ᠰᠢᠯᠤᠭᠤᠨ ᠬᠥᠬᠡ ᠬᠤᠰᠢᠭᠤᠨ ᠤ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠠᠴᠠ ᠬᠠᠯᠳᠠᠪᠤᠷᠢᠯᠠᠭᠰᠠᠨ‌ᠠᠭᠤᠰᠬᠢᠨ ᠦᠷᠪᠢᠰᠦᠯ ᠢ ᠰᠡᠷᠭᠡᠶᠢᠯᠡᠨ ᠬᠤᠷᠢᠭᠯᠠᠬᠤ ᠠᠵᠢᠯ ᠤᠨ ᠵᠢᠯᠣᠭᠤᠳᠬᠤ ᠬᠡᠯᠳᠡᠰ ᠤᠨ ᠠᠯᠪᠠᠨ ᠵᠠᠷᠯᠠᠯ
ᠨᠡᠶᠢᠲᠡᠯᠡᠭᠰᠡᠨ ᠴᠠᠭ᠄
2021/10/25
                                    ︵17 ᠳ᠋ᠤᠭᠠᠷ ᠲᠤᠭᠠᠳᠤ︶             ᠣᠶᠢᠷ᠎ᠠ ᠳᠤ᠂ ᠪᠥᠬᠦ ᠤᠯᠤᠰ ᠤᠨ ᠣᠯᠠᠨ ᠭᠠᠵᠠᠷ ᠲᠤ ᠲᠣᠰ ᠭᠠᠵᠠᠷ ᠤᠨ ᠬᠢᠵᠢᠭ ᠤᠨ ᠪᠠᠶᠢᠳᠠᠯ ᠵᠠᠯᠭᠠᠭ᠎ᠠ ᠪᠠᠷ ᠡᠭᠦᠰᠴᠦ᠂ ᠣᠯᠠᠨ ᠮᠤᠵᠢ ᠣᠷᠣᠨ ᠲᠠᠢ ᠬᠤᠯᠪᠣᠭᠳᠠᠵᠤ᠂ ᠬᠠᠯᠳᠠᠪᠤᠷᠢᠯᠠᠭᠳᠠᠭᠰᠠᠨ ᠬᠥᠮᠦᠨ ᠤ ᠲᠤᠭ᠎ᠠ ᠪᠣᠯᠤᠨ ᠨᠥᠯᠥᠭᠡᠯᠡᠬᠦ ᠬᠡᠪᠴᠢᠶ᠎ᠡ ᠨᠢ ᠦᠳᠲᠡᠷ ᠲᠦᠷᠭᠡᠨ ᠨᠡᠮᠡᠭᠳᠡᠵᠦ᠂ ᠢᠯᠠᠩᠭᠤᠶ᠎ᠠ ᠮᠠᠨ ᠤ ᠣᠷᠣᠨ ᠤ ᠡᠷᠢᠶᠡᠨ ᠬᠤᠲᠠ᠂ ᠡᠵᠡᠨ᠎ᠡ ᠬᠤᠰᠢᠭᠤ᠂ ᠠᠯᠠᠱᠠ ᠵᠡᠭᠦᠨ ᠬᠤᠰᠢᠭᠤ ᠪᠣᠯᠤᠨ ᠬᠥᠬᠡᠬᠤᠲᠠ ᠳᠤ ᠣᠨᠣᠰᠢᠯᠠᠭᠳᠠᠭᠰᠠᠨ ᠡᠪᠡᠳᠴᠢᠲᠡᠨ ᠵᠠᠯᠭᠠᠭ᠎ᠠ ᠪᠠᠷ ᠢᠯᠡᠷᠡᠵᠦ᠂ ᠾᠧᠪᠧᠶ ᠮᠤᠵᠢ ᠶᠢᠨ ᠪᠤᠤᠳᠢᠩ ᠬᠤᠲᠠ᠂ ᠪᠡᠭᠡᠵᠢᠩ ᠬᠤᠲᠠ ᠶᠢᠨ ᠴᠠᠩᠫᠢᠩ ᠲᠣᠭᠤᠷᠢᠭ ᠲᠤ ᠪᠠᠰᠠ ᠭᠠᠳᠠᠷ ᠮᠤᠵᠢ ︵ᠪᠡᠭᠡᠵᠢᠩ ᠠᠴᠠ ᠭᠠᠳᠠᠨ᠎ᠠ︶ ᠶᠢᠨ ᠬᠤᠯᠪᠣᠭᠳᠠᠯ ᠪᠥᠬᠦᠶ ᠡᠪᠡᠳᠴᠢᠨ ᠤ ᠵᠢᠱᠢᠶ᠎ᠡ ᠢᠯᠡᠷᠡᠵᠦ᠂ ᠬᠢᠵᠢᠭ ᠤᠨ ᠪᠠᠶᠢᠳᠠᠯ ᠨᠡᠯᠢᠶᠡᠳ ᠪᠤᠳᠤᠯᠢᠶᠠᠨᠲᠠᠶ ᠪᠠᠶᠢᠨ᠎ᠠ᠂ ᠪᠥᠬᠦ ᠠᠶᠢᠮᠠᠭ ᠤᠨ ᠬᠢᠵᠢᠭ ᠢ ᠰᠡᠷᠭᠡᠶᠢᠯᠡᠨ ᠬᠤᠷᠢᠭᠯᠠᠬᠤ ᠬᠤᠯᠪᠣᠭᠳᠠᠯ ᠪᠥᠬᠦᠶ ᠠᠵᠢᠯ ᠤᠨ ᠪᠠᠶᠢᠷᠢᠯᠠᠭᠤᠯᠤᠯᠲᠠ ᠶᠣᠰᠣᠭᠠᠷ᠂ ᠬᠢᠵᠢᠭ ᠤᠨ ᠪᠠᠶᠢᠳᠠᠯ ᠢ ᠰᠡᠷᠭᠡᠶᠢᠯᠡᠨ ᠬᠤᠷᠢᠭᠯᠠᠬᠤ ᠠᠵᠢᠯ ᠢ ᠯᠠᠪᠳᠠᠭᠤᠨ ᠪᠠᠲᠤᠲᠠᠶ ᠰᠠᠶᠢᠲᠤᠷ ᠬᠢᠬᠦ ᠶᠢᠨ ᠲᠥᠯᠥᠭᠡ᠂ ᠡᠳᠦᠭᠡ ᠬᠠᠮᠢᠶ᠎ᠠ ᠪᠥᠬᠦᠶ ᠵᠦᠶᠯᠡᠰ ᠢ ᠵᠠᠷᠯᠠᠨ ᠮᠡᠳᠡᠭᠳᠡᠶ᠎ᠡ᠄             ᠨᠢᠭᠡ᠂ ᠴᠢᠩᠭ᠎ᠠ ᠰᠡᠷᠬᠡᠶᠢᠯᠡᠨ ᠬᠠᠮᠢᠶᠠᠷᠬᠤ ᠠᠷᠭ᠎ᠠ ᠬᠡᠮᠵᠢᠶ᠎ᠡ᠃ ᠲᠣᠰ ᠡᠳᠦᠷ ᠠᠴᠠ ᠡᠬᠢᠯᠡᠨ᠂ ᠬᠤᠰᠢᠭᠤᠨ ᠭᠠᠳᠠᠨ᠎ᠠ ᠠᠴᠠ ᠮᠠᠨ ᠤ ᠬᠤᠰᠢᠭᠤᠨ ᠳᠤ ᠢᠷᠡᠵᠦ ᠪᠤᠴᠠᠬᠤ ᠬᠥᠮᠦᠰ ᠡᠷᠡᠭᠦᠯ ᠮᠡᠨᠳᠦ ᠶᠢᠨ ᠺᠣᠳ᠋ ︵ᠠᠶᠠᠯᠠᠯ ᠤᠨ ᠺᠣᠳ᠋︶ ᠢᠶᠠᠨ ᠰᠢᠯᠭᠠᠭᠤᠯᠬᠤ ᠴᠢᠬᠤᠯᠠᠲᠠᠶ ᠪᠦᠬᠡᠳ 48 ᠴᠠᠭ ᠤᠨ ᠳᠣᠲᠣᠷᠠᠬᠢ ᠪᠥᠭᠡᠮ ᠬᠦᠴᠢᠯ ᠤᠨ ᠪᠠᠶᠢᠴᠠᠭᠠᠯᠳᠠ ᠶᠢᠨ ᠪᠢᠯᠢᠭ ᠴᠢᠨᠠᠷ ᠤᠨ ᠭᠡᠷᠡᠴᠢ ᠪᠠᠨ ᠬᠠᠩᠭᠠᠵᠦ᠂ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶᠂ ᠪᠠᠭᠤᠳᠠᠯ᠂ ᠪᠠᠶᠢᠭᠤᠯᠭ᠎ᠠ ᠨᠢᠭᠡᠴᠡ ᠳᠤ ᠪᠠᠨ ᠮᠡᠳᠡᠭᠦᠯᠦᠨ ᠳᠠᠩᠰᠠᠯᠠᠭᠤᠯᠵᠤ᠂ ᠮᠠᠨ ᠤ ᠬᠤᠰᠢᠭᠤᠨ ᠤ ᠬᠢᠵᠢᠭ ᠢ ᠰᠡᠷᠭᠡᠶᠢᠯᠡᠨ ᠬᠤᠷᠢᠭᠯᠠᠬᠤ ᠬᠠᠮᠢᠶ᠎ᠠ ᠪᠥᠬᠦᠶ ᠲᠣᠭᠲᠠᠭᠠᠯ ᠢ ᠴᠢᠩᠭ᠎ᠠ ᠵᠢᠷᠤᠮᠯᠠᠬᠤ ᠬᠡᠷᠡᠭᠲᠡᠶ᠃ ᠥᠷᠭᠡᠨ ᠣᠯᠠᠨ ᠰᠠᠭᠤᠭᠠᠯᠢ ᠠᠷᠠᠳ ᠬᠢᠵᠢᠭ ᠤᠨ ᠪᠠᠶᠢᠳᠠᠯ ᠤᠨ ᠬᠥᠭᠵᠢᠯᠲᠡ ᠬᠤᠪᠢᠷᠠᠯᠲᠠ᠂ ᠳᠤᠮᠳᠠ ᠥᠨᠳᠥᠷ ᠲᠠᠰ ᠤᠨ ᠠᠶᠤᠯ ᠲᠦᠭᠰᠢᠭᠦᠷᠢ ᠲᠠᠢ ᠭᠠᠵᠠᠷ ᠣᠷᠣᠨ ᠤ ᠲᠣᠬᠢᠷᠠᠭᠤᠯᠤᠯᠲᠠ ᠵᠢᠴᠢ ᠬᠠᠮᠢᠶ᠎ᠠ ᠪᠥᠬᠦᠶ ᠬᠠᠯᠳᠠᠪᠤᠷᠢᠯᠠᠭᠰᠠᠳ ᠤᠨ ᠶᠠᠪᠤᠵᠦ ᠰᠠᠭᠤᠭᠰᠠᠨ ᠵᠠᠮ ᠮᠥᠷ ᠢ ᠨᠢᠭᠲᠠ ᠠᠩᠬᠠᠷᠴᠤ᠂ 14 ᠡᠳᠦᠷ ᠤᠨ ᠳᠣᠲᠣᠷ᠎ᠠ ᠬᠢᠵᠢᠭ ᠡᠭᠦᠰᠦᠭᠰᠡᠨ ᠭᠠᠵᠠᠷ ᠲᠤ ᠵᠢᠭᠤᠯᠴᠢᠯᠠᠨ ᠬᠦᠷᠦᠭᠰᠡᠨ ᠲᠡᠦᠬᠡ ᠲᠠᠢ ᠪᠤᠶᠤ ᠬᠠᠯᠳᠠᠪᠤᠷᠢᠯᠠᠭᠰᠠᠳ ᠤᠨ ᠠᠶᠠᠯᠠᠯ ᠲᠠᠢ ᠵᠠᠮ ᠨᠡᠶᠢᠯᠡᠭᠰᠡᠨ ᠪᠤᠯ ᠬᠤᠰᠢᠭᠤᠨ ᠳᠤ ᠬᠦᠷᠦᠭᠰᠡᠨ ᠤ ᠳᠠᠷᠠᠭ᠎ᠠ ᠲᠡᠷᠡ ᠳᠠᠷᠤᠶ ᠳᠤ ᠪᠠᠨ ᠦᠪᠡᠷ ᠤᠨ ᠤᠬᠠᠮᠰᠠᠷ ᠠᠴᠠ ᠪᠠᠨ ᠮᠡᠳᠡᠭᠦᠯᠦᠨ ᠳᠠᠩᠰᠠᠯᠠᠭᠤᠯᠵᠤ᠂ ᠬᠤᠪᠢ ᠬᠥᠮᠦᠨ ᠤ ᠵᠢᠭᠤᠯᠴᠢᠯᠠᠨ ᠬᠦᠷᠦᠭᠰᠡᠨ ᠭᠠᠵᠠᠷ ᠤᠷᠤᠨ᠂ ᠵᠠᠮ ᠮᠦᠷ ᠪᠠ ᠣᠶᠢᠷᠠᠲᠤᠭᠰᠠᠨ ᠶᠠᠪᠤᠴᠠ ᠪᠠᠨ ᠦᠨᠡᠨ ᠮᠥᠨ ᠢᠶᠠᠷ ᠨᠢ ᠮᠡᠳᠡᠭᠳᠡᠵᠦ᠂ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ᠂ ᠲᠤᠰᠠᠭᠠᠷᠯᠠᠨ ᠰᠡᠷᠬᠡᠶᠢᠯᠡᠬᠦ᠂ ᠡᠮᠴᠢᠯᠡᠬᠡᠨ ᠤ ᠬᠢᠨᠠᠨ ᠪᠠᠶᠢᠴᠠᠭᠠᠯᠳᠠ ᠵᠡᠷᠭᠡ ᠬᠢᠵᠢᠭ ᠤᠨ ᠪᠠᠶᠢᠳᠠᠯ ᠢ ᠰᠡᠷᠭᠡᠶᠢᠯᠡᠨ ᠬᠤᠷᠢᠭᠯᠠᠬᠤ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠳᠤ ᠢᠳᠡᠪᠬᠢᠲᠡᠶ ᠬᠠᠮᠵᠢᠯᠴᠠᠬᠤ ᠬᠡᠷᠡᠭᠳᠡᠢ᠃ ᠡᠭᠦᠨ ᠤ ᠬᠠᠮᠲᠤ᠂ ᠬᠢᠵᠢᠭ ᠭᠠᠷᠤᠭᠰᠠᠨ ᠭᠠᠵᠠᠷ ᠣᠷᠣᠨ ᠳᠤ ᠪᠤᠯᠬᠤ ᠶᠢᠨ ᠲᠤᠳᠤᠷ᠎ᠠ ᠤᠴᠢᠬᠤ ᠦᠬᠡᠢ ᠪᠤᠯ ᠰᠠᠶᠢᠨ᠂ ᠬᠡᠷᠪᠡ ᠡᠷᠬᠡᠪᠰᠢ ᠤᠴᠢᠬᠤ ᠴᠢᠬᠤᠯᠠ ᠲᠠᠢ ᠪᠣᠯ ︽ᠬᠡᠨ ᠲᠣᠮᠢᠯᠠᠭᠰᠠᠨ ᠪᠣᠯ ᠲᠡᠷᠡ ᠬᠠᠷᠢᠭᠤᠴᠠᠬᠤ︾ ᠵᠠᠷᠴᠢᠮ ᠶᠤᠰᠤᠭᠠᠷ᠂ ᠪᠠᠶᠢᠭ᠎ᠠ ᠪᠠᠶᠢᠭᠤᠯᠭ᠎ᠠ ᠨᠢᠭᠡᠴᠡ ᠪᠤᠶᠤ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠳᠤ ᠤᠷᠢᠳᠴᠢᠯᠠᠨ ᠮᠡᠳᠡᠭᠦᠯᠵᠦ ᠳᠠᠩᠰᠠᠯᠠᠭᠤᠯᠬᠤ ᠬᠡᠷᠡᠭᠲᠡᠶ᠃             ᠬᠤᠶᠠᠷ᠂ ᠰᠡᠷᠭᠡᠶᠢᠯᠡᠨ ᠬᠤᠷᠢᠭᠯᠠᠬᠤ ᠠᠵᠢᠯ ᠢ ᠰᠠᠶᠢᠨ ᠬᠢᠬᠦ ᠬᠡᠷᠡᠭᠲᠡᠶ᠃ ᠪᠥᠬᠦ ᠬᠤᠰᠢᠭᠤᠨ ᠤ ᠲᠡᠮᠦᠷ ᠵᠠᠮ᠂ ᠵᠠᠰᠠᠮᠠᠯ ᠵᠠᠮ ᠵᠡᠷᠭᠡ ᠵᠠᠮ ᠬᠠᠷᠢᠯᠴᠠᠭᠠᠨ ᠤ ᠡᠵᠡᠩᠨᠡᠯᠲᠡ ᠶᠢᠨ ᠭᠤᠤᠯ ᠴᠣᠭᠴᠠ ᠶᠢᠨ ᠬᠢᠨ ᠳᠤᠮᠳᠠ᠂ ᠥᠨᠳᠥᠷ ᠲᠡᠰ ᠤᠨ ᠬᠢᠵᠢᠭ ᠤᠨ ᠲᠦᠭᠰᠢᠭᠦᠷᠢᠲᠡᠶ ᠰᠢᠶᠠᠨ ᠲᠣᠭᠤᠷᠢᠭ ᠠᠴᠠ ᠮᠠᠨ ᠤ ᠬᠤᠰᠢᠭᠤᠨ ᠳᠤ ᠢᠷᠡᠭᠰᠡᠨ ︵ᠪᠤᠴᠠᠭᠰᠠᠨ︶ ᠬᠥᠮᠦᠰ ᠢ ᠴᠢᠩᠭ᠎ᠠ ᠪᠠᠶᠢᠴᠠᠭᠠᠨ᠂ ᠬᠤᠪᠢ ᠬᠦᠮᠦᠨ ᠤ ᠰᠤᠷᠠᠭ ᠵᠠᠩᠬᠢ ᠶᠢ ᠳᠠᠩᠰᠠᠯᠠᠬᠤ᠂ ᠡᠷᠡᠭᠦᠯ ᠮᠡᠨᠳᠦ ᠶᠢᠨ ᠬᠢᠨᠠᠨ ᠬᠡᠮᠵᠢᠯᠲᠡ ᠪᠠ ᠮᠡᠳᠡᠭᠡ ᠵᠠᠩᠭᠢ ᠶᠢ ᠮᠡᠳᠡᠬᠦᠯᠬᠦ ᠠᠵᠢᠯ ᠢ ᠰᠠᠶᠢᠳᠦᠷ ᠬᠢᠬᠦ ᠬᠡᠷᠡᠭᠳᠡᠢ᠃ ᠡᠮᠴᠢᠯᠡᠭᠡᠨ  ᠤ ᠪᠠᠶᠢᠭᠤᠯᠤᠮᠵᠢ ᠨᠢ ᠤᠷᠢᠳᠴᠢᠯᠠᠨ ᠪᠠᠶᠢᠴᠠᠭᠠᠵᠤ ᠬᠤᠪᠢᠶᠠᠨ ᠣᠨᠣᠰᠢᠯᠠᠬᠤ ᠪᠠ ᠠᠩᠬ᠎ᠠ ᠣᠨᠣᠰᠢᠯᠠᠬᠤ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠡᠪᠡᠳᠴᠢᠲᠡᠨ ᠤ ᠪᠥᠭᠡᠮ ᠬᠦᠴᠢᠯ ᠤᠨ ᠪᠠᠶᠢᠴᠠᠭᠠᠯᠳᠠ ᠶᠢᠨ ᠳ᠋ᠦᠩ ᠭᠠᠷᠬᠤ ᠠᠴᠠ ᠡᠮᠦᠨ᠎ᠡ ᠬᠠᠯᠠᠭᠤᠷᠠᠭᠰᠠᠨ ᠡᠪᠡᠳᠴᠢᠳᠠᠨ ᠢ ᠡᠮᠴᠢᠯᠡᠬᠦ ᠡᠭᠦᠳᠡᠨ ᠡᠮᠨᠡᠯᠭᠡ ︵ᠡᠮᠴᠢᠯᠡᠭᠡᠨ ᠤ ᠲᠠᠰᠤᠭ︶ ᠡᠷᠬᠡᠪᠰᠢ ᠦᠯᠡᠳᠡᠭᠡᠨ ᠠᠵᠢᠭᠯᠠᠬᠤ ᠬᠡᠷᠡᠭᠲᠡᠶ᠃ ᠬᠤᠪᠢ ᠶᠢᠨ ᠡᠬᠦᠳᠡᠨ ᠡᠮᠨᠡᠯᠬᠡ ᠬᠠᠯᠠᠭᠤᠷᠠᠭᠰᠠᠨ ᠡᠪᠡᠳᠴᠢᠲᠡᠨ ᠢ ᠬᠦᠯᠢᠶᠡᠨ ᠠᠪᠴᠤ ᠡᠮᠨᠡᠵᠦ ᠪᠣᠯᠬᠤ ᠦᠭᠡᠢ᠃ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ ᠬᠠᠯᠠᠭᠤᠨ ᠢ ᠪᠠᠭᠤᠷᠠᠭᠤᠯᠬᠤ᠂ ᠬᠠᠨᠢᠶᠠᠳᠤ ᠶᠢ ᠵᠣᠭᠰᠣᠭᠠᠬᠤ᠂ ᠸᠢᠷᠦ᠋ᠰ ᠢ ᠳᠠᠷᠤᠬᠤ ᠪᠠ ᠨᠢᠶᠠᠨ ᠳᠠᠷᠤᠭᠴᠢ ᠵᠡᠷᠭᠡ 4 ᠲᠥᠷᠥᠯ ᠤᠨ ᠡᠮ ᠢ ᠪᠣᠷᠣᠯᠠᠭᠤᠯᠬᠤ ᠳᠠᠭᠠᠨ ᠦᠨᠡᠨ ᠨᠡᠷ᠎ᠡ ᠪᠠᠷ ᠲᠠᠩᠰᠠᠯᠠᠬᠤ ᠲᠦᠷᠢᠮ ᠢ ᠬᠡᠷᠡᠭᠵᠢᠬᠦᠯᠵᠦ᠂ ᠲᠣᠭᠲᠠᠭᠠᠯ ᠶᠣᠰᠣᠭᠠᠷ ᠮᠡᠳᠡᠭᠦᠯᠵᠦ ᠮᠥᠷᠳᠡᠬᠦ ᠬᠡᠷᠡᠭᠲᠡᠶ᠃             ᠭᠤᠷᠪᠠ᠂ ᠵᠢᠭᠤᠯᠴᠢᠯᠠᠯ ᠤᠨ ᠦᠢᠯᠡᠰ ᠤᠨ ᠬᠠᠮᠢᠶ᠎ᠠ ᠪᠦᠬᠦᠢ ᠬᠠᠮᠢᠶᠠᠷᠤᠯᠲᠠ ᠶᠢ ᠴᠢᠩᠭᠠᠳᠬᠠᠬᠤ ᠬᠡᠷᠡᠭᠳᠡᠢ᠃ ᠡᠯ᠎ᠡ ᠵᠢᠭᠤᠯᠴᠢᠯᠠᠯ ᠤᠨ ᠦᠶᠯᠡᠴᠢᠯᠡᠭᠡᠨ ᠤ ᠭᠠᠵᠠᠷ᠂ ᠵᠣᠴᠢᠳ ᠤᠨ ᠪᠠᠭᠤᠳᠠᠯ᠂ ᠮᠠᠯᠴᠢᠨ ᠠᠶᠢᠯ ᠤᠨ ᠵᠢᠭᠤᠯᠴᠢᠯᠠᠯ᠂ ᠦᠵᠡᠮᠵᠢ ᠶᠢᠨ ᠣᠷᠣᠨ ᠨᠢ ᠳᠤᠮᠳᠠ᠂ ᠥᠨᠳᠥᠷ ᠲᠡᠰ ᠤᠨ ᠬᠢᠵᠢᠭ ᠤᠨ ᠲᠦᠭᠰᠢᠭᠦᠷᠢᠲᠡᠶ ᠭᠠᠵᠠᠷ ᠣᠷᠣᠨ ᠠᠴᠠ ᠢᠷᠡᠭᠰᠡᠨ ᠪᠤᠶᠤ ᠡᠳᠡᠬᠡᠷ ᠭᠠᠵᠠᠷ ᠢᠶᠠᠷ ᠦᠩᠬᠡᠷᠡᠭᠰᠡᠨ ᠬᠦᠮᠦᠰ ᠤᠨ ᠵᠢᠭᠤᠯᠴᠢᠯᠠᠯ ᠤᠨ ᠪᠦᠯᠬᠦᠮ ᠢ ᠭᠥᠯᠢᠶᠡᠨ ᠠᠪᠴᠤ ᠪᠣᠯᠬᠤ ᠥᠬᠡᠶ᠃ ᠳᠤᠮᠳᠠ᠂ ᠥᠨᠳᠥᠷ ᠲᠡᠰ ᠤᠨ ᠬᠢᠵᠢᠭ ᠤᠨ ᠲᠦᠭᠰᠢᠭᠦᠷᠢᠲᠡᠶ ᠭᠠᠵᠠᠷ ᠣᠷᠣᠨ  ᠠᠴᠠ ᠮᠠᠨ ᠤ ᠬᠤᠰᠢᠭᠤᠨ ᠳᠤ ᠢᠷᠡᠭᠰᠡᠨ ᠬᠥᠮᠦᠰ ᠢ ᠭᠥᠯᠢᠶᠡᠨ ᠠᠪᠴᠤ ᠪᠣᠯᠬᠤ ᠥᠬᠡᠶ︔ ᠬᠡᠷᠪᠡ ᠲᠡᠭᠡᠷ᠎ᠡ ᠲᠤᠷᠠᠳᠤᠭᠰᠠᠨ ᠪᠠᠶᠢᠳᠠᠯ ᠢ ᠢᠯᠡᠷᠡᠬᠦᠯᠪᠡᠯ᠂ ᠰᠠᠭᠤᠭ᠎ᠠ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠪᠣᠯᠤᠨ ᠬᠤᠯᠪᠣᠭᠳᠠᠯ ᠪᠦᠬᠦᠢ ᠰᠠᠯᠠᠭ᠎ᠠ ᠮᠥᠴᠢᠷ ᠲᠤ ᠳᠠᠷᠤᠶᠢᠬᠠᠨ ᠮᠡᠳᠡᠭᠦᠯᠬᠦ ᠬᠡᠷᠡᠭᠲᠡᠶ᠃ ᠡᠯ᠎ᠡ ᠦᠵᠡᠮᠵᠢ ᠶᠢᠨ ᠣᠷᠣᠨ ︽ᠬᠡᠮᠵᠢᠶ᠎ᠡ ᠶᠢ ᠬᠢᠵᠠᠭᠠᠷᠯᠠᠬᠤ᠂ ᠤᠷᠢᠳᠴᠢᠯᠠᠨ ᠪᠣᠯᠵᠣᠬᠤ᠂ ᠣᠷᠭᠢᠯ ᠤᠨ ᠬᠤᠭᠤᠴᠠᠭ᠎ᠠ ᠶᠢ ᠵᠥᠷᠢᠭᠦᠯᠬᠦ︾ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ᠂ ᠤᠷᠢᠳᠴᠢᠯᠠᠨ ᠪᠣᠯᠵᠣᠬᠤ ᠲᠦᠷᠢᠮ ᠢ ᠪᠠᠶᠢᠩᠭᠤᠵᠢᠭᠤᠯᠵᠦ᠂ ᠵᠢᠭᠤᠯᠴᠢᠳ  ᠤᠨ ᠠᠮᠢᠳᠤᠯᠢᠭ ᠬᠠᠮᠢᠶᠠᠷᠤᠯᠳᠠ ᠶᠢᠨ ᠲᠦᠷᠢᠮ ᠢ ᠴᠢᠩᠭᠠᠳᠬᠠᠵᠤ᠂ ᠲᠤᠭᠤᠷᠢᠨ ᠵᠤᠭᠠᠴᠠᠬᠤ ᠪᠥᠬᠦ ᠶᠠᠪᠤᠴᠠ ᠳᠤ ᠠᠮᠠᠪᠴᠢ ᠵᠡᠭᠦᠬᠦ ᠶᠢ ᠰᠠᠨᠠᠭᠤᠯᠬᠤ ᠬᠡᠷᠡᠭᠲᠡᠶ᠃             ᠳᠥᠷᠪᠡ᠂ ᠤᠯᠠᠨ ᠬᠦᠮᠦᠨ ᠴᠤᠭᠯᠠᠷᠠᠬᠤ ᠠᠴᠠ ᠵᠠᠶᠢᠯᠠᠰᠬᠢᠬᠤ ᠬᠡᠷᠡᠭᠳᠡᠢ᠃ ᠡᠨᠡ ᠡᠳᠦᠷ ᠠᠴᠠ ᠡᠬᠢᠯᠡᠨ ᠤᠷᠤᠭ ᠬᠤᠷᠢᠮ ᠤᠨ ᠶᠠᠪᠤᠳᠠᠯ ᠢ ᠴᠥᠮ ᠬᠤᠶᠢᠰᠢᠯᠠᠭᠤᠯᠵᠤ᠂ ᠴᠠᠭᠠᠨ ᠤ ᠶᠠᠪᠤᠳᠠᠯ ᠢ ᠳᠥᠭᠦᠮᠴᠢᠯᠡᠵᠦ ︵50 ᠬᠥᠮᠦᠨ ᠢᠶᠠᠷ ᠬᠢᠵᠠᠭᠠᠷᠯᠠᠨ᠎ᠠ︶᠂ ᠪᠠᠶᠠᠷ ᠤᠨ ᠶᠣᠰᠣᠯᠠᠯ ᠢ ᠴᠥᠮ ᠵᠣᠭᠰᠣᠭᠠᠬᠤ ᠪᠥᠭᠡᠳ ᠬᠢᠯᠬᠡᠬᠦ ᠦᠭᠡᠢ᠃ ᠬᠠᠮᠳᠤ ᠶᠢᠨ ᠴᠤᠭᠯᠠᠭᠠᠨ ᠨᠡᠶᠢᠷ ᠤᠨ ᠰᠢᠷᠡᠭᠡ ᠶᠢ ᠪᠠᠭᠠᠰᠬᠠᠵᠤ᠂ ᠭᠡᠷ ᠪᠦᠯᠢ ᠶᠢᠨ ᠬᠤᠪᠢ ᠬᠥᠮᠦᠨ ᠤ ᠴᠤᠭᠯᠠᠭᠠᠨ ᠡᠷᠬᠢᠯᠡᠬᠦ ᠳᠤ ᠪᠠᠨ 10 ᠬᠥᠮᠦᠨ ᠠᠴᠠ ᠬᠡᠳᠦᠷᠡᠬᠦᠯᠵᠦ ᠪᠤᠯᠬᠤ ᠦᠬᠡᠢ᠃ ᠤᠨᠴᠠᠭᠠᠢ ᠴᠢᠬᠤᠯᠠ ᠦᠭᠡᠢ ᠪᠣᠯ ᠡᠯ᠎ᠡ ᠲᠦᠷᠦᠯ ᠤᠨ ᠲᠤᠮᠤ ᠬᠡᠯᠪᠡᠷᠢ ᠶᠢᠨ ᠬᠤᠷᠡᠯ ᠴᠤᠭᠯᠠᠭᠠᠨ ᠢ ᠡᠷᠬᠢᠯᠡᠬᠦ ᠦᠭᠡᠢ᠂ ᠦᠨᠡᠨ ᠬᠦ ᠡᠷᠬᠢᠯᠡᠬᠦ ᠴᠢᠬᠤᠯᠠᠲᠠᠢ ᠪᠣᠯ ︽ᠬᠡᠨ ᠭᠤᠣᠯᠯᠠᠨ ᠡᠷᠬᠢᠯᠡᠪᠡᠯ ᠬᠡᠨ ᠬᠠᠷᠢᠭᠤᠴᠠᠬᠤ︾᠂ ︽ᠬᠡᠨ ᠬᠢᠨᠠᠨ ᠵᠥᠪᠰᠢᠶᠡᠷᠡᠪᠡᠯ ᠬᠡᠨ ᠬᠠᠷᠢᠭᠤᠴᠠᠬᠤ︾ ᠲᠦᠷᠢᠮ ᠢ ᠪᠠᠷᠢᠮᠲᠠᠯᠠᠵᠤ᠂ ᠰᠡᠷᠭᠡᠶᠢᠯᠡᠨ ᠬᠤᠷᠢᠭᠯᠠᠬᠤ ᠭᠤᠣᠯ ᠴᠣᠭᠴᠠ ᠶᠢᠨ ᠬᠠᠷᠢᠭᠤᠴᠠᠯᠭ᠎ᠠ ᠪᠣᠯᠤᠨ ᠡᠯ᠎ᠡ ᠵᠦᠢᠯ  ᠤᠨ ᠰᠡᠷᠭᠡᠶᠢᠯᠡᠨ ᠬᠤᠷᠢᠭᠯᠠᠬᠤ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠵᠤ᠂ ᠬᠦᠮᠦᠨ ᠤ ᠲᠤᠭ᠎ᠠ ᠶᠢ ᠴᠢᠩᠭ᠎ᠠ ᠬᠢᠵᠠᠭᠠᠷᠯᠠᠵᠤ᠂ ᠪᠦᠬᠦ ᠶᠠᠪᠤᠴᠠ ᠳᠤ ᠠᠮᠤᠷ ᠲᠦᠪᠰᠢᠨ ᠤ ᠵᠠᠢ ᠶᠢ ᠪᠠᠲᠤᠯᠠᠵᠤ᠂ ᠬᠥᠮᠦᠰ ᠤᠨ ᠬᠤᠷᠠᠵᠤ ᠴᠤᠭᠯᠠᠷᠠᠬᠤ ᠴᠢᠨᠠᠷᠲᠠᠢ ᠠᠶᠤᠯ ᠲᠦᠭᠰᠢᠭᠦᠷᠢ ᠶᠢ ᠬᠠᠮᠤᠭ ᠤᠨ ᠶᠡᠭᠡ ᠬᠡᠮᠵᠢᠶ᠎ᠡ ᠪᠠᠷ ᠪᠠᠭᠠᠰᠬᠠᠬᠤ ᠬᠡᠷᠡᠭᠲᠡᠢ᠃             ᠲᠠᠪᠤ᠂ ᠬᠤᠪᠢ ᠬᠥᠮᠦᠨ ᠤ ᠬᠠᠮᠠᠭᠠᠯᠠᠯᠲᠠ ᠪᠠᠨ ᠴᠢᠩᠭᠠᠳᠬᠠᠬᠤ ᠬᠡᠷᠡᠭᠲᠡᠶ᠃ ᠥᠷᠭᠡᠨ ᠣᠯᠠᠨ ᠰᠠᠭᠤᠭᠠᠯᠢ ᠠᠷᠠᠳ ᠤᠬᠠᠮᠰᠠᠷ ᠠᠴᠠ ᠪᠠᠨ ᠡᠯ᠎ᠡ ᠵᠦᠶᠯ ᠤᠨ ᠬᠢᠵᠢᠭ ᠢ ᠰᠡᠷᠭᠡᠶᠢᠯᠡᠬᠦ ᠠᠷᠭ᠎ᠠ ᠬᠡᠮᠵᠢᠶ᠎ᠡ ᠶᠢ ᠰᠠᠶᠢᠲᠤᠷ ᠬᠡᠷᠡᠭᠵᠢᠭᠦᠯᠵᠦ᠂ ᠰᠣᠨᠣᠷ ᠰᠡᠷᠡᠮᠵᠢ ᠪᠠᠨ ᠳᠡᠭᠡᠭᠰᠢᠯᠡᠭᠦᠯᠵᠦ᠂ ᠬᠢᠵᠢᠭ ᠢ ᠰᠡᠷᠬᠡᠶᠢᠯᠡᠬᠦ ᠶᠢ ᠴᠠᠭ ᠢᠮᠠᠭᠲᠠ ᠠᠩᠬᠠᠷᠴᠤ᠂ ᠠᠮᠠᠪᠴᠢ ᠵᠡᠭᠦᠬᠦ᠂ ᠭᠠᠷ ᠢᠶᠠᠨ ᠦᠷᠭᠦᠯᠵᠢ ᠤᠬᠢᠶᠠᠬᠤ᠂ ᠦᠷᠭᠦᠯᠵᠢ ᠰᠠᠯᠬᠢ ᠨᠡᠪᠲᠡᠷᠡᠭᠦᠯᠬᠦ ᠶᠢ ᠪᠠᠷᠢᠮᠲᠠᠯᠠᠵᠤ᠂ 1 ᠮᠧᠲᠷ ᠠᠴᠠ ᠳᠡᠭᠡᠭᠰᠢᠬᠢ ᠵᠠᠶ ᠶᠢ ᠪᠠᠲᠤᠯᠠᠬᠤ ᠶᠢ ᠠᠩᠬᠠᠷᠴᠤ᠂ ᠡᠷᠡᠭᠦᠯ ᠮᠡᠨᠳᠦ ᠶᠢᠨ ᠨᠢᠭᠡᠳᠦᠭᠡᠷ ᠬᠠᠷᠢᠭᠤᠴᠠᠯᠭᠠᠲᠠᠨ ᠪᠣᠯᠬᠤ ᠬᠡᠷᠡᠭᠲᠡᠶ᠃ ᠬᠤᠪᠢ ᠬᠥᠮᠦᠨ ᠪᠠ ᠬᠡᠷ ᠤᠨ ᠬᠥᠮᠦᠰ ᠤᠨ ᠪᠡᠶ᠎ᠡ ᠮᠠᠬᠠᠪᠣᠳ ᠤᠨ ᠡᠷᠡᠭᠦᠯ ᠮᠡᠨᠳᠦ ᠶᠢᠨ ᠪᠠᠶᠢᠳᠠᠯ  ᠢ ᠴᠠᠭ ᠢᠮᠠᠭᠲᠠ ᠠᠩᠬᠠᠷᠴᠤ᠂ ᠬᠠᠯᠠᠭᠤᠷᠠᠬᠤ᠂ ᠬᠠᠨᠢᠶᠠᠬᠤ᠂ ᠬᠤᠭᠤᠯᠠᠶ ᠡᠪᠡᠳᠬᠦ᠂ ᠲᠠᠮᠢᠷᠳᠠᠬᠤ᠂ ᠦᠨᠦᠷᠯᠡᠬᠦ ᠰᠡᠷᠡᠯ ᠮᠠᠭᠤᠳᠠᠬᠤ᠂ ᠰᠠᠭᠤᠯᠭᠠᠬᠤ ᠵᠡᠷᠭᠡ ᠡᠪᠡᠳᠴᠢᠨ ᠤ ᠪᠠᠶᠢᠳᠠᠯ ᠢᠯᠡᠷᠡᠪᠡᠯ᠂ ᠠᠮᠠᠪᠴᠢ ᠵᠡᠭᠦᠬᠦ ᠶᠢ ᠵᠢᠷᠤᠮᠵᠢᠭᠤᠯᠬᠤ ᠶᠢᠨ ᠬᠠᠮᠲᠤ ᠴᠠᠭ ᠲᠤᠬᠠᠶ ᠳᠤᠨᠢ ᠬᠤᠰᠢᠭᠤᠨ ᠤ ᠡᠮᠨᠡᠯᠭᠡ ᠶᠢᠨ ᠬᠤᠷᠢᠶᠠᠨ ᠤ ᠬᠠᠯᠠᠭᠤᠷᠠᠭᠰᠠᠨ ᠡᠪᠡᠳᠴᠢᠳᠠᠨ ᠢ ᠡᠮᠴᠢᠯᠡᠬᠦ ᠡᠭᠦᠳᠡᠨ ᠡᠮᠨᠡᠯᠭᠡ ᠳᠤ ᠬᠦᠷᠴᠦ ᠡᠷᠡᠭᠦᠯ ᠮᠡᠨᠳᠦ ᠶᠢᠨ ᠪᠠᠶᠢᠴᠠᠭᠠᠯᠲᠠ ᠬᠢᠬᠦ ᠶᠢᠨ ᠬᠠᠮᠲᠤ᠂ ᠬᠤᠪᠢ ᠬᠥᠮᠦᠨ ᠤ ᠶᠠᠪᠤᠵᠦ ᠰᠠᠭᠤᠭᠰᠠᠨ ᠵᠠᠮ ᠮᠦᠷ ᠪᠠ ᠣᠶᠢᠷᠠᠲᠤᠭᠰᠠᠨ ᠬᠦᠮᠦᠰ ᠤᠨ ᠪᠠᠶᠢᠳᠠᠯ ᠢᠶᠠᠨ ᠦᠨᠡᠨ ᠮᠥᠨ ᠢᠶᠠᠷ ᠨᠢ ᠮᠡᠳᠡᠭᠳᠡᠵᠦ᠂ ᠡᠪᠡᠳᠴᠢᠨ ᠦᠵᠡᠭᠦᠯᠬᠦ ᠵᠠᠮ ᠵᠠᠭᠤᠷ᠎ᠠ ᠪᠠᠨ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠳᠤ ᠰᠠᠭᠤᠬᠤ ᠠᠴᠠ ᠵᠠᠶᠢᠯᠠᠰᠬᠢᠬᠦ ᠬᠡᠷᠡᠭᠲᠡᠶ᠃             ᠵᠢᠷᠭᠤᠭ᠎ᠠ᠂ ᠸᠠᠺᠼᠢᠨ ᠢ ᠴᠠᠭ ᠲᠤᠬᠠᠶ ᠳᠤᠨᠢ ᠲᠠᠷᠢᠬᠤ ᠬᠡᠷᠡᠭᠲᠡᠶ᠃ ᠰᠢᠨ᠎ᠡ ᠲᠢᠲᠢᠮᠯᠢᠭ ᠸᠢᠷᠦ᠋ᠰ  ᠤᠨ ᠸᠠᠺᠼᠢᠨ ᠤ ᠲᠠᠷᠢᠯᠭ᠎ᠠ ᠬᠢᠬᠦ ᠪᠣᠯ ᠣᠳᠣᠬᠠᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠢ ᠰᠡᠷᠬᠡᠶᠢᠯᠡᠬᠦ ᠬᠠᠮᠤᠭ ᠤᠨ ᠪᠦᠲᠦᠮᠵᠢᠲᠡᠶ ᠠᠷᠭ᠎ᠠ ᠪᠠᠷᠢᠯ ᠪᠣᠯᠤᠨ᠎ᠠ᠃ ᠤᠯᠤᠰ᠂ ᠥᠪᠡᠷᠲᠡᠭᠡᠨ ᠵᠠᠰᠠᠬᠤ ᠣᠷᠣᠨ᠂ ᠰᠢᠯᠢ ᠶᠢᠨ ᠭᠤᠤᠯ ᠠᠶᠢᠮᠠᠭ ᠤᠨ ᠬᠤᠯᠪᠣᠭᠳᠠᠯ ᠪᠥᠬᠦᠶ ᠱᠠᠭᠠᠷᠳᠠᠯᠭ᠎ᠠ ᠶᠢ ᠦᠨᠳᠦᠰᠦᠯᠡᠨ᠂ ᠮᠠᠨ ᠤ ᠬᠤᠰᠢᠭᠤ ᠨᠢᠭᠡᠨᠲᠡ ᠭᠤᠷᠪᠠᠳᠤᠭᠠᠷ ᠤᠳᠠᠭᠠᠨ ᠤ ᠰᠢᠨ᠎ᠡ ᠲᠢᠲᠢᠮᠯᠢᠭ ᠸᠢᠷᠦ᠋ᠰ ᠤᠨ ᠢᠳᠡᠪᠬᠢ ᠥᠬᠡᠶᠢᠳᠡᠭᠦᠯᠦᠭᠰᠡᠨ ᠸᠠᠺᠼᠢᠨ ︵ᠴᠢᠩᠭᠠᠳᠬᠠᠬᠤ ᠲᠠᠷᠢᠯᠭ᠎ᠠ︶ ᠤ ᠲᠠᠷᠢᠯᠭ᠎ᠠ ᠶᠢᠨ ᠠᠵᠢᠯ ᠢ ᠡᠬᠢᠯᠡᠭᠦᠯᠪᠡ᠃ ᠬᠤᠶᠠᠳᠤᠭᠠᠷ ᠤᠳᠠᠭᠠᠨ ᠤ ᠲᠠᠷᠢᠯᠭ᠎ᠠ ᠪᠠᠨ ᠬᠢᠯᠬᠡᠬᠡᠳ 6 ᠰᠠᠷ᠎ᠠ ᠪᠤᠯᠤᠭᠰᠠᠳ ︵ᠢᠳᠡᠪᠬᠢ ᠥᠬᠡᠶᠢᠳᠡᠭᠦᠯᠬᠦ ᠸᠠᠺᠼᠢᠨ ᠤ ᠬᠤᠶᠠᠳᠤᠭᠠᠷ ᠲᠠᠷᠢᠯᠭ᠎ᠠ ᠬᠢᠭᠰᠡᠨ ᠡᠳᠦᠷ ᠬᠤᠭᠤᠴᠠᠭ᠎ᠠ ᠪᠠᠷ ᠪᠠᠷᠢᠮᠵᠢᠶ᠎ᠠ ᠪᠣᠯᠭᠠᠨ᠎ᠠ︶ ᠦᠪᠡᠷ ᠤᠨ ᠤᠬᠠᠮᠰᠠᠷ ᠠᠴᠠ ᠪᠠᠨ ᠶᠤᠸᠠᠨ ᠹᠦ᠋ ᠴᠡᠴᠡᠷᠯᠢᠭ ᠤᠨ ᠪᠡᠶ᠎ᠡ  ᠶᠢᠨ ᠲᠠᠮᠢᠷ ᠤᠨ ᠣᠷᠳᠣᠨ ᠳᠤ ᠬᠦᠷᠴᠦ ᠴᠢᠩᠭᠠᠳᠬᠠᠬᠤ ᠲᠠᠷᠢᠯᠭ᠎ᠠ ᠪᠠᠨ ᠲᠡᠷᠢᠭᠤᠯᠵᠦ᠂ ᠬᠠᠮᠤᠭ ᠤᠨ ᠰᠠᠶᠢᠨ ᠬᠠᠮᠠᠭᠠᠯᠠᠬᠤ ᠦᠷ᠎ᠡ ᠪᠦᠲᠦᠮᠵᠢ ᠤᠯᠬᠤ ᠶᠢ ᠪᠠᠲᠤᠯᠠᠭᠠᠷᠠᠶ᠃ ᠲᠠᠷᠢᠯᠭ᠎ᠠ ᠬᠢᠬᠦ ᠴᠡᠭ ᠨᠢ ᠲᠠᠷᠢᠯᠭ᠎ᠠ ᠬᠢᠯᠬᠡᠬᠦ ᠪᠠᠷ ᠤᠴᠢᠭᠰᠠᠳ ᠤᠨ ᠬᠠᠮᠢᠶᠠᠷᠤᠯᠲᠠ ᠶᠢ ᠴᠢᠩᠭᠠᠳᠬᠠᠵᠤ᠂ ᠬᠥᠮᠦᠨ ᠬᠠᠷ᠎ᠠ ᠬᠤᠷᠠᠨ ᠴᠤᠭᠯᠠᠷᠠᠬᠤ ᠠᠴᠠ ᠵᠠᠶᠢᠯᠠᠰᠬᠢᠬᠦ ᠬᠡᠷᠡᠭᠲᠡᠶ᠃              ᠲᠤᠰ ᠠᠯᠪᠠᠨ ᠵᠠᠷᠯᠠᠯ ᠢ ᠨᠡᠶᠢᠳᠡᠯᠡᠭᠰᠡᠨ ᠡᠳᠦᠷ ᠠᠴᠠ ᠡᠬᠢᠯᠡᠵᠦ ᠬᠡᠷᠡᠭᠵᠢᠬᠦᠯᠦᠨ᠎ᠠ᠃ ᠬᠡᠷᠪᠡ ᠲᠤᠰ ᠠᠯᠪᠠᠨ ᠵᠠᠷᠯᠠᠯ ᠢ ᠵᠦᠷᠢᠴᠡᠵᠦ ᠬᠢᠵᠢᠭ ᠢ ᠲᠡᠷᠬᠠᠭᠠᠨ ᠲᠡᠯᠬᠡᠷᠡᠬᠦᠯᠪᠡᠯ᠂ ᠬᠠᠮᠢᠶ᠎ᠠ ᠪᠦᠬᠦᠢ ᠪᠠᠶᠢᠭᠤᠯᠭ᠎ᠠ ᠨᠢᠬᠡᠴᠡ ᠪᠤᠶᠤ ᠬᠤᠪᠢ ᠬᠦᠮᠦᠨ ᠠᠴᠠ ᠬᠠᠤᠯᠢ ᠶᠢᠨ ᠬᠠᠷᠢᠭᠤᠴᠠᠯᠭ᠎ᠠ ᠨᠡᠬᠡᠮᠵᠢᠯᠡᠨ᠎ᠡ᠃              ᠬᠢᠨᠠᠯᠳᠠ ᠲᠠᠯᠪᠢᠬᠤ ᠤᠳᠠᠰᠤ᠄ ᠰᠢᠯᠤᠭᠤᠨ ᠬᠦᠬᠡ ᠬᠤᠰᠢᠭᠤᠨ ᠤ ᠡᠷᠡᠬᠦᠯ ᠬᠠᠮᠠᠭᠠᠯᠠᠯ ᠡᠷᠡᠬᠦᠯ ᠮᠠᠨᠳᠤ ᠶᠢᠨ ᠵᠦᠪᠯᠠᠯ᠄ 0479 —4224480              ᠰᠢᠯᠤᠭᠤᠨ ᠬᠦᠬᠡ ᠬᠤᠰᠢᠭᠤᠨ ᠤ ᠬᠢᠵᠢᠭ ᠢ ᠰᠡᠷᠬᠡᠶᠢᠯᠡᠬᠦ ᠲᠦᠪ᠄ 0479 —4222907  ᠰᠢᠯᠤᠭᠤᠨ ᠬᠦᠬᠡ ᠬᠤᠰᠢᠭᠤᠨ ᠤ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠭᠰᠠᠨ  ᠠᠭᠤᠰᠬᠢᠨ ᠦᠷᠪᠢᠰᠦᠯ ᠢ ᠰᠡᠷᠬᠡᠶᠢᠯᠡᠨ ᠬᠤᠷᠢᠭᠯᠠᠬᠤ ᠠᠵᠢᠯ ᠤᠨ ᠵᠢᠯᠤᠭᠤᠳᠬᠤ ᠬᠡᠯᠳᠡᠰ                    2021 ᠤᠨ ᠤ 10 ᠰᠠᠷ᠎ᠠ ᠶᠢᠨ 24 ᠤ ᠡᠳᠦᠷ ᠮᠦᠳᠡᠭ ᠣᠷᠴᠢᠭᠤᠯᠣᠨ ᠬᠢᠨᠠᠪᠠ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠬᠠᠮ ᠵᠠᠭᠣᠴᠢᠯᠠᠭᠣᠷ ᠤᠨ ᠲᠦᠪ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号