭᠠᠨ ᠰᠠᠷ᠎ᠠ ᠶᠢᠨ ᠠᠷᠪᠠᠳ ᠢᠶᠠᠷ ᠣᠯᠠᠩᠬᠢ ᠭᠠᠵᠠᠷ ᠤᠨ ᠬᠢᠨ ︽ᠦᠩᠬᠦᠯᠵᠡᠭ ᠤᠨ ᠪᠣᠳᠠᠭ᠎ᠠ   ᠶᠢᠨ ᠨᠠᠶᠢᠷ︾ ᠭᠡᠵᠤ ᠬᠢᠳᠡᠭ᠃ ᠡᠬᠦᠨ ᠢ ᠭᠤᠣᠯᠳᠠᠭᠤ ᠬᠡᠣᠬᠡᠳ ᠰᠢᠣᠬᠠᠳ ᠦᠬᠡᠢ ᠬᠦᠮᠦᠨ  ᠠᠶᠢᠯ  ᠣᠰᠣᠨ   ᠤ  ᠬᠡᠣᠬᠡᠳ   ᠢᠶᠠᠨ ᠴᠣᠭᠯᠠᠭᠤᠯᠣᠨ ᠪᠠᠶᠠᠷᠯᠠᠭᠤᠯᠬᠤ ᠶᠢ ᠬᠡᠯᠡᠳᠡᠭ᠃         ᠦᠩᠬᠦᠯᠵᠡᠭ ᠤᠨ ᠪᠣᠳᠠᠭ᠎ᠠ ᠬᠢᠳᠡᠭ ᠨᠢ ᠬᠤᠨᠢ ᠢᠮᠠᠭᠠᠨ ᠤ  ᠵᠢᠷᠦᠬᠡ   ᠶᠢ  ᠴᠣᠭᠯᠠᠭᠤᠯᠣᠨ  ᠪᠣᠳᠠᠭ᠎ᠠ   ᠲᠠᠢ  ᠴᠢᠨᠠᠵᠦ ᠬᠡᠣᠬᠡᠳ ᠲᠤ ᠢᠳᠡᠬᠦᠯᠳᠡᠭ᠃ ᠠᠶᠢᠯ ᠬᠤᠳᠠᠨ ᠤ ᠠᠯᠢ ᠨᠢᠬᠡ ᠬᠡᠣᠬᠡᠳ ᠦᠬᠡᠢ ᠬᠦᠮᠦᠨ ᠨᠢ ᠦᠩᠬᠦᠯᠵᠡᠭ ᠤᠨ ᠪᠣᠳᠠᠭ᠎ᠠ ᠴᠢᠨᠠᠵᠦ ᠬᠠᠵᠠᠭᠤ ᠬᠠᠪᠢ ᠶᠢᠨ ᠠᠶᠢᠯ ᠣᠰᠣᠨ ᠤ ᠬᠡᠣᠬᠡᠳ ᠢᠶᠠᠨ ᠳᠣᠭᠳᠠᠭᠰᠠᠨ ᠡᠳᠦᠷ  ᠲᠤ ᠴᠣᠭᠯᠠᠭᠤᠯᠣᠨ ᠪᠣᠳᠠᠭᠠᠯᠠᠨ ᠵᠣᠴᠢᠯᠠᠵᠦ  ᠪᠤᠪᠤ ᠪᠣᠭᠤᠷᠰᠤᠭ᠂ ᠴᠠᠭᠠᠨ ᠢᠳᠡᠬᠡᠨ ᠳᠦᠬᠡᠬᠡᠨ ᠪᠠᠶᠠᠷ ᠬᠦᠷ ᠲᠠᠢ ᠨᠠᠭᠠᠳᠣᠭᠤᠯᠳᠠᠭ᠃         ᠦᠩᠬᠦᠯᠵᠡᠭ ᠤᠨ ᠪᠣᠳᠠᠭ᠎ᠠ ᠶᠢᠨ ᠨᠠᠶᠢᠷ ᠨᠢ ᠳᠡᠷᠡ ᠨᠢᠬᠡ ᠠᠶᠢᠯ ᠡᠷᠦᠬᠡ ᠶᠢᠨ ᠬᠢᠨ ᠤ ᠬᠡᠣᠬᠡᠳ ᠰᠢᠣᠬᠠᠳ ᠬᠦᠰᠡᠬᠦ᠂ ᠦᠶ᠎ᠡ ᠣᠭᠰᠠᠭ᠎ᠠ ᠵᠠᠯᠭᠠᠮᠵᠢᠯᠠᠬᠤ ᠶᠢ ᠳᠠᠭᠠᠳᠬᠠᠨ ᠬᠦᠰᠡᠭᠰᠡᠨ ᠪᠣᠶᠠᠨᠰᠠᠭ ᠦᠢᠯᠡ ᠪᠣᠯᠬᠤ ᠶᠤᠮ᠃ ᠳᠠᠷᠣᠢ ᠮᠠᠨ ᠤ  ᠠᠶᠢᠯ  ᠬᠡᠷ ᠤᠨ ᠬᠡᠣᠬᠡᠳ ᠰᠢᠣᠬᠠᠳ ᠴᠦ ᠴᠣᠭᠯᠠᠷᠠᠭᠰᠠᠨ ᠬᠡᠣᠬᠡᠳ  ᠰᠢᠭ᠋  ᠣᠯᠠᠨ  ᠪᠣᠯᠬᠤ   ᠶᠢ  ᠵᠦᠩᠨᠡᠨ  ᠪᠡᠯᠭᠡᠳᠡᠭᠰᠡᠨ  ᠰᠠᠨᠠᠭ᠎ᠠ   ᠶᠢ ᠬᠠᠷᠠᠭᠤᠯᠳᠠᠭ᠃         ᠠᠶᠢᠯ ᠣᠰᠣᠨ ᠤ ᠬᠦᠮᠦᠰ ᠴᠦ ᠦᠩᠬᠦᠯᠵᠡᠭ ᠤᠨ ᠪᠣᠳᠠᠭ᠎ᠠ ᠶᠢᠨ ᠨᠠᠶᠢᠷ ᠢ ᠮᠠᠰᠢ ᠡᠷᠬᠢᠮᠯᠡᠨ ᠬᠦᠨᠳᠦᠳᠬᠡᠳᠡᠭ᠃  ᠬᠡᠨ ᠨᠢᠬᠡ ᠨᠢ ᠬᠡᠣᠬᠡᠳ ᠤᠨ ᠪᠣᠳᠠᠭ᠎ᠠ ᠶᠢᠨ ᠨᠠᠶᠢᠷ ᠬᠢᠬᠦ ᠣᠷᠢᠯᠭ᠎ᠠ ᠳᠠᠯᠪᠢᠪᠠᠯ ᠰᠣᠨᠣᠰᠣᠭᠰᠠᠨ ᠪᠦᠬᠦᠨ  ᠬᠡᠣᠬᠡᠳ  ᠰᠢᠣᠬᠠᠳ   ᠢᠶᠠᠨ ᠴᠠᠭᠠᠨ ᠰᠠᠷ᠎ᠠ ᠶᠢᠨ ᠶᠣᠰᠣ ᠪᠠᠷ ᠬᠤᠪᠴᠠᠯᠠᠨ ᠵᠠᠰᠠᠵᠦ᠂ ᠨᠢᠭᠤᠷ ᠭᠠᠷ ᠢ   ᠨᠢ  ᠣᠬᠢᠶᠠᠨ  ᠴᠡᠪᠡᠷ  ᠳᠡᠭᠰᠢᠬᠡᠨ  ᠣᠴᠢᠭᠤᠯᠳᠠᠭ᠃ ᠣᠷᠢᠯᠭ᠎ᠠ ᠳᠠᠯᠪᠢᠭᠰᠠᠨ ᠬᠡᠷ ᠤᠨ ᠡᠵᠡᠨ ᠴᠦ ᠬᠡᠣᠬᠡᠳ ᠢ ᠦᠵᠡᠪᠡᠯ ᠪᠠᠶᠠᠷᠯᠠᠨ ᠣᠭᠳᠣᠵᠦ  ᠠᠯᠢ  ᠠᠮᠳᠠ  ᠰᠢᠮᠳᠠ   ᠲᠠᠢ   ᠪᠠᠨ ᠳᠡᠮᠳᠡᠷᠢᠨ ᠵᠣᠴᠢᠯᠠᠨ᠎ᠠ᠃         ᠦᠩᠬᠦᠯᠵᠡᠭ ᠤᠨ ᠪᠣᠳᠠᠭ᠎ᠠ ᠶᠢᠨ ᠨᠠᠶᠢᠷ ᠲᠤ ᠬᠦᠷᠦᠭᠰᠡᠨ ᠬᠡᠣᠬᠡᠳ ᠰᠢᠣᠬᠠᠳ ᠳᠦᠬᠦᠬᠡ ᠳᠣᠮᠤᠭ᠎ᠠ ᠲᠠᠢ  ᠵᠣᠴᠢᠯᠠᠭ᠎ᠠ ᠳᠤ ᠰᠠᠭᠤᠵᠦ᠂ ᠪᠣᠳᠠᠭ᠎ᠠ ᠴᠠᠢ ᠣᠣᠭᠤᠪᠠᠯ ᠱᠠᠭ᠎ᠠ ᠨᠠᠭᠠᠳᠬᠤ ᠪᠣᠶᠣ ᠳᠠᠭᠤᠣ ᠦᠯᠢᠬᠡᠷ ᠶᠠᠷᠢᠵᠦ ᠳᠠᠭᠤᠯᠠᠨ ᠬᠡᠷ   ᠤᠨ  ᠡᠵᠡᠨ   ᠢ ᠮᠠᠩᠨᠠᠢ ᠲᠡᠨᠢᠢᠳᠡᠯ᠎ᠡ ᠪᠠᠶᠠᠰᠬᠠᠨ᠂ ᠠᠬ᠎ᠠ ᠳᠡᠬᠦᠦ ᠨᠠᠷ ᠲᠠᠢ ᠪᠠᠨ ᠪᠠᠬ᠎ᠠ ᠪᠠᠨ ᠬᠠᠨᠣᠳᠠᠯ᠎ᠠ ᠳᠣᠭᠯᠠᠨ ᠨᠠᠭᠠᠳᠴᠦ᠂ ᠣᠷᠣᠢ ᠶᠢᠨ ᠭᠠᠯ ᠪᠣᠯᠵᠦ ᠮᠠᠯ ᠠᠬᠤᠢ ᠪᠠᠨ ᠬᠤᠳᠠᠯᠠᠬᠤ ᠦᠶ᠎ᠡ ᠪᠠᠷ ᠬᠡᠷ ᠬᠡᠷ ᠲᠤ ᠪᠠᠨ ᠬᠠᠷᠢᠨ᠎ᠠ᠃         ᠬᠡᠷ ᠤᠨ ᠡᠵᠡᠨ ᠴᠦ ᠠᠶᠢᠯ ᠣᠰᠣᠨ ᠤ ᠬᠡᠣᠬᠡᠳ ᠰᠢᠣᠬᠠᠳ ᠬᠡᠷ ᠲᠤ ᠪᠠᠨ ᠬᠠᠷᠢᠬᠤ ᠳᠤ ᠪᠡᠯᠡᠭ ᠪᠣᠭᠤᠳᠠᠯ ᠦᠭᠴᠦ᠄         — ᠢᠷᠡᠬᠦ ᠵᠢᠯ ᠳᠤ ᠪᠠᠨ ᠢᠷᠡᠬᠡᠷᠡᠢ᠂ ᠵᠠᠮ ᠳᠤ ᠪᠠᠨ ᠰᠠᠶᠢᠨ ᠶᠠᠪᠤ᠂ ᠪᠢᠴᠢᠭ ᠰᠣᠶᠣᠯ ᠢᠶᠠᠨ ᠰᠠᠶᠢᠨ ᠰᠣᠷ︕ ᠭᠡᠵᠤ ᠭᠡᠷ ᠠᠴᠠ ᠪᠠᠨ ᠬᠤᠯᠠ ᠵᠠᠶᠢᠳᠠᠳᠠᠯ᠎ᠠ ᠦᠳᠡᠨ ᠮᠣᠷᠳᠠᠭᠤᠯᠵᠦ ᠪᠠᠷ᠎ᠠ ᠳᠠᠰᠣᠷᠠᠳᠠᠯ᠎ᠠ ᠰᠠᠷᠠᠪᠴᠢᠯᠠᠨ ᠵᠣᠭᠰᠣᠳᠠᠭ᠃        ᠮᠠᠨ ᠤ ᠨᠣᠳᠤᠭ ᠤᠨ ᠨᠠᠶᠠ ᠬᠦᠷᠦᠭᠰᠡᠨ ᠵᠠᠶᠠᠭᠠᠳᠦ ᠨᠠᠰᠣᠳᠠᠨ᠄         — ᠦᠩᠬᠦᠯᠵᠡᠭ ᠤᠨ ᠪᠣᠳᠠᠭ᠎ᠠ ᠶᠢᠨ ᠨᠠᠶᠢᠷ ᠭᠡᠵᠤ ᠠᠯᠢ ᠬᠡᠳᠦᠶᠢᠨ ᠠᠴᠠ ᠣᠯᠠᠮᠵᠢᠯᠠᠵᠦ ᠢᠷᠡᠭᠰᠡᠨ ᠶᠤᠮ᠃  ᠳᠡᠷᠡ ᠨᠢ ᠵᠦᠪᠬᠡᠨ ᠬᠡᠣᠬᠡᠳ ᠲᠤ ᠨᠢᠬᠡ ᠴᠠᠭ ᠤᠨ ᠪᠣᠳᠠᠭ᠎ᠠ ᠢᠳᠡᠬᠦᠯᠬᠦ ᠳᠡᠳᠦᠢ ᠪᠢᠰᠢ᠂ ᠬᠠᠷᠢᠨ ᠬᠡᠣᠬᠡᠳ  ᠢ  ᠪᠠᠭ᠋ᠠᠷᠬᠠᠨ  ᠬᠠᠶᠢᠷᠠᠯᠠᠵᠦ ᠦᠷ᠎ᠡ ᠬᠤᠶᠢᠴᠢᠰ ᠵᠠᠯᠭᠠᠬᠤ ᠶᠢ ᠪᠡᠯᠬᠡᠳᠦᠨ ᠵᠦᠩᠨᠡᠭᠰᠡᠨ ᠣᠳᠬ᠎ᠠ ᠠᠭᠤᠯᠭ᠎ᠠ ᠲᠠᠢ ᠶᠤᠮ᠃        ᠨᠦᠬᠦᠬᠡ ᠳᠠᠯ᠎ᠠ ᠪᠠᠷ ᠮᠣᠩᠭᠤᠯᠴᠣᠳ ᠤᠨ ᠠᠰᠪᠣᠷᠢ ᠴᠠᠶᠢᠯᠭᠠᠨ᠂  ᠡᠶ᠎ᠡ  ᠨᠠᠶᠢᠷ   ᠲᠠᠢ᠂  ᠦᠷ᠎ᠡ  ᠬᠤᠶᠢᠴᠢᠰ   ᠢᠶᠠᠨ ᠬᠠᠶᠢᠷᠠᠯᠠᠨ ᠰᠣᠷᠭᠠᠬᠤ ᠶᠣᠰᠣ ᠵᠦᠢ ᠶᠢ ᠬᠠᠷᠠᠭᠤᠯᠵᠦ ᠪᠣᠢ᠃ ᠨᠠᠭᠠᠳᠦ ᠵᠠᠬ᠎ᠠ ᠨᠢ ᠪᠣᠳᠠᠭ᠎ᠠ ᠴᠢᠨᠠᠬᠤ ᠪᠣᠭ ᠮᠠᠯ ᠤᠨ  ᠵᠢᠷᠦᠬᠡ   ᠶᠢ ᠴᠣᠭᠯᠠᠭᠤᠯᠣᠨ᠎ᠠ ᠭᠡᠭᠴᠢ ᠵᠠᠭᠠᠭ ᠦᠬᠡᠢ ᠬᠠᠶᠢᠷ᠎ᠠ ᠶᠢ ᠦᠵᠡᠬᠦᠯᠵᠦ ᠪᠣᠢ᠃ ᠬᠠᠮᠤᠭ ᠴᠦᠬᠡᠨ ᠳᠤ ᠪᠠᠨ ᠳᠠᠪᠤ ᠳᠣᠯᠣᠭᠠᠨ  ᠵᠢᠷᠦᠬᠡ ᠯᠡ ᠬᠡᠷᠡᠭᠰᠡᠨ᠎ᠡ᠂ ᠨᠢᠬᠡ ᠠᠶᠢᠯ ᠳᠤ ᠬᠢᠯᠪᠡᠷ ᠪᠣᠰᠣ ᠰᠢᠦ ᠭᠡᠵᠤ ᠬᠡᠯᠡᠳᠡᠭ ᠶᠤᠮ᠃                         ᠬᠡᠣᠬᠡᠳ ᠤᠨ ᠣᠪᠣᠭ᠎ᠠ ᠶᠢᠨ ᠨᠠᠶᠢᠷ                          ᠠᠩᠬ᠎ᠠ ᠤᠷᠢᠳᠤ ᠳᠤ ᠪᠠᠨ ᠮᠣᠩᠭᠤᠯ ᠣᠷᠣᠨ ᠤ ᠬᠢᠨ ᠵᠢᠯ ᠪᠦᠷᠢ ᠬᠡᠣᠬᠡᠳ ᠤᠨ ᠣᠪᠣᠭ᠎ᠠ   ᠶᠢᠨ  ᠨᠠᠶᠢᠷ  ᠬᠢᠳᠡᠭ᠃ ᠪᠣᠳᠠᠳᠠᠢ ᠳᠣᠭᠳᠠᠭᠰᠠᠨ ᠡᠳᠦᠷ ᠭᠡᠵᠤ ᠦᠬᠡᠢ᠂ ᠬᠡᠪᠡᠴᠦ ᠵᠢᠯ ᠪᠦᠷᠢ ᠬᠡᠣᠬᠡᠳ ᠲᠤ ᠪᠣᠳᠠ ᠳᠠᠷᠢᠵᠦ᠂ ᠠᠷᠪᠠᠨ ᠨᠠᠢᠮᠠᠨ ᠡᠳᠦᠷ ᠤᠨ ᠳᠠᠷᠠᠭ᠎ᠠ ᠵᠡᠬᠦᠦ ᠳᠠᠷᠢᠭᠰᠠᠨ ᠰᠢᠷᠬ᠎ᠠ ᠨᠢ ᠡᠳᠡᠬᠡᠷᠡᠬᠦ ᠦᠶ᠎ᠡ ᠳᠤ ᠨᠠᠶᠢᠷ ᠬᠢᠳᠡᠭ᠃         ᠡᠷᠳᠡ ᠦᠶ᠎ᠡ ᠳᠤ ᠰᠦᠮ᠎ᠡ ᠶᠢᠨ ᠡᠮᠴᠢ ᠨᠠᠷ ᠪᠣᠶᠣ ᠠᠶᠢᠯ ᠣᠰᠣᠨ ᠤ ᠳᠠᠷᠢᠭᠠᠴᠢ ᠣᠳᠠᠴᠢ ᠨᠠᠷ ᠬᠠᠪᠣᠷ  ᠤᠨ  ᠣᠷᠢᠨ ᠪᠣᠯᠣᠮᠠᠭᠴᠠ ᠠᠶᠢᠯ ᠬᠤᠳᠠ ᠪᠠᠷ ᠢᠶᠠᠨ ᠳᠣᠭᠤᠷᠢᠨ ᠬᠡᠣᠬᠡᠳ ᠲᠤ ᠡᠪᠡᠳᠴᠢᠨ ᠬᠢᠵᠢᠭ ᠢ ᠰᠡᠷᠬᠡᠶᠢᠯᠡᠬᠦ ᠪᠣᠳᠠ ᠳᠠᠷᠢᠵᠦ ᠶᠠᠪᠣᠳᠠᠭ᠃ ᠡᠨᠡ ᠮᠡᠳᠦ ᠪᠠᠷ ᠡᠨᠡ ᠠᠶᠢᠯ ᠠᠴᠠ ᠳᠡᠷᠡ ᠬᠤᠳᠠ ᠴᠢᠨᠠᠭᠰᠢᠯᠠᠪᠠᠯ ᠬᠦᠷᠰᠢ ᠨᠣᠳᠤᠭ᠂  ᠬᠦᠨᠳᠡᠯᠡᠨ  ᠬᠤᠰᠢᠭᠤᠨ   ᠳᠤ  ᠬᠦᠷᠴᠦ ᠬᠡᠣᠬᠡᠳ ᠲᠤ ᠪᠣᠳᠠ ᠳᠠᠷᠢᠳᠠᠭ ᠠᠴᠠ ᠭᠠᠵᠠᠷ ᠭᠠᠵᠠᠷ ᠤᠨ ᠬᠢᠨ ᠳᠣᠭᠳᠠᠭᠰᠠᠨ ᠡᠳᠦᠷ ᠭᠡᠵᠤ  ᠦᠬᠡᠢ᠃  ᠳᠠᠷᠢᠭᠠᠴᠢ  ᠣᠳᠠᠴᠢ ᠢᠷᠡᠵᠦ ᠳᠠᠷᠢᠯᠭ᠎ᠠ ᠳᠠᠷᠢᠭᠰᠠᠨ ᠴᠡᠬᠡᠷ ᠬᠤᠭᠤᠴᠠᠭ᠎ᠠ  ᠨᠢ ᠬᠦᠢᠴᠡᠪᠡᠯ ᠬᠡᠣᠬᠡᠳ ᠢᠶᠠᠨ ᠴᠣᠭᠯᠠᠭᠤᠯᠣᠨ ᠨᠠᠶᠢᠷ ᠬᠢᠳᠡᠭ᠃         ᠨᠠᠶᠢᠷ ᠬᠢᠬᠦ ᠶᠢᠨ ᠡᠳᠦᠷ ᠬᠡᠷ ᠤᠨ ᠠᠬᠠᠮᠠᠳ ᠨᠠᠷ ᠳᠠᠷᠢᠯᠭ᠎ᠠ ᠬᠢᠯᠭᠡᠭᠰᠡᠨ ᠬᠡᠣᠬᠡᠳ ᠢᠶᠠᠨ ᠳᠠᠭᠠᠭᠤᠯᠣᠨ  ᠬᠡᠣᠬᠡᠳ   ᠤᠨ ᠣᠪᠣᠭ᠎ᠠ ᠳᠤ ᠬᠦᠷᠴᠦ ᠨᠢᠬᠡ ᠡᠳᠦᠷ ᠪᠠᠶᠠᠷᠯᠠᠨ ᠳᠣᠭᠯᠠᠭᠤᠯᠳᠠᠭ᠃ ᠭᠡᠷ ᠤᠨ ᠠᠬᠠᠮᠠᠳ ᠨᠠᠷ ᠪᠣᠤᠪᠤ ᠪᠣᠭᠤᠷᠰᠤᠭ ᠴᠠᠭᠠᠨ ᠢᠳᠡᠬᠡᠨ ᠮᠡᠳᠦ ᠶᠢᠨ ᠬᠡᠣᠬᠡᠳ ᠤᠨ ᠳᠣᠷ᠎ᠠ ᠰᠣᠨᠢᠷᠬᠠᠯ ᠲᠠᠢ ᠢᠳᠡᠬᠡᠨ ᠣᠮᠳᠠᠭᠠᠨ᠂ ᠨᠠᠭᠠᠳᠣᠮ  ᠤᠨ ᠵᠦᠢᠯᠡᠰ ᠢᠶᠠᠨ ᠠᠪᠴᠦ  ᠣᠯᠠᠨ   ᠢᠶᠠᠷ ᠢᠶᠠᠨ ᠬᠤᠪᠢ ᠨᠡᠶᠢᠯᠡᠬᠦᠯᠦᠨ ᠬᠡᠣᠬᠡᠳ ᠲᠤ ᠱᠠᠩᠨᠠᠨ᠎ᠠ᠃ ᠨᠠᠶᠢᠷ ᠬᠢᠬᠦ ᠳᠤ  ᠪᠠᠨ ᠬᠡᠣᠬᠡᠳ   ᠢᠶᠠᠨ  ᠴᠣᠭᠯᠠᠭᠤᠯᠣᠨ  ᠳᠣᠭᠳᠠᠭᠰᠠᠨ ᠭᠠᠵᠠᠷ ᠠᠴᠠ ᠪᠠᠨ ᠣᠪᠣᠭ᠎ᠠ ᠵᠦᠭ ᠢᠶᠠᠨ ᠣᠷᠣᠯᠳᠣᠭᠤᠯᠣᠨ ᠬᠦᠶᠦᠯᠬᠡᠵᠦ ᠱᠠᠩ  ᠦᠭᠳᠡᠭ᠃  ᠨᠠᠰᠣᠳᠠᠳ   ᠤᠨ  ᠬᠡᠯᠡᠬᠦ   ᠪᠠᠷ ᠬᠡᠣᠬᠡᠳ ᠤᠨ ᠣᠪᠣᠭ᠎ᠠ ᠶᠢᠨ ᠨᠠᠶᠢᠷ ᠬᠢᠬᠦ ᠨᠢ ᠬᠡᠣᠬᠡᠳ ᠤᠨ ᠰᠢᠷᠬ᠎ᠠ ᠰᠣᠷᠪᠢ ᠨᠢ ᠳᠦᠷᠬᠡᠨ ᠡᠳᠡᠬᠡᠷᠡᠬᠦ ᠶᠢ ᠪᠡᠯᠬᠡᠳᠡᠵᠦ  ᠣᠶᠣᠨ ᠰᠠᠨᠠᠭᠠᠨ ᠤ ᠵᠣᠷᠢᠭᠵᠢᠭᠤᠯᠣᠯ ᠪᠣᠯᠭᠠᠳᠠᠭ᠃ ᠬᠡᠣᠬᠡᠳ ᠤᠳ ᠣᠪᠣᠭ᠎ᠠ ᠶᠢᠨ ᠨᠠᠶᠢᠷ ᠲᠤ  ᠣᠴᠢᠪᠠᠯ  ᠣᠯᠠᠨ   ᠲᠠᠢ  ᠴᠤᠭ   ᠢᠶᠠᠷ ᠳᠣᠭᠯᠠᠨ ᠬᠦᠶᠦᠯᠳᠦᠵᠦ᠂ ᠡᠪᠡᠳᠴᠦ ᠵᠣᠪᠠᠵᠦ ᠶᠠᠪᠣᠭᠰᠠᠨ ᠢᠶᠠᠨ ᠮᠠᠷᠳᠠᠴᠢᠬᠠᠳᠠᠭ᠃         ᠬᠡᠣᠬᠡᠳ ᠤᠨ ᠣᠪᠣᠭ᠎ᠠ ᠶᠢᠨ ᠨᠠᠶᠢᠷ ᠬᠢᠬᠦ ᠪᠠᠨ  ᠪᠣᠯᠢᠵᠦ᠂  ᠡᠪᠦᠭᠡᠳ  ᠨᠠᠰᠣᠳᠠᠳ  ᠳᠠᠷᠢᠭᠠᠴᠢ  ᠣᠳᠠᠴᠢ  ᠴᠦᠬᠡᠨ ᠪᠣᠯᠣᠭᠰᠠᠨ ᠢᠶᠠᠷ ᠬᠦᠮᠦᠰ ᠳᠡᠮᠡᠢ ᠠᠩᠬᠠᠷᠬᠤ ᠦᠬᠡᠢ ᠪᠣᠯᠪᠠ᠃ ᠬᠡᠪᠡᠴᠦ ᠣᠯᠠᠩᠬᠢ ᠭᠠᠵᠠᠷ ᠤᠨ  ᠬᠡᠣᠬᠡᠳ   ᠤᠨ  ᠣᠪᠣᠭ᠎ᠠ   ᠨᠢ ᠪᠠᠶᠢᠭᠰᠠᠭᠠᠷ ᠪᠦᠭᠡᠳ ᠬᠠᠶᠠ ᠵᠠᠷᠢᠮ ᠠᠶᠢᠯ ᠡᠷᠦᠬᠡ ᠨᠢ ᠵᠢᠯ ᠪᠣᠯᠭᠠᠨ ᠬᠡᠣᠬᠡᠳ ᠤᠨ ᠣᠪᠣᠭ᠎ᠠ   ᠳᠤ  ᠬᠦᠷᠴᠦ  ᠶᠣᠰᠣ   ᠶᠢ   ᠨᠢ ᠬᠦᠨᠳᠦᠳᠬᠡᠨ ᠬᠦᠢᠴᠡᠳᠬᠡᠵᠦ ᠪᠣᠢ᠃         ᠠᠷᠣ ᠬᠤᠷᠴᠢᠨ ᠬᠤᠰᠢᠭᠤᠨ ᠤ ᠬᠤᠨᠳᠦ ᠪᠠᠯᠭᠠᠰᠦ ᠶᠢᠨ ᠣᠩᠭᠤᠨ ᠮᠣᠳᠦ ᠭᠠᠴᠠᠭᠠᠨ ᠤ ᠪᠠᠷᠠᠭᠤᠨ  ᠡᠮᠦᠨ᠎ᠡ  ᠪᠠᠶᠢᠭ᠎ᠠ ︽ᠬᠡᠣᠬᠡᠳ ᠤᠨ ᠣᠪᠣᠭ᠎ᠠ︾ ᠪᠣᠯ ᠳᠠᠷᠣᠢ ᠣᠷᠳᠦ ᠣᠳᠠᠭᠠᠨ ᠳᠡᠣᠬᠡ ᠲᠠᠢ ᠶᠤᠮ᠃ ᠠᠯᠢ ᠤᠵᠠᠭᠤᠷ  ᠠᠴᠠ ᠨᠡᠬᠦᠳᠡᠯᠯᠡᠨ ᠮᠠᠯᠵᠢᠵᠦ ᠶᠠᠪᠣᠭᠰᠠᠨ ᠮᠠᠯᠴᠢᠳ ᠬᠠᠪᠣᠷ ᠤᠨ ᠣᠷᠢᠨ ᠣᠷᠣᠮᠠᠭᠴᠠ ᠮᠠᠯ ᠠᠬᠤᠢ ᠨᠢ ᠳᠡᠩᠭᠡᠷᠡᠨ ᠰᠦ ᠰᠠᠭᠠᠯᠢ ᠪᠠᠭᠤᠬᠤ ᠦᠶ᠎ᠡ ᠪᠠᠷ ᠬᠡᠣᠬᠡᠳ ᠤᠨ ᠣᠪᠣᠭ᠎ᠠ ᠶᠢᠨ ᠨᠠᠶᠢᠷ ᠬᠢᠵᠦ ᠣᠶᠢᠷᠠᠮ ᠳᠣᠭᠤᠷᠢᠮ ᠤᠨ ᠠᠶᠢᠯ ᠣᠰᠣᠨ ᠤ ᠬᠡᠣᠬᠡᠳ ᠢᠶᠠᠨ  ᠴᠣᠭᠯᠠᠭᠤᠯᠣᠨ  ᠪᠦᠬᠡᠮ  ᠪᠠᠶᠠᠷ ᠪᠣᠯᠵᠦ ᠡᠳᠦᠷ ᠳᠣᠵᠢ ᠨᠠᠶᠢᠷᠯᠠᠨ ᠳᠣᠭᠯᠠᠭᠤᠯᠳᠠᠭ᠃ ᠳᠡᠷᠡ ᠦᠶ᠎ᠡ ᠳᠤ ᠠᠶᠢᠯ ᠣᠰᠣ ᠪᠠᠷ ᠵᠢᠯ ᠪᠦᠷᠢ ᠬᠡᠣᠬᠡᠳ   ᠤᠨ  ᠳᠠᠷᠢᠯᠭ᠎ᠠ ᠬᠢᠳᠡᠭ ︽ᠰᠠᠩᠵᠠᠢ ᠳᠠᠷᠢᠭᠠᠴᠢ︾ ᠭᠡᠵᠤ ᠪᠠᠶᠢᠭᠰᠠᠨ ᠬᠡᠨ᠎ᠡ᠃ ᠳᠠᠷᠢᠭᠠᠴᠢ ᠠᠪᠤ ᠢᠷᠡᠵᠦ ᠬᠡᠣᠬᠡᠳ ᠲᠤ ᠳᠠᠷᠢᠯᠭ᠎ᠠ  ᠬᠢᠵᠦ  ᠬᠡᠳᠦᠨ ᠡᠳᠦᠷ ᠪᠣᠯᠪᠠᠯ ᠪᠣᠰᠣᠳ ᠭᠠᠵᠠᠷ ᠤᠨ ᠬᠡᠣᠬᠡᠳ ᠲᠤ ᠪᠣᠳᠠ ᠳᠠᠷᠢᠬᠤ ᠪᠠᠷ ᠶᠠᠪᠣᠨ᠎ᠠ᠃ ᠠᠷᠪᠠᠭᠠᠳ ᠡᠳᠦᠷ ᠪᠣᠯᠪᠠᠯ ᠳᠠᠬᠢᠨ ᠢᠷᠡᠵᠦ ᠬᠡᠣᠬᠡᠳ ᠤᠨ ᠰᠢᠷᠬ᠎ᠠ ᠰᠣᠷᠪᠢ ᠶᠢ ᠪᠠᠶᠢᠴᠠᠭᠠᠨ ᠬᠡᠣᠬᠡᠳ ᠤᠨ ᠣᠪᠣᠭ᠎ᠠ ᠶᠢᠨ ᠨᠠᠶᠢᠷ   ᠢ  ᠰᠣᠨᠢᠷᠬᠠᠨ᠎ᠠ᠃  ᠬᠡᠣᠬᠡᠳ   ᠢ  ᠵᠠᠭᠤ ᠠᠯᠬᠤᠮ ᠤᠨ ᠴᠠᠭᠠᠨ᠎ᠠ ᠠᠴᠠ ᠠᠭᠤᠯᠠ ᠮᠠᠴᠣᠭᠤᠯᠣᠨ ᠭᠦᠶᠦᠯᠬᠡᠵᠦ ᠬᠤᠪᠢ ᠬᠤᠪᠢᠨ ᠳᠤ ᠨᠢ  ᠪᠣᠤᠪᠤ  ᠪᠣᠭᠤᠷᠰᠤᠭ᠂  ᠬᠤᠷᠣᠳ ᠳᠦᠬᠡᠬᠡᠨ ︽ᠡᠷᠡᠬᠦᠯ ᠮᠡᠨᠳᠦ ᠳᠣᠷᠨᠢᠬᠤ︾ ᠶᠢ ᠪᠡᠯᠭᠡᠳᠡᠳᠡᠭ ᠭᠡᠳᠡᠭ᠃         ᠠᠷᠪᠠᠨ ᠰᠠᠷ᠎ᠠ ᠶᠢᠨ ᠬᠤᠷᠢᠨ ᠳᠠᠪᠣᠨ                ᠮᠣᠩᠭᠤᠯᠴᠣᠳ  ᠪᠢᠯᠢᠭ   ᠤᠨ  ᠣᠯᠠᠷᠢᠯ   ᠤᠨ  ᠠᠷᠪᠠᠨ  ᠰᠠᠷ᠎ᠠ   ᠶᠢᠨ  ᠬᠤᠷᠢᠨ  ᠳᠠᠪᠣᠨ   ᠢ   ᠮᠠᠰᠢ   ᠡᠷᠬᠢᠮᠯᠡᠨ ᠬᠦᠨᠳᠦᠳᠭᠡᠳᠡᠭ᠃ ᠣᠯᠠᠮᠵᠢᠯᠠᠯ ᠢᠶᠠᠷ ᠪᠣᠯ ᠡᠨᠡ ᠡᠳᠦᠷ ᠨᠢ ᠽᠤᠩᠺᠠᠪᠠ ᠪᠣᠷᠬᠠᠨ ᠤ  ᠮᠡᠨᠳᠦᠯᠡᠭᠰᠡᠨ  ᠪᠠ  ᠳᠠᠭᠠᠯᠠᠯ  ᠪᠣᠯᠣᠭᠰᠠᠨ ᠡᠳᠦᠷ ᠬᠡᠳᠡᠭ᠃ ᠳᠡᠷᠡ ᠪᠠᠷ ᠳᠦᠪᠡᠳ ᠨᠣᠮ ᠳᠤ ᠨᠡᠪᠳᠡᠷᠡᠨ ︽ᠮᠠᠶᠢᠳᠠᠷᠢ ᠶᠢᠨ ᠳᠠᠪᠣᠨ  ᠠᠶᠢᠮᠠᠭ︾᠂  ︽ᠳᠠᠪᠣᠨ  ᠣᠬᠠᠭᠠᠨ︾ ᠨᠤᠭᠤᠳ ᠲᠤ ᠬᠦᠨᠵᠡᠬᠡᠢ ᠨᠡᠪᠳᠡᠷᠡᠵᠦ ᠴᠣᠶᠢᠷᠸ᠎ᠠ ᠨᠣᠮ ᠬᠠᠶᠠᠯᠴᠠᠨ ᠶᠡᠬᠡᠳᠡ ᠠᠯᠳᠠᠷ ᠨᠡᠷ᠎ᠡ ᠠᠯᠳᠠᠷᠰᠢᠪᠠ ᠬᠡᠨ᠎ᠡ᠃          ᠬᠦᠮᠦᠰ ᠠᠷᠪᠠᠨ ᠰᠠᠷ᠎ᠠ ᠶᠢᠨ ᠬᠤᠷᠢᠨ ᠳᠠᠪᠣᠨ ᠳᠤ ᠬᠦᠵᠢ ᠵᠣᠯᠠ ᠠᠰᠠᠭᠠᠨ ᠰᠦᠰᠦᠭᠯᠡᠨ ᠨᠠᠮᠠᠨᠴᠢᠯᠠᠳᠠᠭ᠃ ᠵᠠᠷᠢᠮ   ᠨᠢ ᠪᠠᠰᠠ ᠰᠦᠮ᠎ᠡ ᠬᠡᠶᠢᠳ ᠲᠤ ᠬᠦᠷᠴᠦ ᠳᠠᠬᠢᠯ ᠡᠷᠬᠦᠨ ᠨᠣᠮ ᠣᠩᠰᠢᠭᠤᠯᠣᠨ ᠰᠦᠵᠢᠭ ᠢᠶᠠᠨ ᠬᠦᠢᠴᠡᠳᠭᠡᠨ᠎ᠡ᠃ ᠪᠠᠰᠠ ᠵᠠᠷᠢᠮ   ᠨᠢ ᠰᠦᠮ᠎ᠡ ᠳᠤ ᠴᠠᠪᠠ ᠪᠠᠵᠠᠭᠠᠨ ᠪᠣᠶᠠᠨᠰᠠᠭ ᠰᠡᠳᠬᠢᠯ ᠢᠶᠠᠨ  ᠢᠯᠡᠳᠬᠡᠨ  ᠬᠦᠮᠦᠨ  ᠬᠠᠷ᠎ᠠ  ᠳᠣᠯᠣᠭᠠᠶᠢᠳᠠᠨ   ᠳᠤ  ᠳᠣᠰᠠ  ᠪᠣᠶᠠᠨ ᠦᠢᠯᠡᠳᠦᠳᠡᠭ᠃ ᠮᠣᠩᠭᠤᠯᠴᠣᠳ ᠡᠨᠡ ᠡᠳᠦᠷ ᠢ ᠬᠡᠵᠢᠶᠡᠳᠡ ᠪᠠᠨ ᠮᠠᠷᠳᠠᠬᠤ ᠦᠬᠡᠢ᠃ ᠬᠠᠭᠤᠷᠣᠭᠰᠠᠨ  ᠠᠮᠣ   ᠪᠠᠨ  ᠨᠠᠷᠬᠠᠳᠠᠨ ᠬᠡᠮᠬᠡᠯᠡᠵᠦ ᠰᠢᠷ᠎ᠠ ᠳᠣᠰᠣ ᠲᠠᠢ ᠵᠢᠭᠤᠷᠠᠵᠦ ᠪᠣᠳᠠᠭ᠎ᠠ ᠴᠠᠷᠴᠠᠭᠠᠳᠠᠭ᠃ ᠦᠷᠯᠦᠬᠡ ᠡᠷᠳᠡ ᠳᠤ ᠪᠠᠨ ᠬᠦᠬᠡᠷᠦᠬᠦᠯᠦᠭᠰᠡᠨ ᠦᠷᠦᠮ᠎ᠡ᠂ ᠰᠦ ᠲᠠᠢ ᠴᠠᠢ ᠣᠣᠭᠤᠵᠦ ᠣᠯᠠᠨ ᠢᠶᠠᠷ  ᠢᠶᠠᠨ ᠴᠠᠷᠴᠠᠭᠠᠭᠰᠠᠨ ᠪᠣᠳᠠᠭ᠎ᠠ ᠢᠳᠡᠵᠦ᠂  ᠪᠣᠷᠬᠠᠨ  ᠰᠢᠳᠦᠬᠡᠨ   ᠳᠤ   ᠪᠠᠨ  ᠮᠦᠷᠬᠦᠨ ᠰᠠᠶᠢᠨ ᠰᠠᠶᠢᠬᠠᠨ ᠪᠦᠬᠦᠨ ᠢ ᠬᠦᠰᠡᠨ ᠳᠠᠭᠠᠳᠬᠠᠨ᠎ᠠ᠃ ᠭᠠᠳᠠᠭᠰᠢ ᠭᠠᠷᠣᠭᠰᠠᠨ ᠬᠦᠮᠦᠰ ᠴᠦ ᠬᠤᠷᠠᠨ ᠴᠣᠭᠯᠠᠷᠠᠵᠦ ᠨᠢᠬᠡ  ᠡᠳᠦᠷ ᠨᠠᠷᠬᠢᠨ ᠬᠦᠬᠡᠷᠦᠯᠳᠦᠬᠦ ᠶᠢ ᠴᠡᠬᠡᠷᠯᠡᠳᠡᠭ᠃ ᠰᠦᠨᠢ ᠳᠤ ᠪᠠᠨ ᠬᠡᠷ ᠡᠷᠦᠬᠡ ᠪᠦᠬᠦᠨ ᠳᠤ ᠪᠠᠨ ᠳ᠋ᠧᠩ ᠠᠰᠠᠭᠠᠨ ᠬᠤᠨᠣᠨ᠎ᠠ᠂ ᠳᠡᠬᠦᠨ ᠤ ᠳᠠᠭᠠᠣ ᠬᠡᠷ ᠪᠦᠯᠢ ᠪᠠᠷ ᠢᠶᠠᠨ ᠬᠤᠷᠢᠨ ᠳᠠᠪᠣᠨ ᠤ ᠪᠣᠳᠠᠭ᠎ᠠ ᠢᠳᠡᠳᠡᠭ᠃ ᠪᠠᠰᠠ ᠣᠶᠢᠷ᠎ᠠ ᠰᠠᠳᠣᠨ᠂  ᠨᠠᠰᠣᠳᠠᠨ  ᠳᠣᠮᠣᠴᠣᠣᠯ ᠳᠤ ᠪᠠᠨ ᠢᠳᠡᠬᠡᠨ ᠤ ᠳᠡᠬᠡᠵᠢ ᠪᠠᠨ ᠬᠦᠷᠬᠡᠨ᠂ ᠬᠠᠪᠢ ᠳᠦᠬᠦᠮ ᠤᠨ ᠠᠶᠢᠯ ᠡᠷᠦᠬᠡ ᠳᠤ  ᠪᠠᠨ ᠬᠤᠪᠢ  ᠳᠦᠬᠡᠳᠡᠭ᠃  ᠳᠠᠷᠠᠭ᠎ᠠ ᠦᠷᠯᠦᠬᠡ ᠪᠣᠯᠬᠤ ᠳᠤ ᠬᠡᠷ ᠪᠦᠬᠦᠨ ᠤ ᠳ᠋ᠧᠩ ᠬᠡᠷᠡᠯᠳᠦᠵᠦ ᠪᠠᠶᠢᠪᠠᠯ ᠢᠷᠡᠬᠦ ᠵᠢᠯ ᠤᠨ ᠠᠯᠢᠪᠠ ᠪᠦᠬᠦᠨ ᠦᠬᠡᠳᠡ ᠡᠰᠡᠷᠡᠭ  ᠬᠡᠮᠡᠨ ᠦᠵᠡᠳᠡᠭ᠃ ᠠᠷᠪᠠᠨ ᠰᠠᠷ᠎ᠠ ᠶᠢᠨ  ᠬᠤᠷᠢᠨ  ᠳᠠᠪᠣᠨ   ᠢ  ᠦᠩᠭᠡᠷᠡᠬᠦᠯᠬᠦ  ᠵᠠᠩᠰᠢᠯ  ᠬᠠᠮᠢᠭ᠎ᠠ  ᠴᠦ  ᠬᠡᠰᠡᠨ  ᠣᠯᠠᠮᠵᠢᠯᠠᠭᠳᠠᠨ ᠶᠠᠪᠣᠭᠳᠠᠵᠦ᠂ ᠵᠢᠯ ᠪᠦᠷᠢ ᠠᠶᠢᠯ ᠡᠷᠦᠬᠡ ᠪᠦᠬᠦᠨ ᠳᠣᠷᠠᠰᠬᠠᠨ᠂ ᠣᠯᠠᠮᠵᠢᠯᠠᠯ  ᠶᠣᠰᠤ   ᠪᠠᠷ   ᠢᠶᠠᠨ  ᠦᠩᠭᠡᠷᠡᠬᠦᠯᠵᠦ᠂  ᠬᠡᠣᠬᠡᠳ ᠰᠢᠣᠬᠠᠳ ᠲᠤ ᠣᠴᠢᠷ ᠶᠣᠰᠣ  ᠶᠢ ᠨᠢ ᠶᠠᠷᠢᠵᠦ᠂ ᠬᠤᠵᠢᠮ ᠬᠤᠶᠢᠰᠢᠳᠠ ᠵᠠᠯᠭᠠᠮᠵᠢᠯᠠᠨ  ᠡᠷᠬᠢᠮᠯᠡᠬᠦ   ᠶᠢ  ᠰᠠᠨᠠᠭᠤᠯᠣᠨ  ᠰᠣᠷᠭᠠᠵᠦ ᠦᠪᠡᠷᠮᠢᠴᠡ ᠳᠣᠷᠠᠰᠬᠠᠯ ᠤᠨ ᠡᠳᠦᠷ ᠢᠶᠠᠨ ᠪᠠᠷᠢᠮᠳᠠᠯᠠᠭᠰᠠᠭᠠᠷ ᠪᠣᠢ᠃          ᠠᠷᠪᠠᠨ ᠰᠠᠷ᠎ᠠ ᠶᠢᠨ ᠬᠤᠷᠢᠨ ᠳᠠᠪᠣᠨ ᠢ ᠮᠣᠩᠭᠤᠯᠴᠣᠳ ᠶᠡᠭᠡ ᠪᠠᠷ ᠡᠷᠬᠢᠮᠯᠡᠨ ᠬᠦᠨᠳᠦᠳᠬᠡᠵᠦ᠂  ᠨᠢᠬᠡ  ᠡᠳᠦᠷ   ᠤᠨ ᠠᠯᠢᠪᠠ ᠦᠢᠯᠡ ᠠᠵᠢᠯ ᠢᠶᠠᠨ ᠡᠮᠬᠢ ᠴᠡᠭᠴᠡᠳᠡᠢ ᠬᠦᠢᠴᠡᠳᠬᠡᠨ᠎ᠠ᠃ ᠵᠠᠷᠢᠮ ᠨᠢ ᠢᠷᠡᠵᠦ ᠵᠠᠪᠳᠣᠬᠤ ᠦᠬᠡᠢ ᠪᠣᠯ ᠬᠡᠷ ᠪᠦᠯᠢ   ᠶᠢᠨ ᠬᠦᠮᠦᠰ ᠨᠢ ᠪᠠᠶᠠᠷ ᠤᠨ ᠡᠳᠦᠷ ᠲᠠᠢ ᠠᠳᠠᠯᠢᠬᠠᠨ ᠬᠤᠪᠢ ᠳᠦᠬᠡᠬᠡᠨ ᠬᠤᠶᠢᠨ᠎ᠠ ᠠᠴᠠ  ᠨᠢ ᠢᠯᠡᠭᠡᠳᠡᠭ᠃ ᠬᠠᠵᠠᠭᠤ  ᠬᠤᠪᠢ   ᠶᠢᠨ ᠠᠶᠢᠯ ᠣᠰᠣᠨ ᠤ ᠨᠠᠰᠣᠳᠠᠨ ᠪᠣᠭᠤᠷᠣᠯᠴᠣᠣᠯ᠂ ᠰᠠᠳᠣᠨ ᠳᠦᠷᠦᠯ ᠳᠤ  ᠪᠠᠨ ᠴᠠᠷᠴᠠᠭᠠᠭᠰᠠᠨ ᠪᠣᠳᠠᠭ᠎ᠠ  ᠬᠦᠷᠬᠡᠨ᠎ᠡ᠃  ᠡᠬᠦᠨ   ᠢ ᠬᠠᠮᠤᠭ ᠤᠨ ᠡᠷᠬᠢᠮ ᠪᠡᠯᠡᠭ ᠢᠶᠠᠷ ᠬᠦᠯᠢᠶᠡᠨ ᠠᠪᠳᠠᠭ᠃ ᠵᠢᠮᠪᠠ ᠨᠠᠰᠣᠳᠠᠨ ᠨᠠᠳᠠᠳᠦ᠄         — ᠡᠳᠡᠬᠡᠷ ᠴᠢᠨᠢ ᠵᠠᠩ ᠦᠢᠯᠡ ᠲᠠᠢ ᠬᠤᠯᠪᠣᠭᠳᠠᠬᠤ ᠰᠣᠶᠣᠯ ᠤᠨ ᠠᠵᠢᠯᠯᠠᠭ᠎ᠠ ᠰᠢᠦ᠂ ᠵᠠᠷᠢᠮ ᠬᠦᠮᠦᠨ  ᠶᠠᠭᠤ   ᠶᠢ ᠴᠦ ᠪᠦᠷ ᠱᠠᠰᠢᠨ ᠤ ᠨᠦᠯᠦᠬᠡ ᠭᠡᠵᠤ ᠦᠵᠡᠳᠡᠭ᠃ ᠡᠨᠡ ᠨᠢ ᠨᠢᠬᠡ ᠭᠠᠵᠠᠷ ᠣᠷᠣᠨ ᠤ ᠰᠣᠶᠣᠯ ᠤᠨ ᠣᠯᠠᠮᠵᠢᠯᠠᠯ᠂ ᠡᠶ᠎ᠡ  ᠨᠠᠶᠢᠷ ᠲᠠᠢ ᠶᠠᠪᠣᠯᠴᠠᠬᠤ ᠶᠢ ᠬᠠᠷᠠᠭᠤᠯᠵᠦ ᠪᠠᠶᠢᠳᠠᠭ᠃ ᠮᠣᠩᠭᠤᠯᠴᠣᠳ ᠠᠯᠢ ᠤᠵᠠᠭᠤᠷ   ᠠᠴᠠ  ᠰᠣᠶᠣᠯ   ᠢᠶᠠᠨ  ᠬᠦᠨᠳᠦᠳᠬᠡᠨ  ᠵᠠᠩ ᠰᠣᠷᠳᠠᠯ ᠢᠶᠠᠨ ᠣᠯᠠᠮᠵᠢᠯᠠᠨ ᠵᠠᠯᠭᠠᠮᠵᠢᠯᠠᠵᠦ ᠢᠷᠡᠭᠰᠡᠨ ᠭᠡᠵᠤ ᠣᠴᠢᠷᠳᠠᠶᠢᠬᠠᠨ ᠬᠡᠯᠡᠭᠰᠡᠨ ᠶᠤᠮ᠃                 ᠲᠤᠭᠤᠭ᠎ᠠ ᠨᠡᠷᠡᠬᠦ ᠪᠠᠶᠠᠷ                  ᠮᠠᠯᠵᠢᠬᠤ ᠣᠷᠣᠨ ᠳᠤ ᠪᠠᠰᠠ ᠴᠠᠭᠠᠨ ᠢᠳᠡᠬᠡᠨ ᠤ ᠨᠠᠶᠢᠷ᠂ ᠳᠣᠭᠤᠭ᠎ᠠ ᠨᠡᠷᠡᠬᠦ ᠨᠠᠶᠢᠷ ᠭᠡᠵᠤ ᠪᠣᠢ᠃ ᠵᠢᠯ  ᠪᠦᠷᠢ   ᠶᠢᠨ ᠵᠣᠨ ᠤ ᠣᠯᠠᠷᠢᠯ ᠪᠣᠯᠣᠮᠠᠭᠴᠠ ᠮᠠᠯᠴᠢᠳ ᠵᠣᠰᠠᠭᠠᠯ ᠢᠶᠠᠷ ᠭᠠᠷᠴᠦ ᠰᠦ ᠰᠠᠭᠠᠯᠢ ᠪᠠᠨ ᠬᠤᠷᠢᠶᠠᠨ ᠴᠠᠭᠠᠨ  ᠢᠳᠡᠭᠡᠨ  ᠭᠠᠷᠭᠠᠵᠦ᠂ ᠰᠢᠨ᠎ᠡ ᠳᠣᠭᠤᠭ᠎ᠠ ᠨᠡᠷᠡᠳᠡᠭ᠃ ᠲᠤᠭᠤᠭ᠎ᠠ ᠨᠡᠷᠡᠬᠦ ᠭᠡᠳᠡᠭ ᠨᠢ ᠰᠠᠭᠠᠯᠢ ᠶᠢᠨ ᠠᠷᠢᠬᠢ ᠨᠡᠷᠡᠬᠦ ᠶᠢ ᠬᠡᠯᠡᠳᠡᠭ᠂ ᠪᠠᠰᠠ ᠵᠠᠷᠢᠮ ᠨᠢ  ᠮᠠᠯ ᠤᠨ ᠠᠷᠢᠬᠢ ᠭᠡᠳᠡᠭ ᠴᠦ ᠪᠤᠢ᠃         ᠪᠡᠯᠴᠢᠬᠡᠷ ᠣᠰᠣ ᠵᠣᠬᠢᠴᠠᠨ ᠪᠠᠶᠢᠭᠠᠯᠢ ᠳᠡᠯᠡᠬᠡᠢ ᠨᠣᠮᠢᠨ ᠦᠩᠬᠡ ᠪᠠᠷ ᠴᠢᠮᠡᠭᠳᠡᠨ ᠮᠠᠯ ᠰᠦᠷᠦᠭ ᠴᠠᠶᠢᠷᠠᠵᠦ᠂  ᠮᠠᠯᠴᠢᠨ ᠠᠷᠠᠳ ᠤᠨ ᠶᠠᠳᠠᠷᠠᠯ ᠵᠦᠳᠡᠷᠡᠯ ᠳᠠᠶᠢᠯᠣᠭᠳᠠᠨ ᠰᠡᠳᠬᠢᠯ ᠲᠡᠨᠢᠢᠨ ᠪᠠᠶᠠᠰᠣᠭᠰᠠᠨ ᠴᠠᠭ ᠲᠤ ᠠᠶᠢᠯ ᠣᠯᠠᠨ ᠢᠶᠠᠷ ᠢᠶᠠᠨ  ᠴᠣᠭᠯᠠᠷᠠᠨ ᠴᠠᠭᠠᠨ ᠢᠳᠡᠬᠡᠨ᠂ ᠳᠣᠭᠤᠭ᠎ᠠ ᠨᠡᠷᠡᠬᠦ ᠨᠠᠶᠢᠷ ᠬᠢᠵᠦ᠂ ᠰᠠᠭᠠᠯᠢ ᠶᠢᠨ ᠳᠡᠬᠡᠵᠢ ᠪᠠᠨ ᠠᠮᠰᠠᠨ᠂ ᠨᠣᠳᠤᠭ ᠣᠰᠣ ᠪᠠᠨ  ᠪᠠᠶᠠᠰᠬᠠᠵᠦ᠂ ᠠᠶᠢᠯ ᠬᠤᠳᠠ ᠪᠠᠷ ᠢᠶᠠᠨ ᠪᠠᠶᠠᠷᠯᠠᠯᠳᠣᠨ ᠠᠳᠣᠭᠤ ᠮᠠᠯ ᠤᠨ ᠦᠨᠢᠷ ᠦᠰᠦᠯᠳᠡ ᠪᠠᠨ ᠪᠡᠯᠭᠡᠳᠡᠨ᠂ ᠢᠷᠡᠬᠦ  ᠣᠨ   ᠤ  ᠦᠬᠡᠳᠡ ᠡᠰᠡᠷᠡᠭ ᠢ ᠪᠠᠨ ᠵᠦᠩᠨᠡᠨ ᠳᠠᠭᠠᠳᠬᠠᠳᠠᠭ᠃         ᠡᠶᠢᠮᠦᠷᠬᠦᠦ ᠨᠠᠶᠢᠷ ᠳᠦᠷᠦᠬᠦᠦ ᠵᠠᠭᠤᠨ ᠤ ᠳᠠᠯᠠᠭᠠᠳ ᠣᠨ ᠤ ᠰᠡᠬᠦᠯᠴᠢ ᠪᠣᠯᠳᠠᠯ᠎ᠠ ᠶᠠᠪᠣᠭᠳᠠᠨ ᠰᠡᠬᠦᠯ  ᠳᠤ ᠨᠢ ᠣᠯᠠᠨ ᠳᠠᠯ᠎ᠠ ᠶᠢᠨ ᠰᠢᠯᠳᠠᠭᠠᠨ ᠢᠶᠠᠷ ᠬᠦᠮᠦᠰ ᠤᠨ ᠰᠠᠨᠠᠭ᠎ᠠ ᠪᠣᠳᠣᠯ ᠳᠤ  ᠣᠷᠣᠬᠤ   ᠪᠠᠨ  ᠪᠣᠯᠢᠵᠦ  ᠵᠠᠯᠠᠭᠤ  ᠪᠠᠭᠠᠴᠣᠳ  ᠮᠡᠳᠡᠬᠦ   ᠨᠢ ᠴᠦᠬᠡᠷᠡᠵᠦ᠂ ᠪᠠᠰᠠ ᠨᠢᠬᠡᠨ ᠣᠯᠠᠮᠵᠢᠯᠠᠯᠳᠦ ᠰᠣᠶᠣᠯ ᠤᠨ ᠴᠢᠬᠤᠯᠠ ᠨᠢᠭᠡᠨ ᠬᠡᠰᠡᠭ ᠪᠠᠯᠠᠷᠠᠵᠦ ᠪᠣᠢ᠃                  ᠪᠠᠶᠠᠷ ᠨᠠᠶᠢᠷ ᠤᠨ ᠳᠣᠬᠠᠢ ᠬᠦᠮᠦᠰ ᠤᠨ ᠬᠦᠰᠡᠯ ᠪᠣᠳᠣᠯ                  ᠮᠣᠩᠭᠤᠯ ᠣᠷᠣᠨ ᠤ ᠪᠠᠶᠠᠷ ᠨᠠᠶᠢᠷ ᠨᠢ ᠣᠷᠣᠨ ᠨᠣᠳᠤᠭ ᠤᠨ ᠣᠨᠴᠠᠯᠢᠭ᠂ ᠪᠠᠶᠢᠭᠠᠯᠢ ᠠᠬᠤᠢ  ᠶᠢᠨ  ᠰᠢᠨᠵᠢ  ᠴᠢᠨᠠᠷ᠂ ᠦᠨᠳᠦᠰᠦᠳᠡᠨ ᠤ ᠵᠠᠩ ᠠᠷᠠᠨᠰᠢᠨ ᠠᠴᠠ ᠳᠣᠭᠳᠠᠭᠠᠭᠳᠠᠭᠰᠠᠨ ᠦᠨᠢ ᠣᠳᠠᠭᠠᠨ ᠳᠡᠣᠬᠡ ᠲᠠᠢ ᠪᠦᠭᠡᠳ  ᠠᠷᠠᠳ   ᠤᠨ  ᠳᠣᠮᠳᠠ ᠦᠶ᠎ᠡ ᠣᠯᠠᠮᠵᠢᠯᠠᠭᠳᠠᠵᠦ ᠢᠷᠡᠭᠰᠡᠨ ᠦᠪᠡᠷᠮᠢᠴᠡ ᠰᠣᠶᠣᠯ ᠤᠨ ᠪᠦᠷᠢᠯᠳᠦᠬᠦᠨ ᠬᠡᠰᠡᠭ ᠪᠣᠯᠣᠨ᠎ᠠ᠃ ᠡᠳᠡᠬᠡᠷ  ᠪᠠᠶᠠᠷ  ᠨᠠᠶᠢᠷ   ᠤᠨ ᠠᠵᠢᠯᠯᠠᠭ᠎ᠠ ᠶᠢ ᠰᠠᠶᠢᠳᠣᠷ ᠵᠣᠬᠢᠶᠠᠨ ᠪᠠᠶᠢᠭᠤᠯᠬᠤ ᠨᠢ ᠰᠣᠶᠣᠯ ᠤᠨ ᠠᠵᠢᠯᠯᠠᠭ᠎ᠠ ᠶᠢ ᠬᠦᠭᠵᠢᠬᠡᠨ ᠲᠠᠢ ᠪᠣᠯᠭᠠᠬᠤ᠂ ᠡᠶ᠎ᠡ ᠨᠠᠶᠢᠷ ᠲᠠᠢ ᠣᠷᠣᠰᠢᠨ ᠠᠮᠢᠳᠣᠷᠠᠬᠤ ᠶᠢ ᠠᠬᠢᠭᠤᠯᠬᠤ᠂ ᠪᠠᠶᠢᠭᠠᠯᠢ ᠣᠷᠴᠢᠨ ᠢᠶᠠᠨ ᠬᠠᠶᠢᠷᠠᠯᠠᠨ ᠬᠠᠮᠠᠭᠠᠯᠠᠬᠤ ᠳᠤ ᠵᠣᠬᠢᠬᠤ ᠨᠦᠯᠦᠬᠡ ᠦᠵᠡᠬᠦᠯᠬᠦ ᠪᠦᠭᠡᠳ ᠰᠣᠶᠣᠯ ᠢᠶᠠᠨ ᠣᠯᠠᠮᠵᠢᠯᠠᠬᠤ  ᠶᠢ ᠪᠦᠳᠦᠮᠵᠢᠳᠡᠢ ᠠᠬᠢᠭᠤᠯᠵᠦ ᠴᠢᠳᠠᠨ᠎ᠠ᠃         ᠮᠠᠯᠴᠢᠳ ᠤᠨ ᠣᠯᠠᠮᠵᠢᠯᠠᠯᠳᠦ ᠰᠣᠶᠣᠯ ᠢᠶᠠᠨ ᠵᠠᠯᠭᠠᠮᠵᠢᠯᠠᠨ ᠦᠷᠨᠢᠬᠦᠯᠬᠦ   ᠶᠢ  ᠢᠳᠡᠪᠬᠢᠳᠡᠢ  ᠵᠢᠭᠠᠨ  ᠵᠢᠯᠣᠭᠤᠳᠴᠦ᠂ ᠳᠡᠬᠦᠨ ᠤ ᠠᠴᠢ ᠬᠤᠯᠪᠣᠭᠳᠠᠯ᠂ ᠨᠦᠯᠦᠬᠡ ᠦᠢᠯᠡᠳᠦᠯ ᠢ ᠵᠦᠪ ᠢᠶᠠᠷ ᠣᠶᠢᠯᠠᠭᠠᠨ ᠳᠠᠨᠢᠵᠦ᠂ ᠪᠠᠯᠠᠷᠠᠨ  ᠬᠠᠶᠢᠯᠣᠭᠳᠠᠵᠦ  ᠪᠠᠶᠢᠭ᠎ᠠ ᠰᠣᠶᠣᠯ ᠵᠠᠩᠰᠢᠯ ᠢᠶᠠᠨ ᠠᠪᠣᠷᠠᠨ ᠬᠠᠮᠠᠭᠠᠯᠠᠵᠦ  ᠦᠷ᠎ᠡ  ᠬᠤᠶᠢᠴᠢᠰ   ᠲᠤ   ᠪᠠᠨ  ᠦᠪ  ᠪᠣᠯᠭᠠᠨ  ᠰᠣᠷᠭᠠᠬᠤ   ᠶᠢ  ᠠᠩᠬᠠᠷᠣᠨ ᠴᠢᠬᠤᠯᠠᠴᠢᠯᠠᠪᠠᠯ ᠵᠣᠬᠢᠨ᠎ᠠ᠃ ᠳᠡᠳᠡᠬᠡᠷ ᠰᠣᠶᠣᠯ ᠨᠠᠶᠢᠷ ᠤᠨ ᠠᠵᠢᠯᠯᠠᠭ᠎ᠠ ᠶᠢ ᠶᠠᠮᠠᠷ ᠨᠢᠬᠡᠨ ᠬᠦᠮᠦᠨ ᠦᠪᠡᠷ ᠤᠨ ᠰᠠᠨᠠᠭ᠎ᠠ  ᠪᠣᠳᠣᠯ ᠢᠶᠠᠷ ᠢᠶᠠᠨ ᠵᠣᠬᠢᠶᠠᠨ ᠳᠣᠭᠳᠠᠭᠠᠭᠰᠠᠨ ᠪᠢᠰᠢ᠂ ᠣᠷᠳᠦ  ᠬᠤᠭᠤᠴᠠᠭᠠᠨ   ᠤ  ᠨᠡᠶᠢᠬᠡᠮ   ᠤᠨ  ᠬᠦᠭᠵᠢᠯᠳᠡ   ᠶᠢᠨ  ᠶᠠᠪᠣᠴᠠ   ᠳᠤ ᠪᠦᠷᠢᠯᠳᠦᠨ ᠣᠯᠠᠮᠵᠢᠯᠠᠭᠳᠠᠭᠰᠠᠨ ᠰᠣᠶᠣᠯ  ᠤᠨ ᠪᠦᠲᠦᠬᠡᠯ ᠪᠣᠯᠬᠤᠷ ᠡᠴᠢᠨ᠎ᠠ ᠳᠠᠯᠳᠠ ᠣᠳᠬ᠎ᠠ ᠠᠭᠤᠯᠭ᠎ᠠ ᠶᠢ ᠨᠢ ᠵᠦᠪ ᠬᠦᠨᠵᠡᠬᠡᠢ ᠣᠶᠢᠯᠠᠭᠠᠵᠦ᠂ ᠨᠡᠶᠢᠬᠡᠮ ᠤᠨ ᠠᠵᠢᠯᠯᠠᠭ᠎ᠠ ᠶᠢᠨ ᠨᠢᠬᠡᠨ ᠠᠭᠤᠯᠭ᠎ᠠ ᠪᠣᠯᠭᠠᠬᠤ ᠴᠢᠬᠤᠯᠠᠳᠠᠢ᠃  ᠡᠬᠦᠨ   ᠤ  ᠬᠠᠮᠳᠦ  ᠶᠠᠮᠠᠷ  ᠨᠢᠬᠡᠨ ᠬᠦᠮᠦᠨ ᠤ ᠶᠠᠮᠠᠷ ᠨᠢᠬᠡᠨ ᠵᠣᠷᠢᠯᠭ᠎ᠠ ᠪᠠᠷ ᠢᠵᠠᠭᠤᠷ ᠰᠣᠶᠣᠯ ᠢ ᠠᠰᠢᠭᠯᠠᠨ ᠪᠣᠬᠢᠷᠳᠣᠯ ᠳᠦᠢᠪᠡᠬᠡᠯᠬᠡ ᠬᠢᠬᠦ ᠶᠢ ᠡᠷᠡᠰ  ᠳᠠᠪᠴᠢᠵᠦ᠂ ᠠᠷᠢᠭᠤᠨ ᠴᠡᠪᠡᠷ ᠴᠢᠨᠠᠷ᠂ ᠦᠪᠡᠷᠮᠢᠴᠡ ᠴᠢᠨᠠᠷ ᠢ ᠪᠠᠳᠣᠯᠠᠬᠤ ᠬᠡᠷᠡᠭᠳᠡᠢ᠃ ᠮᠠᠯᠴᠢᠳ ᠴᠦ ᠰᠣᠶᠣᠯ   ᠤᠨ   ᠢᠶᠠᠨ  ᠳᠣᠬᠠᠢ  ᠵᠦᠪ ᠳᠠᠨᠢᠯᠳᠠ ᠲᠠᠢ ᠪᠠᠶᠢᠵᠦ᠂ ᠶᠠᠮᠠᠷ ᠨᠢᠬᠡᠨ ᠪᠣᠷᠣᠭᠤ ᠰᠠᠨᠠᠭᠠᠳᠠᠨ ᠳᠤ ᠠᠰᠢᠭᠯᠠᠭᠳᠠᠨ ᠰᠣᠶᠣᠯ ᠢᠶᠠᠨ  ᠰᠦᠢᠳᠬᠡᠨ᠂  ᠰᠣᠷᠳᠠᠯ   ᠢᠶᠠᠨ ᠪᠣᠵᠠᠷᠳᠠᠭᠤᠯᠬᠤ ᠶᠢ ᠰᠡᠷᠬᠡᠶᠢᠯᠡᠪᠡᠯ ᠵᠣᠬᠢᠨ᠎ᠠ᠃         ᠮᠠᠯᠵᠢᠬᠤ ᠣᠷᠣᠨ ᠤ ᠪᠠᠶᠠᠷ ᠨᠠᠶᠢᠷ ᠤᠨ ᠡᠳᠦᠷ ᠤᠨ ᠳᠣᠬᠠᠢ ᠨᠠᠷᠢᠨ  ᠨᠢᠭᠳᠠ  ᠪᠠᠶᠢᠴᠠᠭᠠᠨ  ᠰᠣᠳᠣᠯᠣᠯᠳᠠ  ᠬᠢᠵᠦ᠂ ᠭᠠᠵᠠᠷ ᠭᠠᠵᠠᠷ ᠤᠨ ᠣᠨᠴᠠᠯᠢᠭ ᠬᠢᠭᠡᠳ ᠡᠳᠦᠷ ᠬᠤᠭᠤᠴᠠᠭ᠎ᠠ ᠶᠢ ᠣᠶᠢᠯᠠᠭᠠᠨ  ᠬᠠᠷᠢᠯᠴᠠᠨ  ᠬᠠᠷᠢᠴᠠᠭᠤᠯᠵᠦ᠂  ᠬᠠᠮᠢᠶ᠎ᠠ  ᠪᠦᠬᠦᠢ ᠬᠠᠣᠯᠢ ᠳᠦᠷᠢᠮ ᠤᠨ ᠶᠤᠰᠤ ᠪᠠᠷ ᠪᠠᠶᠠᠷ ᠤᠨ ᠡᠳᠦᠷ ᠪᠣᠶᠣ ᠠᠮᠠᠷᠠᠯᠳᠠ ᠶᠢᠨ ᠡᠳᠦᠷ ᠢ ᠪᠠᠳᠣᠯᠠᠨ ᠳᠣᠭᠳᠠᠭᠠᠵᠦ᠂ ᠮᠠᠯᠴᠢᠳ   ᠤᠨ ᠣᠯᠠᠮᠵᠢᠯᠠᠯᠳᠦ ᠰᠣᠶᠣᠯ ᠤᠨ ᠠᠵᠢᠯᠯᠠᠭ᠎ᠠ ᠶᠢ ᠵᠣᠬᠢᠶᠠᠨ ᠪᠠᠶᠢᠭᠤᠯᠬᠤ ᠶᠢ ᠪᠠᠳᠣᠯᠠᠵᠦ᠂ ᠳᠡᠣᠬᠡᠨ ᠠᠴᠠ ᠣᠯᠠᠮᠵᠢᠯᠠᠭᠳᠠᠵᠦ ᠢᠷᠡᠭᠰᠡᠨ ᠵᠠᠩ ᠳᠠᠳᠬᠠᠯ ᠢ ᠰᠡᠷᠬᠦᠬᠡᠨ᠂ ᠬᠠᠶᠢᠯᠣᠭᠳᠠᠨ ᠪᠠᠯᠠᠷᠠᠵᠦ ᠪᠠᠶᠢᠭ᠎ᠠ ᠦᠪᠡᠷᠮᠢᠴᠡ ᠰᠣᠶᠣᠯ ᠤᠨ ᠠᠵᠢᠯᠯᠠᠭ᠎ᠠ   ᠶᠢ  ᠳᠦᠬᠡᠮᠡᠯᠵᠢᠬᠦᠯᠦᠨ ᠳᠡᠯᠬᠡᠷᠡᠬᠦᠯᠬᠦ ᠶᠢ ᠠᠩᠬᠠᠷᠣᠨ ᠴᠢᠬᠤᠯᠠᠴᠢᠯᠠᠬᠤ ᠶᠢ ᠳᠡᠮᠵᠢᠪᠡᠯ ᠵᠣᠬᠢᠨ᠎ᠠ᠃ ᠮᠠᠯᠴᠢᠳ ᠴᠦ ᠣᠣᠷ  ᠰᠣᠶᠣᠯ   ᠢᠶᠠᠨ  ᠬᠦᠨᠳᠦᠳᠬᠡᠨ ᠨᠠᠰᠣᠳᠠᠨ ᠪᠣᠭᠤᠷᠣᠯᠴᠣᠣᠯ ᠤᠨ ᠰᠣᠷᠭᠠᠯ ᠢᠶᠠᠷ ᠵᠣᠬᠢᠬᠤ ᠴᠠᠭ ᠲᠤ ᠨᠢ ᠳᠣᠬᠢᠳᠠᠢ ᠠᠵᠢᠯᠯᠠᠭ᠎ᠠ ᠪᠠᠨ ᠪᠠᠭ᠎ᠠ ᠬᠡᠪᠴᠢᠶᠠᠨ ᠳᠤ ᠬᠡᠰᠡᠨ ᠴᠦ ᠤᠯᠠᠮᠵᠢᠯᠠᠪᠠᠯ ᠬᠡᠣᠬᠡᠳ ᠪᠠᠭᠠᠴᠣᠳ ᠢᠶᠠᠨ ᠰᠣᠷᠭᠠᠨ ᠬᠦᠮᠦᠵᠢᠬᠦᠯᠬᠦ ᠳᠤ  ᠠᠰᠢᠭᠳᠠᠢ  ᠪᠢᠯᠡ᠃  ᠪᠣᠰᠣᠳ  ᠦᠨᠳᠦᠰᠦᠳᠡᠨ ᠨᠦᠭᠦᠳ ᠦᠪᠡᠷ ᠤᠨ ᠢᠶᠠᠨ ᠪᠠᠶᠠᠷ ᠤᠨ ᠡᠳᠦᠷ᠂ ᠨᠠᠶᠢᠷ ᠤᠨ ᠡᠳᠦᠷ ᠢ  ᠬᠠᠣᠯᠢ  ᠳᠦᠷᠢᠮ   ᠢᠶᠠᠷ  ᠪᠠᠳᠣᠯᠠᠭᠤᠯᠣᠨ  ᠠᠰᠢᠭᠯᠠᠵᠦ ᠠᠳᠠᠯ᠎ᠠ ᠮᠠᠯᠵᠢᠬᠤ ᠣᠷᠣᠨ ᠤ ᠦᠪᠡᠷᠮᠢᠴᠡ ᠰᠣᠶᠣᠯ ᠢ ᠣᠯᠠᠮᠵᠢᠯᠠᠨ ᠪᠠᠷᠢᠮᠳᠠᠯᠠᠬᠤ ᠳᠤ ᠶᠣᠰᠣᠨ   ᠠᠴᠠ  ᠳᠡᠷᠰᠯᠡᠨ  ᠬᠠᠣᠯᠢ   ᠶᠢ ᠵᠦᠷᠢᠴᠡᠬᠦ ᠠᠵᠢᠯᠯᠠᠭ᠎ᠠ ᠭᠠᠷᠴᠦ ᠪᠣᠯᠬᠤ ᠦᠬᠡᠢ ᠶᠤᠮ᠃ ᠮᠠᠨᠣᠰ ᠦᠪᠡᠷᠰᠡᠳ ᠢᠶᠠᠨ ᠰᠠᠨᠠᠭᠠᠴᠢᠯᠠᠭ᠎ᠠ ᠠᠴᠠ ᠪᠠᠨ ᠣᠣᠷ  ᠰᠣᠶᠣᠯ ᠢᠶᠠᠨ ᠠᠩᠬᠠᠷᠬᠤ ᠦᠬᠡᠢ ᠨᠢ ᠭᠤᠣᠯ ᠰᠢᠯᠳᠠᠭᠠᠨ ᠪᠣᠯᠣᠨ᠎ᠠ᠃ ᠬᠠᠰᠢ ᠯᠡ ᠬᠠᠣᠯᠢ ᠭᠡᠳᠡᠭ ᠢ ᠠᠰᠢᠭᠯᠠᠵᠦ ᠴᠢᠳᠠᠬᠤ   ᠨᠢ  ᠠᠯᠢᠪᠠ ᠪᠠᠶᠠᠷ ᠨᠠᠶᠢᠷ ᠤᠨ ᠡᠳᠦᠷ  ᠢᠶᠠᠨ ᠪᠡᠯᠭᠡᠯᠡᠵᠦ ᠣᠯᠠᠮᠵᠢᠯᠠᠬᠤ ᠶᠢᠨ ᠵᠠᠩᠬᠢᠯᠠᠭ᠎ᠠ ᠪᠢᠯᠡ᠃         ᠮᠠᠯᠵᠢᠬᠤ ᠣᠷᠣᠨ ᠤ ᠣᠯᠠᠮᠵᠢᠠᠯᠳᠦ ᠰᠣᠶᠣᠯ   ᠤᠨ  ᠳᠣᠬᠠᠢ  ᠣᠯᠠᠨ  ᠬᠡᠯᠪᠡᠷᠢ   ᠶᠢᠨ  ᠨᠡᠶᠢᠬᠡᠮᠴᠢ  ᠠᠵᠢᠯᠯᠠᠭ᠎ᠠ   ᠶᠢ ᠢᠳᠡᠪᠬᠢᠳᠡᠢ ᠦᠷᠨᠢᠬᠦᠯᠵᠦ ᠢᠳᠡᠭ ᠢᠳᠡᠭ  ᠢᠶᠠᠷ ᠵᠣᠬᠢᠶᠠᠨ  ᠪᠠᠶᠢᠭᠤᠯᠣᠯᠳᠠ   ᠲᠠᠢ   ᠪᠠᠷ  ᠠᠳᠬᠤᠵᠦ᠂  ᠣᠯᠠᠨ  ᠶᠠᠩᠵᠦ   ᠶᠢᠨ ᠨᠡᠶᠢᠬᠡᠮᠯᠢᠭ ᠵᠡᠷᠬᠡ ᠶᠢ ᠪᠠᠶᠢᠭᠤᠯᠣᠨ ᠰᠡᠳᠦᠪ ᠮᠠᠲ᠋ᠧᠷᠢᠶᠠᠯ ᠴᠣᠭᠯᠠᠭᠤᠯᠣᠨ ᠳᠣᠷᠰᠢᠯᠭ᠎ᠠ ᠬᠤᠷᠠᠮᠳᠣᠭᠤᠯᠵᠦ᠂ ᠪᠠᠶᠠᠷ ᠨᠠᠶᠢᠷ ᠤᠨ ᠡᠳᠦᠷ ᠢᠶᠠᠨ ᠰᠠᠶᠢᠳᠣᠷ ᠠᠰᠢᠭᠯᠠᠵᠦ᠂ ᠶᠣᠰᠣ ᠵᠢᠷᠣᠮ ᠢ ᠨᠢ ᠦᠨᠡᠨᠴᠢ ᠪᠠᠷ ᠵᠢᠷᠣᠮᠯᠠᠵᠦ᠂ ᠣᠯᠠᠨ ᠳᠦᠮᠡᠨ ᠤ ᠴᠢᠬᠤᠯᠠ ᠨᠢᠬᠡᠨ ᠪᠠᠶᠠᠷ  ᠤᠨ ᠡᠳᠦᠷ᠂ ᠠᠮᠠᠷᠠᠯᠳᠠ ᠶᠢᠨ ᠡᠳᠦᠷ ᠪᠣᠯᠭᠠᠵᠦ ᠨᠡᠶᠢᠬᠡᠮ ᠤᠨ ᠳᠠᠪᠠᠭᠤᠯᠢᠭ ᠢ ᠬᠦᠷᠳᠡᠨ ᠰᠣᠶᠣᠯ ᠢᠶᠠᠨ ᠳᠡᠯᠬᠡᠷᠡᠬᠦᠯᠪᠡᠯ ᠵᠣᠬᠢᠨ᠎ᠠ᠃         ︵ᠡᠬᠡ ᠪᠢᠴᠢᠭ ᠢ ᠠᠷᠤ ᠬᠤᠷᠴᠢᠨ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ ᠬᠠᠩᠭᠠᠪᠠ︶  
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号